ᠨᠠᠮᠤᠷ ᠤᠨ ᠬᠠᠳᠤᠯᠠᠩ
ᠨᠡᠶᠢᠲᠡᠯᠡᠭᠰᠡᠨ ᠴᠠᠭ᠄
2018/10/26
                  ᠴᠢ᠊᠂ ᠵᠠᠮᠰᠤ ᠡᠪᠡᠰᠦᠨ ᠤ ᠪᠡᠯ ᠳᠤ ᠬᠢᠳᠤᠭ᠎ᠠ ᠮᠤᠬᠤᠵᠤ ᠡᠷ᠎ᠡ ᠶᠢᠨ ᠴᠢᠳᠠᠯ ᠳᠤ ᠲᠠᠯ᠎ᠠ ᠲᠠᠯᠪᠢᠭᠤᠷᠠᠵᠤ ᠠᠵᠢᠯᠴᠢ ᠤᠮᠤᠭ ᠲᠤ ᠨᠢ ᠨᠠᠷᠠ ᠶᠠᠳᠠᠷᠠᠵᠤ ᠬᠤᠷᠴᠠ ᠢᠷ ᠲᠤ ᠨᠢ ᠬᠢᠮᠤᠰᠤ ᠲᠤᠭᠯᠠᠵᠤ ᠡᠷ᠎ᠠ᠂ ᠬᠢᠲᠤᠭ᠎ᠠ᠂ ᠪᠢᠯᠡᠬᠦᠤ ᠡᠭᠡᠷᠡᠮ᠎ᠡ ᠲᠠᠯ᠎ᠠ ᠶᠢ ᠨᠠᠮᠤᠷᠵᠢᠶ᠎ᠠ ᠳᠤ ᠪᠠᠨ ᠡᠪᠬᠡᠨ᠎ᠡ ᠡᠨᠡ ᠨᠠᠮᠤᠷ ᠤᠨ ᠬᠠᠳᠤᠯᠠᠩ ᠲᠠᠯ᠎ᠠ ᠮᠢᠳᠠᠶᠢᠲᠠᠯ᠎ᠠ ᠤᠨᠠᠨ᠎ᠠ ᠢᠷᠡᠬᠦ ᠬᠠᠪᠤᠷ ᠤᠨ ᠲᠦᠯ ᠳᠡᠯᠡᠬᠡᠢ ᠲᠠᠶᠢᠪᠠᠯᠵᠠᠲᠠᠯ᠎ᠠ ᠲᠤᠭᠯᠠᠨ᠎ᠠ ᠤᠷᠭᠤᠯᠲᠠ ᠰᠠᠶᠢᠨ ᠲᠠᠢ ᠬᠠᠳᠤᠯᠠᠩ ᠤᠨᠳᠤᠢ ᠰᠤᠨᠳᠤᠢ ᠬᠤᠷᠢᠶᠠᠯᠭ᠎ᠠ ᠰᠠᠶᠢᠨ ᠲᠠᠢ ᠠᠯᠢᠰᠤ ᠤᠮᠪᠤ ᠴᠤᠮᠪᠤ ᠲᠡᠭᠡᠭᠡᠰᠢ ᠰᠠᠶᠢᠠ ᠲᠠᠢ ᠲᠡᠷᠭᠡ ᠲᠦᠨᠲᠦᠭᠡ ᠲᠠᠨᠲᠠᠭ᠎ᠠ ᠲᠡᠩᠭᠡᠭᠡ ᠰᠠᠶᠢᠨ ᠲᠠᠢ ᠡᠷ᠎ᠠ ᠬᠡᠶᠢᠮᠤᠷᠢ ᠪᠤᠰᠤᠭ᠎ᠠ ᠲᠡᠪᠡᠯ ᠲᠠᠢ ᠮᠤᠩᠭᠤᠯ ᠡᠷ᠎ᠡ ᠰᠦᠯᠲᠡ ᠵᠤᠭᠰᠤᠭ᠎ᠠ ᠭᠤᠵᠤᠶᠢᠵᠤ ᠴᠠᠶᠢᠷᠠᠭᠰᠠᠨ ᠨᠢ ᠦᠵᠢᠯ ᠲᠠᠯ᠎ᠠ ᠳᠤ ᠪᠠᠨ ᠰᠢᠮ᠎ᠡ ᠭᠤᠬᠠᠳᠠᠭᠳᠠᠵᠤ ᠬᠠᠳᠤᠭᠳᠠᠭᠰᠠᠨ ᠨᠢ ᠦᠯ ᠮᠠᠯ ᠳᠤ ᠪᠠᠨ ᠰᠢᠮ᠎ᠡ ᠬᠦᠯᠦᠰᠦᠨ ᠤ ᠦᠨᠦᠷ ᠲᠤ ᠨᠢ ᠡᠷᠪᠡᠬᠡᠢ ᠪᠦᠵᠢᠭᠯᠡᠵᠤ ᠬᠦᠮᠦᠨ ᠤ ᠦᠨᠦᠷ ᠲᠤ ᠨᠢ ᠠᠮᠢᠳᠤᠷᠠᠯ ᠮᠦᠰᠢᠶᠡᠨ᠎ᠡ ᠨᠠᠮᠤᠷ ᠤᠨ ᠡᠪᠡᠰᠤ ᠬᠠᠪᠤᠷ ᠲᠤ ᠪᠠᠨ ᠤᠷᠬᠤᠲᠠᠢ ᠬᠦᠳᠡᠯᠮᠦᠷᠢᠴᠢ ᠡᠷ᠎ᠡ ᠪᠦᠰᠡᠭᠦᠢ ᠳᠤ ᠪᠠᠨ ᠤᠷᠬᠤᠲᠠᠢ ᠴᠡᠯᠭᠡᠷ ᠲᠠᠯ᠎ᠠ ᠶᠢ ᠴᠤ ᠡᠭᠦᠷᠦᠨ᠎ᠡ ᠴᠡᠩᠭᠡᠯᠲᠦ ᠠᠮᠢᠳᠤᠷᠠᠯ ᠢᠶᠠᠨ ᠴᠦ ᠡᠬᠦᠷᠦᠨ᠎ᠡ᠃                                2018 ᠤᠨ ᠤ 10 ᠰᠠᠷ᠎ᠠ ᠶᠢᠨ 22 ᠤ ᠡᠳᠦᠷ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号