ᠵᠢᠷᠭᠠᠯ ᠤᠨ ᠭᠡᠷᠡᠯ ᠰᠠᠴᠤᠷᠠᠩᠭᠤᠶ ᠠᠮᠵᠢᠯᠲᠠ ᠪᠦᠲᠦᠮᠵᠢ ᠶᠢ ᠬᠡᠰᠡᠭ ᠡᠷᠬᠢᠴᠡᠭᠦᠯᠦᠭᠰᠡᠨ ᠨᠢ
ᠨᠡᠶᠢᠲᠡᠯᠡᠭᠰᠡᠨ ᠴᠠᠭ᠄
2020/7/6
   ᠵᠢᠷᠭᠠᠯ ᠪᠣᠯ ᠬᠢᠩᠭᠠᠨ ᠠᠶᠢᠮᠠᠭ ᠤᠨ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠠᠷᠠᠳ ᠤᠨ ᠵᠠᠰᠠᠭ  ᠤᠨ ᠤᠷᠳᠤᠨ ᠤ ᠠᠩᠬᠠᠳᠠᠭᠴᠢ ᠬᠤᠰᠢᠭᠤᠨ ᠳᠠᠷᠤᠭ᠎ᠠ ᠪᠣᠯᠤᠨ᠎ᠠ  ᠃ 1948 ᠣᠨ ᠤ 11 ᠰᠠᠷ᠎ᠠ ᠳᠤ ᠬᠢᠩᠭᠠᠨ ᠠᠶᠢᠮᠠᠭ ᠤᠨ ᠵᠠᠰᠠᠭ ᠤᠨ ᠣᠷᠳᠣᠨ ᠪᠠᠶᠢᠭᠤᠯᠤᠭᠳᠠᠵᠤ᠂ ᠲᠡᠷᠡ ᠪᠠᠰᠠ ᠠᠩᠬᠠᠳᠠᠭᠴᠢ ᠠᠶᠢᠮᠠᠭ ᠤᠨ ᠳᠠᠷᠤᠭ᠎ᠠ ᠪᠠᠶᠢᠪᠠ ᠃ ᠲᠡᠷᠡ ᠬᠦᠯᠦᠨ ᠪᠤᠶᠢᠷ ᠠᠶᠢᠮᠠᠭ ᠤᠨ ᠨᠠᠮ ᠤᠨ ᠬᠤᠷᠢᠶᠠᠨ ᠤ ᠱᠦᠵᠢ᠂ ᠠᠶᠢᠮᠠᠭ ᠤᠨ ᠳᠠᠷᠤᠭ᠎ᠠ᠂ ᠤᠯᠤᠰ ᠤᠨ ᠤᠢ ᠰᠢᠭᠤᠢ ᠶᠢᠨ ᠲᠣᠪᠴᠢᠶᠠᠨ ᠤ ᠶᠡᠭᠡ ᠬᠢᠩᠭᠠᠨ ᠳᠠᠪᠠᠭ᠎ᠠ ᠶᠢᠨ ᠤᠢ ᠰᠢᠭᠤᠢ ᠶᠢᠨ ᠬᠠᠮᠢᠶᠠᠷᠤᠯᠲᠠ ᠶᠢᠨ ᠲᠣᠪᠴᠢᠶᠠᠨ ᠤ ᠱᠦᠵᠢ ᠪᠥᠭᠡᠳ ᠲᠣᠪᠴᠢᠶᠠᠨ ᠳᠠᠷᠤᠭ᠎ᠠ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠤ ᠳᠡᠳ᠋ ᠲᠡᠷᠢᠭᠦᠯᠡᠭᠴᠢ᠂ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶᠠᠨ  ᠤ ᠳᠡᠳ᠋ ᠱᠦᠵᠢ᠂ ᠲᠠᠪᠤᠳᠤᠭᠠᠷ ᠬᠤᠭᠤᠴᠠᠭᠠᠨ ᠤ ᠪᠦᠬᠦ ᠤᠯᠤᠰ ᠤᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠲᠥᠯᠥᠭᠡᠯᠡᠭᠴᠢ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠲᠥᠪ ᠬᠤᠷᠢᠶᠠᠨ ᠤ ᠰᠠᠬᠢᠯᠭ᠎ᠠ ᠪᠠᠲᠤ ᠪᠠᠶᠢᠴᠠᠭᠠᠬᠤ ᠬᠤᠷᠢᠶᠠᠨ ᠤ ᠭᠡᠰᠢᠭᠦᠨ ᠪᠠᠶᠢᠪᠠ᠃ ᠲᠡᠷᠡ ᠪᠣᠯ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ  ᠤ ᠨᠠᠮ ᠪᠣᠯᠤᠨ ᠵᠠᠰᠠᠭ ᠤᠨ ᠣᠷᠳᠣᠨ ᠤ ᠠᠬᠠᠮᠠᠳ ᠨᠢᠭᠡ ᠦᠶ᠎ᠡ ᠶᠢᠨ ᠤᠳᠤᠷᠢᠳᠬᠤ ᠬᠥᠮᠦᠨ ᠮᠥᠨ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠪᠠᠶᠢᠭᠤᠯᠤᠭᠳᠠᠬᠤ ᠪᠠ ᠬᠥᠭᠵᠢᠬᠦ ᠳᠤ ᠯᠤᠲᠤ ᠶᠡᠭᠡ ᠬᠤᠪᠢ ᠨᠡᠮᠡᠷᠢ ᠦᠵᠡᠭᠦᠯᠵᠡᠢ᠃ ᠲᠡᠭᠦᠨ ᠤ ᠭᠡᠷᠡᠯ ᠰᠠᠴᠤᠷᠠᠩᠭᠤᠢ ᠭᠠᠪᠢᠶ᠎ᠠ ᠵᠢᠳᠬᠦᠯ ᠢ ᠨᠢ ᠲᠤᠬᠠᠢ ᠶᠢᠨ ᠭᠠᠵᠠᠷ ᠤᠨ ᠺᠠᠳ᠋ᠷ ᠪᠠ ᠤᠯᠠᠨ ᠲᠦᠮᠡᠨ ᠦᠯᠢᠭᠡᠷ ᠪᠣᠯᠭᠠᠨ ᠨᠠᠶᠢᠷᠠᠭᠤᠯᠵᠤ᠂ ᠥᠷᠭᠡᠨ ᠢᠶᠠᠷ ᠤᠯᠠᠮᠵᠢᠯᠠᠭᠳᠠᠪᠠ᠃ 1946 ᠣᠨ ᠤ 6 ᠰᠠᠷ᠎ᠠ  ᠳᠤ᠂ ᠪᠢ ᠵᠡᠭᠦᠨ ᠮᠣᠩᠭᠤᠯ ᠤᠨ ᠴᠡᠷᠢᠭ ᠵᠠᠰᠠᠭ ᠤᠨ ᠺᠠᠳ᠋ᠷ ᠤᠨ ᠰᠤᠷᠭᠠᠭᠤᠯᠢ ᠠᠴᠠ ᠲᠡᠭᠦᠰᠦᠭᠰᠡᠨ ᠤ ᠳᠠᠷᠠᠭ᠎ᠠ ᠥᠪᠥᠷ ᠮᠣᠩᠭᠤᠯ ᠤᠨ ᠥᠪᠡᠷᠲᠡᠭᠡᠨ ᠵᠠᠰᠠᠬᠤ ᠬᠥᠳᠡᠯᠭᠡᠭᠡᠨ ᠤ ᠬᠤᠯᠪᠣᠭᠠᠲᠤ ᠬᠤᠷᠠᠯ ᠤᠨ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠰᠠᠯᠪᠤᠷᠢ ᠡᠪᠯᠡᠯ ᠳᠤ ᠬᠤᠪᠢᠶᠠᠭᠳᠠᠨ ᠬᠦᠷᠴᠦ ᠵᠠᠯᠠᠭᠤᠴᠤᠳ ᠤᠨ ᠠᠵᠢᠯ ᠢ ᠬᠢᠪᠡ᠃ ᠬᠤᠰᠢᠭᠤᠨ ᠤ ᠰᠠᠯᠪᠤᠷᠢ ᠬᠤᠷᠠᠯ ᠤᠨ ᠰᠠᠭᠤᠭ᠎ᠠ ᠭᠠᠵᠠᠷ ᠨᠢ ᠸᠠᠩ ᠤᠨ ᠰᠦᠮ᠎ᠡ ︵ᠤᠳᠤ ᠶᠢᠨ ᠤᠯᠠᠭᠠᠨᠬᠤᠲᠠ︶ ᠶᠢᠨ ᠵᠡᠭᠦᠨ ᠡᠮᠦᠨ᠎ᠡ ᠬᠡᠰᠡᠭ ᠲᠤ ᠪᠤᠢ᠃ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠪᠠᠶᠢᠭᠤᠯᠭ᠎ᠠ ᠪᠣᠯᠤᠨ ᠬᠤᠰᠢᠭᠤᠨ ᠤ ᠵᠠᠰᠠᠭ ᠤᠨ ᠣᠷᠳᠣᠨ ᠤ ᠤᠳᠤᠷᠢᠳᠬᠤ ᠬᠥᠮᠦᠰ ᠤᠨ ᠭᠡᠷ ᠪᠦᠯᠢ ᠨᠢ ᠪᠦᠷ ᠠᠳᠡ ᠪᠠᠶᠢᠳᠠᠭ᠃ ᠮᠢᠨᠦ ᠴᠡᠭᠡᠵᠢᠯᠡᠵᠦ ᠪᠠᠶᠢᠬᠤ ᠪᠠᠷ  ᠵᠢᠷᠭᠠᠯ ᠳᠠᠷᠤᠭ᠎ᠠ ᠶᠢᠨ ᠭᠡᠷ ᠤᠨ ᠡᠭᠦᠳᠡᠨ ᠡᠮᠦᠨ᠎ᠡ ᠵᠦᠩᠳᠡᠭᠡᠨ ᠨᠢᠭᠡ ᠮᠣᠷᠢ ᠤᠶᠠᠬᠤ ᠪᠠᠭᠠᠨ᠎ᠠ ᠪᠠᠶᠢᠳᠠᠭ᠂ ᠦᠷᠭᠦᠯᠵᠢ ᠬᠤᠶᠠᠷ ᠰᠠᠷᠠᠯ ᠮᠣᠷᠢ ᠤᠶᠠᠳᠠᠭ᠂ ᠬᠥᠮᠦᠰ ᠡᠨᠡ ᠬᠤᠶᠠᠷ ᠮᠣᠷᠢ ᠪᠣᠯ ᠵᠢᠷᠭᠠᠯ ᠳᠠᠷᠤᠭ᠎ᠠ ᠪᠣᠯᠤᠨ ᠲᠡᠭᠦᠨ ᠤ ᠬᠠᠮᠠᠭᠠᠯᠠᠭᠴᠢ ᠳᠤ ᠶᠡᠭᠡ ᠭᠠᠪᠢᠶ᠎ᠠ ᠪᠠᠶᠢᠭᠤᠯᠤᠭᠰᠠᠨ ᠮᠣᠷᠢ ᠭᠡᠵᠦ ᠦᠷᠭᠦᠯᠵᠢ ᠶᠠᠷᠢᠳᠠᠭ᠃ ᠬᠥᠮᠦᠰ ᠪᠠᠰᠠ ᠵᠢᠷᠭᠠᠯ ᠳᠠᠷᠤᠭ᠎ᠠ ᠶᠢᠨ ᠮᠣᠷᠢ ᠤᠨᠤᠬᠤ ᠮᠡᠷᠭᠡᠵᠢᠯ ᠨᠢ ᠬᠢᠷᠢ ᠵᠡᠷᠭᠡ ᠶᠢᠨ ᠪᠣᠯᠪᠠᠰᠤᠷᠠᠩᠭᠤᠶ ᠬᠡᠬᠦ ᠮᠡᠲᠦ ᠪᠠᠷ ᠶᠠᠷᠢᠯᠴᠠᠳᠠᠭ᠂ ᠲᠡᠷᠠ ᠪᠠᠶᠢᠯᠳᠤᠭᠠᠨ ᠤ ᠳᠤᠮᠳᠠ᠂ ᠮᠣᠷᠢᠨ ᠳᠡᠭᠡᠷ᠎ᠡ ᠬᠦᠯ ᠲᠠᠰᠢᠭᠤᠯᠤᠨ ᠪᠡᠶ᠎ᠡ ᠬᠠᠯᠬᠠᠯᠠᠵᠤ᠂ ᠮᠣᠷᠢᠨ ᠤ ᠪᠠᠨ ᠨᠢᠭᠡ ᠲᠠᠯ᠎ᠠ ᠳᠤ ᠬᠥᠨᠳᠡᠯᠡᠨ ᠨᠢᠭᠤᠭᠳᠠᠵᠤ᠂ ᠳᠠᠶᠢᠰᠤᠨ ᠵᠥᠪᠬᠡᠨ ᠮᠣᠷᠢ ᠭᠦᠶᠦᠵᠦ ᠪᠠᠶᠢᠬᠤ ᠶᠢ ᠯᠡ ᠣᠯᠵᠤ ᠬᠠᠷᠠᠭᠠᠳ ᠡᠵᠡᠨ ᠢ ᠨᠢ ᠬᠠᠷᠢᠨ ᠣᠯᠵᠤ ᠦᠵᠡᠬᠦ ᠦᠭᠡᠢ ᠰᠠᠨ᠂ ᠢᠩᠭᠢᠭᠡᠳ ᠲᠡᠷᠡ ᠳᠠᠶᠢᠰᠤᠨ ᠤ ᠵᠢᠭᠰᠠᠭᠠᠯ ᠤᠨ ᠳᠤᠮᠳᠠᠭᠤᠷ ᠰᠤᠮᠤ ᠮᠡᠲᠦ ᠰᠢᠪᠲᠤᠯᠤᠨ ᠤᠷᠤᠵᠤ ᠬᠠᠷᠴᠠᠭᠠᠢ ᠮᠡᠲᠦ ᠲᠠᠭᠠᠷᠢᠨ ᠭᠠᠷᠴᠤ᠂ ᠥᠴᠦᠬᠡᠨ ᠴᠦ  ᠰᠢᠷᠬ᠎ᠠ ᠤᠯᠬᠤ ᠦᠭᠡᠢ ᠪᠠᠶᠢᠳᠠᠭ᠃ ᠪᠢ ᠵᠢᠷᠭᠠᠯ ᠳᠠᠷᠤᠭ᠎ᠠ ᠶᠢᠨ ᠲᠤᠬᠠᠢ ᠮᠠᠰᠢ ᠣᠯᠠᠨ ᠦᠯᠢᠭᠡᠷ ᠢ ᠣᠯᠵᠤ ᠰᠤᠨᠤᠰᠤᠭᠰᠠᠨ ᠮᠦᠷᠲᠡᠭᠡᠨ ᠭᠦᠨ ᠨᠦᠯᠦᠭᠡᠯᠡᠭᠳᠡᠵᠠᠢ᠂ ᠵᠢᠷᠭᠠᠯ ᠭᠤᠸᠠᠢ ᠮᠢᠨᠦ ᠰᠡᠳᠬᠢᠯ ᠳᠤᠲᠤᠷ᠎ᠠ ᠳᠣᠮᠣᠭᠲᠤ ᠪᠠᠭᠠᠲᠤᠷ ᠤᠨ ᠰᠢᠨᠵᠢ ᠲᠠᠢ ᠬᠤᠰᠢᠭᠤᠨ ᠳᠠᠷᠤᠭ᠎ᠠ ᠪᠣᠯᠵᠠᠢ︕    ︽ᠭᠤᠷᠪᠠᠨ ᠰᠤᠳᠤᠨ︾ ᠡᠪ ᠬᠠᠮᠲᠤ ᠨᠠᠮ ᠢ ᠰᠣᠩᠭᠤᠪᠠ    ᠲᠤᠬᠠᠢ ᠶᠢᠨ ᠦᠶ᠎ᠡ ᠳᠤ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠬᠤᠰᠢᠭᠤᠨ ᠳᠠᠷᠤᠭ᠎ᠠ ᠵᠢᠷᠭᠠᠯ᠂ ᠬᠤᠰᠢᠭᠤᠨ ᠤ ᠵᠠᠰᠠᠭ ᠤᠨ ᠣᠷᠳᠣᠨ ᠤ ᠳᠣᠲᠣᠭᠠᠳᠤ ᠰᠡᠷᠭᠡᠶᠢᠯᠡᠯᠲᠡ  ᠶᠢᠨ ᠰᠠᠯᠠᠭᠠᠨ ᠳᠠᠷᠤᠭ᠎ᠠ  ᠪᠤᠶᠠᠨᠪᠠᠲᠤ᠂ ᠬᠤᠰᠢᠭᠤᠨ ᠤ ᠵᠠᠰᠠᠭ ᠤᠨ ᠣᠷᠳᠣᠨ ᠤ ᠠᠵᠢᠯᠳᠠᠨ ᠤ ᠶᠠᠪᠤᠳᠠᠯ᠂ ᠶᠡᠷᠦᠩᠬᠡᠢ ᠶᠠᠪᠤᠳᠠᠯ ᠤᠨ ᠲᠠᠰᠤᠭ ᠤᠨ ᠳᠠᠷᠤᠭ᠎ᠠ ᠭᠤᠸᠠᠨᠪᠦᠵᠠᠪ ︵ᠦᠨᠳᠦᠰᠦᠲᠡᠨ ᠤ ᠳᠡᠭᠡᠳᠦ ᠳᠠᠪᠬᠤᠷᠭᠠᠲᠠᠨ ᠤ ᠰᠠᠯᠠᠭᠠᠨ ᠳᠠᠷᠤᠭ᠎ᠠ ᠶᠢᠨ ᠲᠤᠰᠢᠶᠠᠯ ᠢ ᠬᠠᠷᠢᠭᠤᠴᠠᠵᠤ ᠪᠠᠶᠢᠪᠠ︶᠂ ᠲᠡᠳᠡ ᠭᠤᠷᠪᠠᠭᠤᠯᠠ ᠲᠤᠬᠠᠢ ᠶᠢᠨ ᠦᠶ᠎ᠡ ᠶᠢᠨ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠨᠡᠶᠢᠲᠡ ᠪᠠᠷ ᠢᠶᠠᠨ ᠮᠡᠳᠡᠷᠡᠵᠤ ᠪᠠᠶᠢᠭ᠎ᠠ ︽ᠵᠠᠯᠠᠭᠤ ᠤᠳᠤᠷᠢᠳᠤᠭᠴᠢ︾ ᠪᠠᠶᠢᠪᠠ᠃ 1945 ᠣᠨ ᠤ 8 ᠰᠠᠷ᠎ᠠ ᠶᠢᠨ 15 ᠤ ᠡᠳᠦᠷ ᠶᠠᠫᠣᠨ ᠪᠠᠭᠤᠵᠤ ᠥᠭᠭᠦᠭᠰᠡᠨ ᠤ ᠳᠠᠷᠠᠭ᠎ᠠ᠂ ᠸᠠᠩ ᠤᠨ ᠰᠦᠮ᠎ᠡ ᠳᠤ᠂ ᠳᠥᠷᠪᠡᠨ ᠵᠦᠭ ᠨᠠᠢᠮᠠᠨ ᠵᠣᠪᠬᠢᠰ ᠠᠴᠠ ᠢᠷᠡᠭᠰᠡᠨ ᠬᠤᠶᠠᠷ᠂ ᠭᠤᠷᠪᠠᠨ ᠵᠠᠭᠤᠨ ᠦᠨᠳᠦᠰᠦᠲᠡᠨ ᠤ ᠴᠢᠯᠥᠭᠡᠯᠡᠯᠲᠡ ᠶᠢᠨ ᠲᠡᠮᠡᠴᠡᠯ ᠬᠢᠬᠦ ᠪᠠᠷ ᠵᠣᠷᠢᠭ ᠰᠢᠭᠤᠳᠤᠭᠰᠠᠨ ᠵᠠᠯᠠᠭᠤᠴᠤᠳ ᠴᠤᠭᠯᠠᠷᠠᠵᠠᠢ᠂ ᠡᠬᠦᠨ ᠤ ᠨᠢᠭᠡ ᠬᠡᠰᠡᠭ ᠨᠢ ᠵᠡᠭᠦᠨ ᠬᠤᠶᠢᠲᠤ ᠶᠢᠨ ᠶᠡᠭᠡ ᠳᠡᠭᠡᠳᠦ ᠰᠤᠷᠭᠠᠭᠤᠯᠢ ᠶᠢᠨ ᠰᠤᠷᠤᠭᠴᠢ ᠶᠤᠮ᠂ ᠵᠢᠷᠭᠠᠯ᠂ ᠪᠤᠶᠠᠨᠪᠠᠲᠤ ᠬᠤᠶᠠᠭᠤᠯᠠ ᠪᠣᠯ ᠲᠡᠳᠡᠨ ᠤ ᠳᠣᠲᠣᠷᠠᠬᠢ ᠲᠥᠯᠥᠭᠡᠯᠡᠭᠴᠢ ᠪᠣᠯᠤᠨ᠎ᠠ᠃ ᠪᠠᠰᠠ ᠨᠢᠭᠡ ᠪᠦᠯᠦᠭ ᠨᠢ ᠸᠠᠩ ᠤᠨ ᠰᠦᠮ᠎ᠡ  ᠶᠢᠨ ᠡᠯ᠎ᠡ ᠳᠡᠭᠡᠳᠦ ᠰᠤᠷᠭᠠᠭᠤᠯᠢ ᠠᠴᠠ ᠢᠷᠡᠭᠰᠡᠨ ᠰᠤᠷᠤᠭᠴᠢ ᠪᠣᠯᠤᠨ᠎ᠠ᠃ ᠨᠥᠭᠦᠭᠡ ᠨᠢᠭᠡ ᠬᠡᠰᠡᠭ ᠨᠢ ᠶᠠᠫᠣᠨ ᠤ ᠬᠠᠭᠤᠷᠮᠠᠭ ᠵᠠᠰᠠᠭ ᠤᠨ ᠦᠶ᠎ᠡ ᠶᠢᠨ ᠬᠢᠩᠭᠠᠨ ᠶᠡᠷᠦᠩᠬᠡᠶ ᠵᠠᠬᠢᠷᠭ᠎ᠠ᠂ ᠪᠠᠷᠠᠭᠤᠨ ᠬᠤᠷᠴᠢᠨ ᠤ ᠡᠮᠦᠨᠡᠲᠦ ᠬᠤᠰᠢᠭᠤᠨ ᠤ ᠵᠠᠬᠢᠷᠭ᠎ᠠ ᠳᠤ ᠲᠤᠰᠢᠶᠠᠯ ᠬᠠᠷᠢᠭᠤᠴᠠᠵᠤ ᠪᠠᠶᠢᠭᠰᠠᠨ ᠪᠠᠭᠰᠢ ᠠᠵᠢᠯᠲᠠᠨ ᠪᠣᠯᠤᠨ᠎ᠠ᠃ ᠳᠡᠭᠡᠷ᠎ᠡ ᠳᠤᠷᠠᠳᠤᠭᠰᠠᠨ ᠭᠤᠷᠪᠠᠨ ᠪᠦᠯᠦᠭ ᠬᠥᠮᠦᠰ ᠤᠨ ᠳᠣᠲᠣᠷᠠᠬᠢ ᠴᠥᠭᠡᠨ ᠪᠤᠰᠤ ᠬᠥᠮᠦᠰ ᠨᠢ ᠴᠥᠮ ᠦᠪᠦᠷ ᠠᠷᠠᠳ ᠤᠨ ᠬᠤᠪᠢᠰᠬᠠᠯᠲᠤ ᠨᠠᠮ ᠳᠤ ᠤᠷᠤᠭᠰᠠᠨ ᠪᠣᠯᠪᠠᠴᠤ《ᠭᠤᠷᠪᠠᠨ ᠰᠤᠳᠤᠨ》 ᠬᠠᠷᠢᠨ‌ᠦᠪᠦᠷ ᠠᠷᠠᠳ ᠤᠨ ᠬᠤᠪᠢᠰᠬᠠᠯᠲᠤ ᠨᠠᠮ ᠤᠨ ᠪᠦᠷᠢᠯᠳᠦᠬᠦᠨ ᠨᠢ ᠪᠤᠳᠤᠯᠢᠶᠠᠨᠲᠠᠶ᠂ ᠹᠸᠤᠳᠠᠯ ᠤᠨ ᠦᠡᠭᠭᠡ ᠪᠤᠳᠤᠭ ᠭᠦᠨ ᠵᠤᠵᠠᠭᠠᠨ ᠪᠠᠶᠢᠵᠤ᠂ ᠵᠠᠷᠢᠮ ᠸᠠᠩ ᠭᠦᠩ ᠢᠵᠠᠭᠤᠷᠲᠠᠨ ᠨᠠᠷ ᠴᠤ ᠦᠪᠦᠷ ᠠᠷᠠᠳ ᠤᠨ ᠬᠤᠪᠢᠰᠬᠠᠯᠲᠤ ᠨᠠᠮ ᠳᠤ ᠤᠷᠤᠭᠰᠠᠨ ᠭᠡᠵᠦ ᠦᠵᠡᠵᠦ ᠪᠠᠶᠢᠵᠠᠢ᠃ ᠡᠶᠢᠮᠦ ᠠᠴᠠ ᠲᠤᠰ ᠨᠠᠮ ᠨᠢ ᠦᠨᠳᠦᠰᠦᠲᠡᠨ ᠤ ᠴᠢᠯᠥᠭᠡᠯᠡᠯᠲᠡ ᠶᠢᠨ ᠲᠡᠮᠡᠴᠡᠯ ᠢ ᠤᠳᠤᠷᠢᠳᠴᠤ ᠢᠯᠠᠯᠲᠠ ᠣᠯᠵᠤ ᠴᠢᠳᠠᠬᠤ ᠦᠭᠡᠢ ᠶᠤᠮ ᠭᠡᠵᠡᠢ᠃ 1945 ᠣᠨ ᠤ 10 ᠰᠠᠷ᠎ᠠ ᠳᠤ 《ᠭᠤᠷᠪᠠᠨ ᠰᠤᠳᠤᠨ》 ᠳᠠᠪᠰᠢᠩᠭᠤᠢ ᠵᠠᠯᠠᠭᠤᠴᠤᠳ ᠢᠶᠠᠷ ᠭᠤᠣᠯ  ᠪᠣᠯᠭᠠᠭᠰᠠᠨ ᠥᠪᠥᠷ    ᠠᠷᠠᠳ ᠤᠨ ᠬᠤᠪᠢᠰᠬᠠᠯᠲᠤ ᠵᠠᠯᠠᠭᠤᠴᠤᠳ ᠤᠨ ᠬᠤᠯᠪᠣᠭ᠎ᠠ ᠶᠢ ᠪᠠᠶᠢᠭᠤᠯᠪᠠ᠃ ᠡᠨᠡ ᠬᠤᠯᠪᠣᠭ᠎ᠠ ᠪᠠᠶᠢᠭᠤᠯᠤᠭᠳᠠᠭᠰᠠᠨ ᠤ ᠲᠠᠷᠠᠭ᠎ᠠ᠂ ᠨᠢᠭᠡ ᠳᠤ᠂ ᠵᠠᠯᠠᠭᠤᠴᠤᠳ ᠤᠨ ᠠᠵᠢᠯ ᠢ ᠠᠳᠬᠤᠵᠤ᠂ ᠦᠯᠡᠮᠵᠢ ᠤᠯᠠᠨ ᠳᠠᠪᠰᠢᠯᠲᠤ ᠵᠠᠯᠠᠭᠤᠴᠤᠳ ᠲᠠᠢ ᠪᠦᠯᠬᠦᠮᠳᠡᠬᠦ ᠶᠢᠨ ᠬᠠᠮᠲᠤ ᠲᠡᠳᠡᠨ ᠢ ᠵᠣᠬᠢᠶᠠᠨ ᠪᠠᠶᠢᠭᠤᠯᠤᠨ ᠨᠡᠶᠢᠭᠡᠮ ᠳᠡᠭᠡᠷ ᠎ᠡ ᠲᠠᠷᠬᠠᠵᠤ ᠪᠠᠶᠢᠭ᠎ᠠ ᠫᠤᠤ ᠵᠡᠪᠰᠡᠭ ᠢ ᠬᠤᠷᠢᠶᠠᠨ ᠠᠪᠴᠤ᠂ ᠡᠯ᠎ᠡ ᠨᠤᠲᠤᠭ (ᠣᠷᠣᠨ) ᠤᠨ ᠰᠢᠯᠢᠳᠡᠭ ᠡᠷᠦᠭᠡ ᠶᠢᠨ ᠴᠡᠷᠢᠭ ᠢ ᠪᠠᠶᠢᠭᠤᠯᠵᠤ᠂ ᠵᠠᠯᠠᠭᠤᠴᠤᠳ ᠤᠨ ᠬᠤᠯᠪᠣᠭ᠎ᠠ ᠣᠷᠣᠨ ᠨᠤᠲᠤᠭ  ᠤᠨ ᠵᠡᠪᠰᠡᠭᠲᠦ ᠬᠦᠴᠦᠨ ᠢ ᠡᠵᠡᠮᠰᠢᠪᠡ᠃ ᠬᠤᠶᠠᠷ ᠲᠤ᠂ ᠵᠠᠰᠠᠭ ᠤᠨ ᠡᠷᠬᠡ ᠶᠢ ᠥᠭᠡᠷᠡᠴᠢᠯᠡᠵᠠᠢ᠃ ᠳᠥᠷᠪᠡᠨ ᠰᠠᠷ᠎ᠠ ᠪᠣᠯᠤᠭᠠᠳᠤᠶ ᠬᠤᠭᠤᠴᠠᠭᠠᠨ ᠳᠤ᠂ ᠬᠤᠰᠢᠭᠤᠨ ᠤ ᠵᠠᠰᠠᠭ ᠤᠨ ᠣᠷᠳᠣᠨ ᠤ ᠰᠠᠯᠠᠭᠠᠨ ᠤ ᠲᠠᠰ ᠠᠴᠠ ᠳᠡᠭᠡᠭᠰᠢᠬᠢ ᠭᠤᠤᠯᠯᠠᠭᠴᠢ ᠬᠦᠴᠦᠨ ᠢ ᠴᠥᠮ ᠳᠠᠪᠰᠢᠩᠭᠤᠶ ᠵᠠᠯᠠᠭᠤᠴᠤᠳ ᠪᠣᠯᠭᠠᠨ ᠰᠣᠯᠢᠵᠠᠶ᠃ 1946 ᠣᠨ ᠤ 2 ᠰᠠᠷ᠎ᠠ ᠳᠤ ᠵᠢᠷᠭᠠᠯ ᠢᠶᠠᠷ ᠬᠤᠰᠢᠭᠤᠨ ᠳᠠᠷᠤᠭ᠎ᠠ ᠪᠣᠯᠭᠠᠭᠰᠠᠨ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠢ ᠪᠠᠶᠢᠭᠤᠯᠪᠠ᠃ ᠰᠢᠨ᠎ᠡ ᠠᠷᠠᠳ ᠤᠨ ᠵᠠᠰᠠᠭ ᠤᠨ ᠣᠷᠳᠣᠨ ᠪᠠᠶᠢᠭᠤᠯᠤᠭᠳᠠᠭᠰᠠᠨ ᠤ ᠳᠠᠷᠠᠭ᠎ᠠ᠂ ᠠᠵᠢᠯ ᠥᠷᠨᠢᠭᠦᠯᠬᠦ ᠨᠢ ᠲᠤᠶᠢᠯ ᠤᠨ ᠬᠦᠴᠢᠷᠲᠡᠯᠲᠡᠢ ᠪᠠᠶᠢᠵᠠᠢ᠃ ᠬᠤᠰᠢᠭᠤᠨ ᠳᠠᠷᠤᠭ᠎ᠠ ᠶᠢᠨ ᠬᠡᠷ ᠴᠦ ᠭᠡᠳ ᠵᠠᠷᠢᠮ  ᠳᠠᠭᠠᠨ ᠬᠤᠨᠤᠭ ᠲᠠᠰᠤᠷᠠᠳᠠᠭ ᠪᠠᠶᠢᠳᠠᠭ ᠰᠠᠨ᠃  ᠭᠤᠸᠠᠨᠪᠦᠵᠠᠪ ᠨᠥᠬᠦᠷ ᠭᠡᠷ ᠲᠡᠭᠡᠨ ᠬᠠᠷᠢᠭᠠᠳ ᠠᠪᠤ ᠶᠢᠨ ᠢᠶᠠᠨ ᠬᠤᠶᠠᠷ ᠮᠣᠷᠢ ᠶᠢ ᠬᠤᠳᠠᠯᠳᠤᠵᠤ᠂ ᠬᠤᠰᠢᠭᠤᠨ ᠤ ᠵᠠᠰᠠᠭ ᠤᠨ ᠣᠷᠳᠣᠨ ᠤ ᠤᠷᠤᠯᠭ᠎ᠠ ᠵᠠᠷᠤᠯᠭ᠎ᠠ ᠶᠢ ᠲᠤᠰᠠᠯᠠᠵᠤ᠂  ᠵᠢᠷᠭᠠᠯ ᠳᠠᠷᠤᠭ᠎ᠠ ᠴᠢᠯᠥᠭᠡ ᠭᠠᠷᠪᠠᠯ ᠬᠠᠮᠠᠭᠠᠯᠠᠭᠴᠢ ᠲᠠᠢ ᠪᠠᠨ‌ᠬᠠᠮᠲᠤ ᠬᠡᠭᠡᠷ᠎ᠡ ᠭᠠᠷᠴᠤ ᠲᠦᠯᠡᠭᠡ ᠲᠡᠭᠦᠵᠦ ᠡᠪᠡᠰᠦ ᠬᠠᠳᠤᠨ᠂ ᠲᠦᠯᠡᠰᠢᠨ ᠤ ᠵᠠᠬ᠎ᠠ ᠳᠡᠯᠭᠡᠭᠦᠷ ᠲᠤ ᠤᠴᠢᠨ ᠬᠤᠳᠠᠯᠳᠤᠨ ᠵᠣᠭᠤᠰ ᠪᠤᠯᠭᠠᠨ᠂ ᠨᠢᠭᠡ ᠭᠡᠷ ᠤᠨ ᠠᠮᠤ ᠪᠤᠳᠠᠭ᠎ᠠ ᠪᠠᠨ ᠰᠣᠯᠢᠵᠤ ᠠᠪᠴᠢᠷᠠᠳᠠᠭ᠃ ᠰᠡᠭᠦᠯᠡᠷ ᠨᠢ ᠵᠢᠷᠭᠠᠯ ᠳᠠᠷᠤᠭ᠎ᠠ ᠮᠠᠨ ᠤ ᠵᠡᠪᠰᠡᠭᠲᠦ ᠮᠣᠷᠢᠨ ᠲᠡᠷᠭᠡᠨ ᠤ ᠠᠩᠭᠢ ᠶᠢ ᠵᠣᠬᠢᠶᠠᠨ ᠪᠠᠶᠢᠭᠤᠯᠵᠤ᠂ ᠰᠢᠯᠢ ᠶᠢᠨ ᠭᠤᠣᠯ ᠠᠶᠢᠮᠠᠭ ᠤᠨ ᠳᠠᠪᠤᠰᠤᠨ ᠴᠥᠭᠦᠷᠥᠮ ᠠᠴᠠ ᠳᠠᠪᠤᠰᠤ ᠵᠥᠭᠡᠭᠡᠪᠦᠷᠢᠯᠡᠵᠦ᠂ ᠳᠣᠲᠣᠷ᠎ᠠ ᠭᠠᠵᠠᠷ ᠪᠤᠷᠤᠯᠠᠭᠤᠯᠵᠤ᠂ ᠪᠦᠬᠦ ᠬᠤᠰᠢᠭᠤᠨ ᠤ ᠡᠳ᠋ ᠤᠨ ᠵᠠᠰᠠᠭ ᠤᠨ ᠣᠷᠣᠯᠭ᠎ᠠ ᠵᠠᠷᠤᠯᠭ᠎ᠠ ᠶᠢᠨ ᠬᠦᠴᠢᠷᠳᠡᠯ ᠢ ᠰᠢᠶᠳᠪᠦᠷᠢᠯᠡᠪᠡ᠃ ᠭᠤᠷᠪᠠ ᠳᠤ᠂ 1945 ᠣᠨ ᠤ 11 ᠰᠠᠷ᠎ᠠ ᠳᠤ᠂ ᠵᠠᠯᠠᠭᠤᠴᠤᠳ  ᠤᠨ ᠬᠤᠯᠪᠣᠭ᠎ᠠ ᠦᠪᠡᠳᠡᠭᠰᠢ ᠶᠡᠭᠡ ᠤᠭᠲᠤᠬᠤ ᠶᠡᠭᠡ ᠬᠤᠷᠠᠯ ᠬᠢᠵᠦ᠂ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠳᠠᠬᠢ ᠭᠤᠮᠢᠨᠳᠠᠩ ᠤᠨ ᠲᠡᠷᠰᠡᠯᠡᠭᠦᠴᠤᠳ ᠤᠨ ᠲᠦᠷᠦᠭᠦᠤ ᠶᠠᠨ ᠵᠧᠨ ᠱᠠᠨ ᠢ ᠳᠠᠷᠤᠩᠭᠤᠶᠢᠯᠠᠬᠤ ᠪᠠᠷ ᠢᠷᠡᠭᠰᠡᠨ ᠨᠠᠢᠮᠠᠳᠤᠭᠠᠷ ᠵᠠᠮ ᠤᠨ ᠴᠡᠷᠢᠭ ᠤᠨ ᠪᠠᠲᠯᠢᠶᠣᠨ ᠤ ᠳᠠᠷᠤᠭ᠎ᠠ ᠵᠠᠩ ᠢ ᠴᠧᠩ ᠤᠨ ᠡᠩᠨᠡᠭᠡ ᠶᠢ ᠪᠠᠶᠠᠷᠯᠠᠨ ᠤᠭᠲᠤᠵᠤ᠂ ᠲᠡᠭᠦᠨ ᠢ ᠤᠷᠢᠵᠤ ᠵᠠᠯᠠᠭᠤᠴᠤᠳ ᠲᠤ  ᠴᠠᠭ ᠤᠨ ᠪᠠᠶᠢᠳᠠᠯ ᠤᠨ ᠲᠤᠬᠠᠢ ᠮᠡᠳᠡᠭᠦᠯᠦᠯᠲᠡ ᠬᠢᠯᠭᠡᠪᠡ᠃ ᠵᠠᠩ ᠢ ᠴᠧᠩ ᠢᠯᠡᠳᠬᠡᠯ ᠳᠡᠭᠡᠨ《ᠶᠢᠰᠦᠨ ᠰᠠᠷ᠎ᠠ ᠶᠢᠨ ᠠᠷᠪᠠᠨ ᠨᠠᠢᠮᠠᠨ》 ᠤ ᠬᠡᠷᠡᠭ ᠬᠤᠪᠢᠰᠤᠯ ᠤᠨ ᠦᠨᠡᠨ ᠪᠠᠶᠢᠳᠠᠯ ᠢ ᠢᠯᠡᠴᠢᠯᠡᠵᠦ᠂ ᠭᠤᠮᠢᠨᠳᠠᠩ ᠡᠪ ᠬᠠᠮᠲᠤ ᠨᠠᠮ ᠬᠤᠶᠠᠷ ᠨᠠᠮ ᠤᠨ ᠶᠠᠫᠣᠨ ᠢ ᠡᠰᠡᠷᠭᠦᠴᠡᠬᠦ ᠠᠳᠠᠯᠢ ᠪᠤᠰᠤ ᠤᠯᠤᠰ ᠲᠦᠷᠦ ᠶᠢᠨ ᠵᠣᠷᠢᠯᠲᠠ ᠶᠢ ᠤᠬᠠᠭᠤᠯᠤᠨ ᠲᠠᠶᠢᠯᠪᠤᠷᠢᠯᠠᠵᠤ᠂ ᠵᠠᠩ ᠢ ᠴᠧᠩ ᠪᠠᠰᠠ ᠭᠤᠮᠢᠨᠳᠠᠩ ᠤᠨ ᠬᠢᠲᠠᠳ ᠤᠨ ᠳᠡᠭᠡᠷᠡᠩᠭᠦᠶ ᠦᠵᠡᠯ ᠤᠨ ᠲᠡᠷᠰᠯᠡᠭᠦᠦ ᠲᠦᠷᠦ ᠶᠢᠨ ᠪᠤᠳᠤᠯᠭ᠎ᠠ ᠶᠢ ᠢᠯᠡᠴᠢᠯᠡᠨ ᠰᠢᠭᠦᠮᠵᠢᠯᠡᠵᠦ᠂ ᠮᠠᠨ ᠤ ᠨᠠᠮ ᠤᠨ ᠦᠨᠳᠦᠰᠦᠲᠡᠨ ᠤ ᠲᠦᠷᠦ ᠶᠢᠨ ᠪᠤᠳᠤᠯᠭ᠎ᠠ ᠶᠢ ᠤᠬᠠᠭᠤᠯᠪᠠ᠃ ᠪᠤᠶᠠᠨᠪᠠᠲᠤ ᠬᠡᠯᠡᠬᠦ ᠳᠡᠭᠡᠨ᠂ ᠵᠠᠩ ᠪᠠᠲᠯᠢᠶᠣᠨ ᠳᠠᠷᠤᠭ᠎ᠠ ᠶᠢᠨ ᠮᠡᠳᠡᠭᠦᠯᠦᠯᠲᠡ ᠨᠢ ᠪᠢᠳᠡᠨ ᠳᠤ ᠬᠤᠪᠢᠰᠬᠠᠯ ᠤᠨ ᠰᠡᠬᠡᠭᠡᠷᠡᠭᠦᠯᠬᠦ ᠬᠥᠮᠦᠵᠢᠯ ᠤᠨ ᠴᠢᠬᠤᠯᠠ ᠬᠢᠴᠢᠶᠡᠯ ᠣᠷᠣᠵᠤ᠂ ᠪᠢᠳᠡᠨ ᠳᠤ ᠡᠬᠡ ᠣᠷᠣᠨᠴᠢ ᠦᠵᠡᠯ ᠪᠣᠯᠤᠨ ᠡᠪ ᠬᠠᠮᠲᠤ ᠶᠣᠰᠣᠨ ᠤ ᠬᠥᠮᠦᠵᠢᠯ ᠬᠦᠷᠲᠡᠭᠡᠵᠦ᠂ ᠥᠷᠭᠡᠨ ᠤᠯᠠᠨ ᠵᠠᠯᠠᠭᠤᠴᠤᠳ ᠤᠨ ᠨᠠᠮ ᠤᠨ ᠤᠳᠤᠷᠢᠳᠤᠯᠭ᠎ᠠ ᠶᠢ ᠬᠦᠯᠢᠶᠡᠬᠦ ᠳᠤ ᠴᠢᠬᠤᠯᠠ ᠦᠢᠯᠡᠳᠦᠯ ᠦᠵᠡᠭᠦᠯᠵᠡᠢ ᠭᠡᠪᠡ᠃ ᠶᠡᠭᠡ ᠬᠤᠷᠠᠯ ᠲᠡᠭᠦᠰᠦᠭᠰᠡᠨ ᠤ ᠳᠠᠷᠠᠭ᠎ᠠ᠂ ᠨᠢᠭᠡ ᠤᠳᠠᠭᠠᠨ ᠤ ᠰᠤᠷᠤᠯᠴᠠᠬᠤ ᠠᠩᠭᠢ ᠡᠷᠭᠢᠯᠡᠵᠦ᠂ ᠮᠠᠤ ᠽᠧ ᠳ᠋ᠦᠩ ᠤᠨ《 ᠰᠢᠨ᠎ᠡ ᠠᠷᠠᠳᠴᠢᠯᠠᠭᠰᠠᠨ ᠶᠣᠰᠣᠨ ᠤ ᠣᠨᠣᠯ 》 ᠢ ᠰᠤᠷᠤᠯᠴᠠᠵᠤ᠂ ᠪᠤᠶᠠᠨᠪᠠᠲᠤ ᠬᠢᠴᠢᠶᠡᠯ ᠵᠢᠠᠭᠠᠪᠠ᠃《ᠭᠤᠷᠪᠠᠨ ᠰᠤᠳᠤᠨ》 ᠪᠠᠷ ᠭᠤᠤᠯ ᠪᠣᠯᠭᠠᠭᠰᠠᠨ ᠵᠠᠯᠠᠭᠤᠴᠤᠳ ᠤᠨ ᠬᠤᠯᠪᠣᠭ᠎ᠠ  ᠶᠢᠨ ᠬᠢᠭᠰᠡᠨ ᠡᠳᠡᠭᠡᠷ ᠠᠵᠢᠯᠯᠠᠭ᠎ᠠ ᠪᠣᠯ ᠮᠠᠨ ᠤ ᠨᠠᠮ ᠤᠨ ᠵᠡᠭᠦᠨ ᠬᠡᠰᠡᠭ ᠣᠷᠣᠨ ᠢ ᠪᠠᠶᠢᠭᠤᠯᠬᠤ ᠠᠵᠢᠯ ᠢ ᠬᠢᠬᠦ  ᠠᠴᠠ ᠡᠮᠦᠨ᠎ᠡ ᠶᠠᠪᠤᠭᠳᠠᠭᠰᠠᠨ ᠪᠣᠯᠬᠤᠷ  ᠨᠡᠩ ᠡᠷᠬᠢᠮ ᠨᠠᠨᠳᠢᠨ ᠶᠠᠪᠤᠳᠠᠯ ᠪᠣᠯᠬᠤ ᠶᠤᠮ᠃ 1946 ᠣᠨ ᠤ 3 ᠰᠠᠷ᠎ᠠ  ᠳᠤ᠂ ᠵᠠᠩ ᠼᠧ ᠲᠦᠷᠦᠭᠦᠲᠡᠢ ᠨᠠᠢᠮᠠᠳᠤᠭᠠᠷ ᠵᠠᠮ ᠤᠨ ᠴᠡᠷᠢᠭ ᠤᠨ ᠪᠠᠷᠠᠭᠤᠨ ᠮᠠᠨᠵᠤ ᠶᠢᠨ ᠴᠡᠷᠢᠭ ᠤᠨ ᠲᠣᠭᠤᠷᠢᠭ  ᠤᠨ ᠬᠡᠷᠡᠭ ᠡᠷᠬᠢᠯᠡᠬᠦ ᠭᠠᠵᠠᠷ ︵ᠳᠣᠲᠣᠭᠠᠳᠤ ᠳᠠᠭᠠᠨ ᠳᠤᠮᠳᠠᠳᠤ ᠤᠯᠤᠰ ᠤᠨ ᠡᠪ ᠬᠠᠮᠲᠤ ᠨᠠᠮ ᠤᠨ ᠵᠡᠭᠦᠨ ᠮᠣᠩᠭᠤᠯ ᠤᠨ ᠠᠵᠢᠯ ᠤᠨ ᠵᠥᠪᠯᠡᠯ ᠭᠡᠵᠦ ᠨᠡᠷᠡᠶᠢᠳᠦᠨ᠎ᠡ︶ ᠸᠠᠩ ᠤᠨ ᠰᠦᠮ᠎ᠡ ᠳᠤ ᠣᠷᠣᠵᠤ ᠰᠠᠭᠤᠵᠠᠢ᠃ 1946 ᠣᠨ ᠤ 6 ᠰᠠᠷ᠎ᠠ ᠳᠤ 《ᠭᠤᠷᠪᠠᠨ ᠰᠤᠳᠤᠨ》 ᠭᠤᠸᠠᠢ ᠬᠠᠮᠤᠭ ᠠᠩᠬ᠎ᠠ  ᠳᠤᠮᠳᠠᠳᠤ ᠤᠯᠤᠰ ᠤᠨ ᠡᠪ ᠬᠠᠮᠲᠤ ᠨᠠᠮ ᠳᠤ ᠭᠤᠶᠤᠴᠢᠯᠠᠯ ᠡᠷᠭᠦᠵᠤ᠂ ᠲᠤᠰ ᠵᠢᠯ ᠤᠨ 10 ᠰᠠᠷ᠎ᠠ ᠳᠤ᠂ ᠲᠡᠳᠡ ᠭᠤᠷᠪᠠᠭᠤᠯᠠ ᠬᠠᠮᠲᠤ ᠳᠤᠨᠢ ᠨᠠᠮ ᠳᠤ ᠡᠯᠰᠦᠭᠳᠡᠪᠡ᠃《ᠭᠤᠷᠪᠠᠨ ᠰᠤᠳᠤᠨ》 ᠪᠣᠯ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠠᠷᠠᠳ ᠤᠨ ᠵᠠᠰᠠᠭ ᠤᠨ ᠡᠷᠬᠡ ᠶᠢ ᠡᠭᠦᠰᠭᠡᠨ ᠪᠠᠶᠢᠭᠤᠯᠤᠭᠴᠢ ᠮᠥᠨ᠂ ᠪᠠᠰᠠ ᠴᠤ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠨᠠᠮ ᠤᠨ  ᠵᠤᠬᠢᠶᠠᠨ ᠪᠠᠶᠢᠭᠤᠯᠤᠯᠲᠠ ᠶᠢᠨ ᠬᠤᠰᠢᠭᠤᠴᠢ ᠮᠥᠨ᠃ ᠪᠢ ᠪᠣᠯ 1947 ᠣᠨ ᠤ 9 ᠰᠠᠷ᠎ᠠ ᠳᠤ ᠳᠤᠮᠳᠠᠳᠤ ᠤᠯᠤᠰ ᠤᠨ ᠡᠪ ᠬᠠᠮᠲᠤ ᠨᠠᠮ ᠳᠤ ᠤᠷᠤᠭᠰᠠᠨ ᠶᠤᠮ᠂ ᠨᠠᠳᠠ ᠶᠢ ᠨᠠᠮ ᠳᠤ ᠤᠷᠤᠬᠤ ᠳᠤ ᠲᠠᠨᠢᠯᠴᠠᠭᠤᠯᠤᠭᠴᠢ ᠴᠢᠤᠸᠠᠨ ᠵᠢᠶᠠ ᠹᠦ᠋ ᠨᠥᠬᠦᠷ ᠪᠣᠯ《ᠭᠤᠷᠪᠠᠨ ᠰᠤᠳᠤᠨ》 ᠤ ᠠᠩᠬᠠᠳᠤᠭᠠᠷ ᠪᠦᠯᠦᠭ ᠤᠨ ᠬᠦᠮᠦᠵᠢᠭᠦᠯᠦᠭᠰᠡᠨ ᠨᠠᠮ ᠤᠨ ᠭᠡᠰᠢᠭᠦᠨ ᠮᠥᠨ᠃ 《ᠭᠤᠷᠪᠠᠨ ᠰᠤᠳᠤᠨ》 ᠤ ᠳᠤᠮᠳᠠ᠂ ᠦᠲᠡᠯ᠎ᠡ ᠨᠠᠰᠤᠨ ᠤ ᠦᠶ᠎ᠡ  ᠶᠢᠨ ᠠᠮᠢᠳᠤᠷᠠᠯ ᠨᠢ ᠴᠦ ᠭᠡᠰᠡᠨ ᠴᠥᠮ ᠲᠤᠶᠢᠯ ᠤᠨ ᠭᠡᠷᠡᠯ ᠭᠢᠯᠪᠠᠭ᠎ᠠ ᠲᠠᠢ ᠪᠠᠶᠢᠳᠠᠭ᠃ ᠵᠢᠷᠭᠠᠯ ᠤᠨ ᠲᠤᠬᠠᠶ ᠲᠤᠰ ᠵᠣᠬᠢᠶᠠᠯ ᠤᠨ ᠡᠬᠢᠨ ᠳᠤ ᠨᠢᠭᠡᠨᠲᠡ ᠳᠤᠳᠤᠷᠬᠠᠶᠢᠯᠠᠭᠰᠠᠨ ᠪᠠᠶᠢᠨ᠎ᠠ᠃ ᠪᠤᠶᠠᠨᠪᠠᠲᠤ ᠪᠣᠯᠤᠨ ᠭᠤᠸ᠋ᠨᠨᠪᠤᠵᠠᠪ ᠬᠤᠶᠠᠷ ᠬᠥᠮᠦᠨ ᠤᠷᠢᠳ ᠬᠤᠵᠢᠳ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠨᠠᠮ ᠤᠨ ᠬᠤᠷᠢᠶᠠᠨ ᠤ ᠱᠦᠵᠢ  ᠶᠢᠨ ᠲᠤᠰᠢᠶᠠᠯ ᠢ ᠬᠠᠷᠢᠭᠤᠴᠠᠵᠤ ᠥᠩᠭᠡᠷᠡᠵᠡᠢ᠃ ᠬᠤᠵᠢᠮ ᠨᠢ᠂ ᠪᠤᠶᠠᠨᠪᠠᠲᠤ ᠭᠤᠸᠠᠢ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠨᠠᠮ ᠤᠨ ᠬᠤᠷᠢᠶᠠᠨ ᠤ ᠱᠦᠵᠢ᠂ ᠭᠤᠸᠠᠨᠪᠤᠵᠠᠪ ᠭᠤᠸᠠᠢ ᠵᠠᠯᠠᠶᠢᠳ ᠬᠤᠰᠢᠭᠤᠨ ᠤ ᠨᠠᠮ  ᠤᠨ ᠬᠤᠷᠢᠶᠠᠨ ᠤ ᠱᠦᠵᠢ ᠶᠢᠨ ᠲᠤᠰᠢᠶᠠᠯ ᠢ ᠲᠤᠰ ᠲᠤᠰ ᠬᠠᠷᠢᠭᠤᠴᠠᠵᠤ᠂  ᠳᠡᠮᠡᠢ ᠤᠳᠠᠭᠰᠠᠨ ᠦᠭᠡᠢ ᠭᠤᠸᠠᠨᠪᠤᠵᠠᠪ ᠭᠤᠸᠠᠢ ᠲᠥᠪ ᠬᠤᠷᠢᠶᠠᠨ ᠳᠤ ᠠᠵᠢᠯ ᠰᠢᠯᠵᠢᠨ ᠶᠠᠪᠤᠵᠤ ᠸᠢᠶᠧᠲᠨᠠᠮ ᠳᠤ ᠰᠠᠭᠤᠭ᠎ᠠ ᠳᠤᠮᠳᠠᠳᠤ ᠤᠯᠤᠰ ᠤᠨ ᠭᠠᠵᠠᠷ ᠰᠢᠷᠣᠢ ᠶᠢᠨ ᠦᠭᠡᠷᠡᠴᠢᠯᠡᠯᠲᠡ ᠶᠢᠨ ᠵᠥᠪᠯᠡᠭᠴᠢᠳ ᠤᠨ ᠪᠦᠯᠬᠦᠮ ᠤᠨ ᠵᠥᠪᠯᠡᠭᠴᠢ ᠶᠢᠨ ᠲᠤᠰᠢᠶᠠᠯ ᠢ ᠡᠭᠦᠷᠭᠡᠯᠡᠵᠦ᠂ ᠤᠯᠤᠰ ᠲᠠᠭᠠᠨ ᠪᠤᠴᠠᠭᠰᠠᠨ ᠤ ᠳᠠᠷᠠᠭ᠎ᠠ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠵᠢᠯᠴᠢᠨ ᠤ ᠶᠡᠷᠦᠩᠬᠡᠢ ᠡᠪᠯᠡᠯ ᠤᠨ ᠳᠡᠳ᠋ ᠲᠡᠷᠢᠭᠦᠯᠡᠭᠴᠢ᠂ ᠬᠦᠯᠦᠨ ᠪᠤᠶᠢᠷ ᠠᠶᠢᠮᠠᠭ ᠤᠨ ᠨᠠᠮ ᠤᠨ ᠬᠤᠷᠢᠶᠠᠨ ᠤ ᠱᠦᠵᠢ ᠶᠢᠨ ᠲᠤᠰᠢᠶᠠᠯ ᠢ ᠬᠠᠷᠢᠭᠤᠴᠠᠵᠤ᠂ ︽ᠰᠣᠶᠣᠯ ᠤᠨ ᠶᠡᠭᠡ ᠬᠤᠪᠢᠰᠬᠠᠯ︾  ‍ᠤᠨ‌‍ᠲ᠋ᠤᠮᠳᠠ ᠬᠤᠣᠷᠯᠠᠯ ᠳᠤ ᠤᠴᠠᠷᠠᠵᠤ᠂  ᠭᠠᠯ ᠵᠠᠯᠠᠭᠤ ᠨᠠᠰᠤᠨ ᠳᠠᠭᠠᠨ ᠨᠠᠰᠤ ᠪᠠᠷᠠᠵᠠᠢ᠃ ᠪᠤᠶᠠᠨᠪᠠᠲᠤ ᠭᠤᠸᠠᠢ ᠶᠡᠭᠡ ᠵᠣᠣ ᠠᠶᠢᠮᠠᠭ ᠤᠨ ᠨᠠᠮ ᠤᠨ ᠬᠤᠷᠢᠶᠠᠨ ᠤ ᠱᠦᠵᠢ ᠶᠢᠨ ᠲᠤᠰᠢᠶᠠᠯ ᠢ  ᠤᠯᠠᠨ ᠵᠢᠯ ᠡᠭᠦᠷᠭᠡᠯᠡᠵᠤ᠂ ᠲᠤᠰᠢᠶᠠᠯ ᠡᠭᠦᠷᠭᠡᠯᠡᠬᠦ ᠬᠤᠭᠤᠴᠠᠭᠠᠨ ᠳᠠᠭᠠᠨ ᠶᠡᠭᠡ ᠵᠣᠣ ᠠᠶᠢᠮᠠᠭ ᠤᠨ ᠡᠯᠡᠰᠦ ᠢ ᠵᠠᠰᠠᠬᠤ ᠦᠢᠯᠡᠰ ᠤᠨ ᠲᠥᠯᠥᠭᠡ ᠵᠢᠳᠬᠦᠨ᠂ ᠳᠤᠪᠤᠶᠢᠮ᠎ᠠ ᠠᠮᠵᠢᠯᠲᠠ ᠪᠦᠲᠦᠮᠵᠢ ᠣᠯᠵᠤ᠂ ᠬᠤᠵᠢᠮ ᠨᠢ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠦᠯᠦᠪᠯᠡᠭᠡᠨ ᠤ ᠬᠤᠷᠢᠶᠠᠨ ᠤ ᠡᠷᠬᠢᠯᠡᠭᠴᠢ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠤᠯᠤᠰ ᠲᠦᠷᠦ ᠶᠢᠨ ᠵᠥᠪᠯᠡᠯᠭᠡᠨ ᠤ ᠳᠡᠳ᠋ ᠲᠡᠷᠢᠭᠦᠯᠡᠭᠴᠢ ᠶᠢᠨ ᠲᠤᠰᠢᠶᠠᠯ ᠢ ᠡᠭᠦᠷᠭᠡᠯᠡᠪᠡ᠃ ᠤᠳᠤ ᠪᠤᠶᠠᠨᠪᠠᠲᠤ ᠭᠤᠸᠠᠢ ᠨᠢᠭᠡᠨᠲᠡ ᠨᠠᠰᠤ ᠪᠠᠷᠠᠵᠠᠢ᠂ ᠭᠡᠪᠡᠴᠤ ᠲᠡᠭᠦᠨ ᠤ ᠡᠯᠡᠰᠦ ᠶᠢ ᠵᠠᠰᠠᠭᠰᠠᠨ ᠠᠪᠤᠷᠭᠤ ᠪᠦᠲᠦᠭᠡᠯ ᠪᠤᠯᠬᠤ ︽ᠡᠯᠡᠰᠦ ᠮᠠᠩᠬᠠᠨ ᠤ ᠤᠯᠠ ᠮᠦᠷ︾ ᠭᠡᠬᠦ ᠨᠣᠮ ᠨᠢ ᠨᠢᠭᠡᠨᠲᠡ ᠬᠡᠪᠯᠡᠭᠳᠡᠨ ᠲᠠᠷᠬᠠᠭᠠᠵᠤ᠂ ᠬᠠᠮᠢᠶ᠎ᠠ ᠪᠦᠬᠦᠢ ᠲᠤᠰᠬᠠᠢ ᠮᠡᠷᠭᠡᠵᠢᠯᠲᠡᠨ᠂ ᠡᠷᠳᠡᠮᠲᠡᠳ ᠤᠨ ᠰᠠᠶᠢᠨ ᠦᠨᠡᠯᠡᠯᠲᠡ ᠶᠢ ᠤᠯᠤᠭᠰᠠᠨ ᠪᠦᠭᠡᠳ ᠥᠷᠭᠡᠨ ᠤᠯᠠᠨ ᠡᠯᠡᠰᠦ ᠶᠢ ᠵᠠᠰᠠᠭᠰᠠᠨ ᠠᠵᠢᠯᠳᠠᠨ᠂ ᠤᠩᠰᠢᠭᠴᠢᠳ ᠤᠨ ᠬᠠᠯᠠᠭᠤᠨ ᠬᠦᠷᠢᠶᠡᠯᠡᠯ ᠢ ᠣᠯᠵᠠᠢ᠃     ᠳᠡᠭᠡᠷᠡᠮ ᠢ ᠤᠰᠠᠳᠬᠠᠵᠤ ᠤᠷᠪᠠᠯᠭᠠᠨ ᠢ ᠲᠦᠪᠰᠢᠳᠬᠡᠬᠦ ᠪᠠᠶᠢᠯᠳᠤᠭᠠᠨ ᠤ ᠭᠠᠪᠢᠶ᠎ᠠ ᠠᠰᠤᠷᠤ ᠶᠡᠭᠡ    ᠬᠤᠰᠢᠭᠤᠨ ᠳᠠᠷᠤᠭ᠎ᠠ ᠢ ᠮᠠᠯᠴᠢᠳ《ᠸᠠᠩ ᠨᠤᠶᠠᠨ》ᠭᠡᠵᠦ ᠳᠠᠭᠤᠳᠠᠳᠠᠭ ᠵᠠᠩᠰᠢᠯ ᠲᠠᠢ᠃ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠮᠠᠯᠴᠢᠳ ᠬᠤᠰᠢᠭᠤᠨ ᠳᠠᠷᠤᠭ᠎ᠠ ᠶᠢ ︽ᠮᠠᠨ ᠤ ᠸᠠᠩ ᠨᠣᠶᠠᠨ︾ ᠭᠡᠳᠡᠭ᠃ ᠵᠢᠷᠭᠠᠯ ᠢ ᠬᠤᠰᠢᠭᠤᠨ ᠳᠠᠷᠤᠭ᠎ᠠ ᠪᠣᠯᠤᠭᠰᠠᠨ ᠤ ᠳᠠᠷᠠᠭ᠎ᠠ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠤᠯᠤᠰ ᠲᠦᠷᠦ ᠶᠢᠨ ᠪᠠᠶᠢᠳᠠᠯ ᠰᠠᠮᠠᠭᠤᠨ ᠪᠤᠯᠵᠤ᠂ ᠬᠢᠯᠢ ᠳᠣᠲᠣᠷ᠎ᠠ ᠳᠡᠭᠡᠷᠡᠮ ᠣᠷᠣᠵᠤ ᠢᠷᠡᠭᠡᠳ᠂ ᠠᠷᠠᠳ ᠢᠷᠭᠡᠳ  ᠲᠤ ᠬᠤᠣᠷ ᠬᠥᠨᠥᠭᠡᠯ ᠤᠴᠠᠷᠠᠭᠤᠯᠤᠭᠰᠠᠨ ᠪᠥᠭᠡᠳ ᠶᠠᠫᠣᠨ ᠤ ᠬᠠᠭᠤᠷᠮᠠᠭ ᠤᠯᠤᠰ᠂ ᠭᠤᠮᠢᠨᠳᠠᠩ ᠤᠨ ᠲᠠᠩᠨᠠᠭᠤᠯ  ᠲᠠᠢ ᠬᠤᠯᠪᠤᠭᠠᠯᠠᠵᠤ ᠲᠡᠷᠰᠯᠡᠭᠦᠦ ᠭᠠᠵᠠᠷ ᠤᠨ ᠡᠵᠡᠨ᠂ ᠮᠠᠯ ᠤᠨ ᠡᠵᠡᠳ ᠲᠠᠢ ᠰᠦᠯᠪᠡᠭᠡᠯᠡᠨ ᠰᠠᠮᠠᠭᠤᠷᠠᠯ ᠭᠠᠷᠭᠠᠵᠤ᠂ ᠰᠢᠨ᠎ᠡ ᠵᠠᠰᠠᠭ ᠤᠨ ᠡᠷᠬᠡ ᠶᠢ ᠲᠠᠭᠠᠷᠢᠵᠤ᠂ ᠮᠠᠨ ᠤ ᠠᠵᠢᠯᠲᠠᠨ ᠢ ᠬᠤᠣᠷᠯᠠᠨ ᠠᠯᠠᠭᠰᠠᠨ ᠬᠡᠷᠡᠭ ᠭᠠᠷᠴᠤ᠂ ᠪᠠᠰᠠ 200 ᠭᠠᠷᠤᠢ ᠬᠥᠮᠦᠨ ᠣᠷᠣᠯᠴᠠᠭᠰᠠᠨ ᠮᠠᠨᠵᠤᠲ᠋ᠦᠨ ᠤ ᠤᠷᠪᠠᠨ ᠳᠤᠲᠠᠭᠠᠭᠰᠠᠨ ᠬᠡᠷᠡᠭ ᠭᠠᠷᠤᠭᠰᠠᠨ ᠪᠠᠶᠢᠨ᠎ᠠ᠃ ᠵᠢᠷᠭᠠᠯ ᠳᠠᠷᠤᠭ᠎ᠠ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠥᠪᠡᠷ ᠢ ᠪᠠᠨ ᠬᠠᠮᠠᠭᠠᠯᠠᠬᠤ ᠠᠩᠭᠢ ᠪᠠ ᠮᠠᠨᠵᠤᠲ᠋ᠦᠨ ᠤ ᠡᠪᠦᠭᠡᠳ ᠤᠨ ᠠᠩᠭᠢ ᠶᠢ ᠳᠠᠭᠠᠭᠤᠯᠤᠨ ᠪᠦᠬᠦ ᠬᠤᠰᠢᠭᠤᠨ ᠤ ᠬᠡᠪᠴᠢᠶᠡᠨ ᠳᠤ ᠳᠡᠭᠡᠷᠡᠮ ᠢ ᠤᠰᠠᠳᠬᠠᠨ ᠤᠷᠪᠠᠯᠭᠠᠨ ᠢ ᠲᠦᠪᠰᠢᠳᠬᠡᠬᠦ ᠲᠡᠮᠡᠴᠡᠯ ᠥᠷᠨᠢᠭᠦᠯᠪᠡ᠃ 《ᠮᠠᠨᠵᠤᠲ᠋ᠦᠨ ᠤ ᠡᠪᠦᠭᠡᠳ ᠤᠨ ᠠᠩᠭᠢ 》 ᠪᠣᠯ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠥᠪᠡᠷ ᠢ ᠪᠠᠨ ᠬᠠᠮᠠᠭᠠᠯᠠᠬᠤ ᠶᠡᠷᠦᠩᠬᠡᠶ ᠠᠩᠭᠢ ᠶᠢᠨ ᠣᠷᠣᠨ ᠲᠣᠭᠠᠨ ᠳᠤ ᠪᠠᠶᠢᠬᠤ ᠦᠭᠡᠶ ᠨᠢᠭᠡᠨ ᠰᠠᠯᠠᠭ᠎ᠠ ᠣᠷᠣᠨ ᠨᠤᠲᠤᠭ ᠤᠨ ᠵᠡᠪᠰᠡᠭᠲᠦ ᠬᠦᠴᠦᠨ ᠪᠣᠯᠤᠨ᠎ᠠ᠂ ᠪᠦᠬᠦ ᠠᠩᠭᠢ ᠪᠠᠷᠤᠭ 30 ᠭᠠᠷᠤᠶ ᠬᠥᠮᠦᠨ ᠪᠠᠶᠢᠵᠤ᠂ ᠣᠯᠠᠩᠬᠢ ᠨᠢ ᠪᠦᠷ ᠨᠠᠰᠤ ᠠᠬᠢᠵᠤ᠂ ᠣᠯᠠᠨ ᠳᠠᠶᠢᠨ ᠢ ᠥᠩᠭᠡᠷᠡᠭᠦᠯᠦᠭᠰᠡᠨ ᠠᠬᠠᠮᠠᠳ ᠭᠡᠰᠢᠭᠦᠨ ᠪᠣᠯᠤᠨ᠎ᠠ᠂ ᠲᠡᠳᠡᠨᠡᠷ  ᠪᠠᠶᠢᠯᠳᠤᠭᠠᠨ ᠬᠢᠬᠦ ᠳᠡᠭᠡᠨ ᠴᠥᠮ‌ᠡᠷᠡᠯᠬᠡᠭ ᠪᠠᠭᠠᠲᠤᠷᠯᠢᠭ ᠪᠠᠶᠢᠵᠤ᠂ ᠬᠤᠭᠤᠰᠣᠨ ᠰᠤᠮᠤ ᠶᠡᠷᠦ ᠠᠴᠠ ᠬᠠᠷᠪᠤᠳᠠᠭ ᠦᠭᠡᠶ ᠰᠠᠶᠢᠨ ᠫᠤᠤᠴᠢ ᠨᠠᠷ ᠪᠣᠯᠤᠨ᠎ᠠ᠃ ᠡᠪᠦᠭᠡᠳ ᠤᠨ ᠠᠩᠭᠢ ᠳᠤ ᠵᠠᠷᠤᠳᠠᠯ ᠤᠨ ᠢᠷᠡᠯᠲᠡ ᠭᠡᠵᠤ ᠪᠠᠶᠢᠬᠤ ᠦᠭᠡᠢ ᠠᠴᠠ ᠲᠡᠳᠡᠨᠡᠷ ᠶᠡᠷᠦ ᠳᠡᠭᠡᠨ ᠲᠥᠪᠯᠡᠷᠡᠭᠦᠯᠦᠨ ᠪᠣᠯᠪᠠᠰᠤᠷᠠᠳᠠᠭ ᠦᠭᠡᠢ᠂  ᠪᠠᠶᠢᠯᠳᠤᠭᠠᠨ ᠡᠬᠢᠯᠡᠪᠡᠯ ᠠᠰ ᠲᠤᠯᠤᠨ ᠠᠪᠤᠨ ᠬᠠᠷᠢᠭᠤᠴᠠᠵᠤ ᠪᠠᠶᠢᠯᠳᠤᠭᠠᠨ ᠳᠠᠭᠤᠰᠪᠠᠯ ᠠᠷᠤ ᠭᠡᠷ ᠲᠡᠭᠡᠨ ᠬᠠᠷᠢᠴᠢᠬᠠᠳᠠᠭ ᠶᠤᠮ ᠰᠠᠨ᠃ ᠳᠠᠶᠢᠨ ᠪᠠᠶᠢᠯᠳᠤᠭᠠᠨ ᠳᠤ ᠪᠦᠷ ᠥᠪᠡᠷ  ᠤᠨ ᠢᠶᠠᠨ ᠮᠣᠷᠢ ᠪᠠᠨ ᠤᠨᠤᠵᠤ᠂ ᠥᠪᠡᠷ ᠤᠨ ᠪᠡᠶ᠎ᠡ ᠳᠡᠭᠡᠨ ᠠᠪᠴᠤ  ᠶᠠᠪᠤᠭ᠎ᠠ ᠬᠠᠭᠤᠷᠠᠭᠰᠠᠨ ᠪᠤᠳᠠᠭ᠎ᠠ ᠪᠤᠷᠴᠠ ᠵᠡᠷᠭᠡ ᠪᠠᠨ ᠢᠳᠡᠵᠦ᠂ ᠪᠠᠶᠢᠯᠳᠤᠭᠠᠨ ᠳᠠᠭᠤᠰᠤᠭᠰᠠᠨ ᠤ ᠳᠠᠷᠠᠭ᠎ᠠ ᠪᠦᠷ ᠭᠡᠷ ᠲᠡᠭᠡᠨ ᠬᠠᠷᠢᠵᠤ ᠵᠠᠷᠯᠢᠭ ᠬᠦᠯᠢᠶᠡᠨ᠎ᠡ᠃ 1946 ᠣᠨ ᠤ ᠨᠠᠮᠤᠷ᠂ ᠵᠢᠷᠭᠠᠯ ᠳᠠᠷᠤᠭ᠎ᠠ ᠠᠩᠬ᠎ᠠ ᠤᠳᠠᠭ᠎ᠠ ᠡᠨᠡ ᠬᠦ ᠴᠡᠷᠢᠭ ᠠᠩᠭᠢ ᠶᠢ ᠳᠠᠭᠠᠭᠤᠯᠤᠨ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠪᠠᠷᠠᠭᠤᠨ ᠬᠡᠰᠡᠭ ᠤᠨ ᠭᠠᠵᠠᠷ ᠣᠷᠣᠨ ᠳᠤ ᠣᠴᠢᠵᠤ ᠳᠡᠭᠡᠷᠡᠮ ᠢ ᠤᠰᠠᠳᠬᠠᠬᠤ ᠠᠶᠠᠨ ᠵᠠᠮ ᠳᠤ ᠡᠪᠦᠭᠡᠳ ᠤᠨ ᠠᠩᠭᠢ ᠶᠢᠨ ᠭᠡᠰᠢᠭᠦᠳ ᠡᠨᠡ ᠬᠦ ︽ᠸᠠᠩ ᠨᠤᠶᠠᠨ︾ ᠢ ᠰᠡᠵᠢᠭᠯᠡᠭᠰᠡᠨ ᠬᠠᠷᠠᠴᠠ ᠪᠠᠷ ᠬᠠᠷᠠᠵᠤ᠂ ᠲᠡᠷᠡ ᠳᠡᠩᠳᠡᠭᠦᠦ ᠵᠠᠯᠠᠭᠤ ᠪᠠᠶᠢᠵᠤ᠂ ᠴᠡᠷᠢᠭ ᠳᠠᠭᠠᠭᠤᠯᠵᠤ ᠪᠠᠶᠢᠯᠳᠤᠭᠠᠨ ᠬᠢᠵᠦ ᠥᠩᠭᠡᠷᠡᠭᠰᠡᠨ ᠬᠥᠮᠦᠨ ᠪᠢᠰᠢ ᠰᠢᠭ ᠰᠠᠨᠠᠭᠳᠠᠵᠤ ᠪᠤᠢ ᠬᠡᠮᠡᠨ ᠵᠢᠷᠭᠠᠯ ᠳᠠᠷᠤᠭ᠎ᠠ ᠶᠢ ᠳᠠᠯᠳᠠᠭᠤᠷ ᠶᠠᠷᠢᠯᠴᠠᠵᠤ ᠪᠠᠶᠢᠭᠰᠠᠨ ᠪᠥᠭᠡᠳ ᠡᠩᠨᠡᠭᠡ ᠶᠢᠨ ᠰᠠᠬᠢᠯᠭ᠎ᠠ ᠪᠠᠲᠤ ᠴᠤ ᠲᠡᠶᠢᠮᠦ ᠰᠠᠶᠢᠨ ᠪᠢᠰᠢ ᠪᠠᠶᠢᠯ᠎ᠠ᠃ ᠶᠠᠭ ᠡᠨᠡ ᠣᠶᠢᠶ᠎ᠠ ᠳᠤ᠂ ᠴᠡᠷᠢᠭ ᠠᠩᠭᠢ   ᠶᠢᠨ ᠳᠡᠭᠡᠭᠦᠷ ᠨᠢᠭᠡ ᠰᠦᠷᠦᠭ ᠭᠠᠯᠠᠭᠤ ᠨᠢᠰᠦᠨ ᠢᠷᠡᠬᠦ ᠳᠤ᠂ ᠬᠡᠨ ᠨᠢᠭᠡ ᠨᠢ ᠬᠤᠰᠢᠭᠤᠨ ᠳᠠᠷᠤᠭ᠎ᠠ ᠭᠤᠸᠠᠢ ᠨᠢᠭᠡ ᠭᠠᠯᠠᠭᠤ ᠶᠢ ᠬᠠᠷᠪᠤᠵᠤ ᠣᠯᠠᠨ ᠳᠤ ᠦᠵᠡᠭᠦᠯᠦᠨ᠎ᠡ ᠭᠡᠵᠦ  ᠬᠠᠰᠬᠢᠷᠬᠤ ᠳᠤ᠂ ᠵᠢᠷᠭᠠᠯ ᠳᠠᠷᠤᠭ᠎ᠠ ᠡᠳᠡᠭᠡᠷ ᠰᠡᠳᠬᠢᠯ ᠤᠨ ᠤᠭ ᠠᠴᠠ ᠪᠠᠨ ᠲᠡᠭᠦᠨ ᠤ ᠵᠢᠯᠣᠭᠤᠳᠤᠯᠭ᠎ᠠ ᠶᠢ ᠬᠦᠯᠢᠶᠡᠬᠦ ᠦᠭᠡᠢ ᠡᠪᠦᠭᠡᠳ ᠤᠨ ᠥᠳᠥᠭᠡᠯᠭᠡ ᠳᠤ ᠬᠠᠨᠳᠤᠭᠤᠯᠵᠤ᠂ ᠶᠠᠭᠠᠷᠠᠵᠤ ᠰᠠᠨᠳᠤᠷᠤᠯ ᠦᠭᠡᠢ ᠪᠠᠷ ᠰᠡᠳᠬᠢᠯ ᠰᠠᠨᠠᠭ᠎ᠠ ᠪᠠᠨ ᠲᠣᠭᠲᠠᠪᠤᠷᠢᠵᠢᠭᠤᠯᠵᠤ ᠂ ᠲᠡᠭᠷᠢ ᠥᠭᠡᠳᠡ‌ᠭᠠᠷ ᠫᠤᠤ ᠪᠠᠨ ᠡᠷᠭᠦᠵᠦ ᠨᠢᠭᠡ ᠬᠠᠷᠪᠤᠭᠰᠠᠨ ᠴᠢᠨᠢ᠂ ᠫᠤᠤ ᠶᠢᠨ ᠳᠠᠭᠤᠨ ᠳᠤᠤᠭᠠᠷᠤᠭᠰᠠᠨ ᠭᠠᠵᠠᠷ  ᠲᠤ᠂ ᠨᠢᠭᠡ ᠭᠠᠯᠠᠭᠤ ᠲᠦᠰ ᠬᠢᠲᠡᠯ᠎ᠠ ᠪᠠᠭᠤᠵᠤ ᠢᠷᠡᠭᠡᠳ ᠡᠪᠦᠭᠡᠳ ᠤᠨ ᠠᠩᠭᠢ ᠶᠢᠨ ᠭᠡᠰᠢᠭᠦᠳ ᠢ ᠰᠣᠴᠢᠭᠠᠪᠠ᠃ ᠡᠪᠦᠭᠡᠳ ᠤᠨ ᠠᠩᠭᠢ ᠶᠢᠨ ᠳᠠᠷᠤᠭ᠎ᠠ ᠪᠠᠶᠢᠭᠰᠠᠨ ᠪᠣᠯᠣᠳ ᠭᠤᠸᠠᠢ ᠦᠷᠭᠦᠯᠵᠢ᠄ 《 ᠪᠢ ᠮᠠᠨ ᠤ ᠸᠠᠩ ᠨᠣᠶᠠᠨ  ᠢᠶᠠᠨ ᠢᠳᠡᠭᠡᠳᠡᠭ᠂ ᠸᠠᠩ ᠨᠤᠶᠠᠨ ᠤ ᠦᠭᠡ ᠶᠢ ᠬᠠᠮᠤᠭ ᠰᠤᠨᠤᠰᠳᠠᠭ 》ᠭᠡᠵᠦ ᠶᠠᠷᠢᠳᠠᠭ᠃ ᠵᠢᠷᠭᠠᠯ ᠳᠠᠷᠤᠭ᠎ᠠ ᠥᠪᠡᠷ ᠢ ᠪᠠᠨ ᠬᠠᠮᠠᠭᠠᠯᠠᠬᠤ ᠠᠩᠭᠢ ᠪᠣᠯᠤᠨ ᠮᠠᠨᠵᠤᠲ᠋ᠦᠨ ᠤ ᠡᠪᠦᠭᠡᠳ ᠤᠨ ᠠᠩᠭᠢ ᠶᠢ ᠲᠠᠭᠠᠭᠤᠯᠤᠨ᠂ ᠨᠢᠭᠡ ᠵᠢᠯ ᠪᠣᠯᠤᠭ᠎ᠠ ᠦᠭᠡᠢ ᠪᠠᠷ ᠠᠷᠪᠠ ᠭᠠᠷᠤᠢ ᠤᠳᠠᠭ᠎ᠠ ᠶᠢᠨ ᠪᠠᠶᠢᠯᠳᠤᠭᠠᠨ ᠢ ᠦᠷᠨᠢᠭᠦᠯᠵᠤ᠂ ᠬᠤᠰᠢᠭᠤᠨ ᠤ ᠳᠣᠲᠣᠷᠠᠬᠢ ᠳᠡᠭᠡᠷᠡᠮ ᠢ ᠤᠰᠠᠳᠬᠠᠨ ᠤᠷᠪᠠᠯᠭᠠᠨ ᠢ ᠲᠦᠪᠰᠢᠳᠬᠡᠪᠡ᠃ ᠰᠢᠨ᠎ᠡ ᠳᠥᠷᠪᠡᠳᠦᠭᠡᠷ ᠠᠷᠮᠠᠢ ᠶᠢᠨ ᠠᠬᠠᠮᠠᠳ ᠺᠠᠳ᠋ᠷ᠂ ᠲᠤᠬᠠᠢ ᠶᠢᠨ ᠦᠶ᠎ᠡ ᠳᠤ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠠᠵᠢᠯ ᠤᠨ ᠵᠦᠪᠯᠡᠯ ᠤᠨ ᠱᠦᠵᠢ  ᠶᠢᠨ ᠲᠤᠰᠢᠶᠠᠯ ᠢ ᠬᠠᠷᠢᠭᠤᠴᠠᠵᠤ ᠪᠠᠶᠢᠭᠰᠠᠨ ᠰᠦᠩ ᠵᠧᠨ ᠳ᠋ᠢᠩ ᠨᠥᠬᠦᠷ ᠬᠡᠯᠡᠬᠦ ᠳᠡᠭᠡᠨ︽ᠵᠢᠷᠭᠠᠯ ᠭᠤᠸᠠᠢ ᠪᠣᠯ ᠣᠷᠣᠨ ᠨᠤᠲᠤᠭ ᠤᠨ ᠴᠡᠷᠢᠭ ᠠᠩᠬᠢ ᠳᠤ ᠪᠠᠶᠢᠬᠤ ᠲᠡᠳᠦᠢ ᠦᠭᠡᠢ᠂ ᠵᠢᠩᠬᠢᠨᠢ ᠴᠡᠷᠢᠭ ᠠᠩᠬᠢ ᠶᠢᠨ ᠳᠣᠲᠣᠷ᠎ᠠ ᠭᠡᠰᠡᠨ ᠴᠤ ᠣᠯᠳᠠᠬᠤᠶ᠎ᠠ ᠪᠡᠷᠬᠡ ᠵᠢᠯᠤᠭᠤᠳᠤᠭᠴᠢ ᠪᠤᠯᠤᠨ᠎ᠠ︾ ᠭᠡᠪᠡ᠃ ᠳᠣᠤᠷ᠎ᠠ ᠵᠢᠷᠭᠠᠯ ᠳᠠᠷᠤᠭ᠎ᠠ ᠶᠢᠨ ᠳᠡᠭᠡᠷᠡᠮ ᠢ ᠤᠰᠠᠳᠬᠠᠵᠤ ᠤᠷᠪᠠᠯᠭᠠᠨ ᠢ ᠲᠦᠪᠰᠢᠳᠬᠡᠬᠦ ᠳᠠᠶᠢᠯᠠᠯᠳᠤᠭᠠᠨ ᠳᠠᠬᠢ ᠬᠤᠶᠠᠷ ᠪᠠᠶᠢᠯᠳᠤᠭᠠᠨ ᠤ ᠵᠢᠱᠢᠶ᠎ᠡ ᠶᠢ ᠳᠤᠷᠠᠳᠤᠶ᠎ᠠ     ᠵᠤᠤᠠ ᠤᠨ ᠳᠠᠪᠠᠭᠠᠨ ᠤ ᠳᠡᠭᠡᠷᠡᠮ ᠢ ᠤᠰᠠᠳᠬᠠᠬᠤ ᠳᠠᠶᠢᠯᠠᠯᠳᠤᠭᠠᠨ᠃ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠪᠠᠷᠠᠭᠤᠨ ᠬᠡᠰᠡᠭ ᠤᠨ ᠵᠤᠤᠠ ᠤᠨ ᠳᠠᠪᠠᠭ᠎ᠠ ᠪᠣᠯ ᠳᠡᠭᠡᠷᠡᠮ ᠤᠨ ᠲᠦᠷᠦᠭᠦᠤ《ᠶᠡᠭᠡ ᠦᠵᠡᠯ》 ᠤᠨ ᠬᠠᠭᠤᠴᠢᠨ ᠡᠭᠦᠷ ᠮᠥᠨ᠂ ᠲᠡᠷᠡ ᠭᠤᠮᠢᠨᠳᠠᠩ ᠤᠨ ᠲᠣᠮᠢᠯᠠᠯᠲᠠ ᠶᠢᠨ ᠪᠢᠴᠢᠭ ᠲᠠᠢ᠂ ᠬᠥᠮᠦᠨ ᠮᠣᠷᠢ ᠬᠤᠶᠠᠷ ᠮᠢᠩᠭ᠎ᠠ ᠭᠡᠳᠡᠭ ᠴᠤᠯᠠ ᠲᠠᠢ᠃ ᠲᠡᠷᠡ ᠡᠩ ᠤᠨ ᠴᠠᠭ ᠲᠠᠭᠠᠨ ᠠᠯᠠᠵᠤ ᠬᠢᠳᠤᠨ ᠪᠤᠯᠢᠶᠠᠨ ᠳᠡᠭᠡᠷᠡᠮᠳᠡᠵᠦ᠂ ᠠᠷᠠᠳ ᠢᠷᠭᠡᠳ ᠢ ᠳᠠᠷᠤᠯᠠᠨ ᠮᠦᠯᠵᠢᠵᠤ᠂ ᠪᠠᠰᠠ ᠦᠷᠭᠦᠯᠵᠢ ᠰᠢᠨ᠎ᠡ ᠪᠠᠷ ᠪᠤᠢ ᠪᠣᠯᠤᠭᠰᠠᠨ ᠵᠠᠰᠠᠭ ᠤᠨ ᠡᠷᠬᠡ ᠶᠢ ᠲᠠᠭᠠᠷᠢᠵᠤ᠂ ᠬᠤᠪᠢᠰᠬᠠᠯ ᠤᠨ ᠺᠠᠳ᠋ᠷ ᠢ ᠬᠤᠤᠷᠯᠠᠨ ᠬᠥᠨᠥᠭᠡᠳᠡᠭ ᠪᠣᠯᠬᠤᠷ ᠨᠢᠭᠦᠯ ᠤᠨ ᠰᠠᠪᠠ ᠨᠢ ᠳᠦᠭᠦᠷᠡᠭᠰᠡᠨ ᠤᠯᠤᠰ ᠲᠦᠷᠦ  ᠶᠢᠨ ᠳᠡᠭᠡᠷᠡᠮ ᠪᠣᠯᠤᠨ᠎ᠠ᠃ 1947 ᠣᠨ ᠤ ᠵᠤᠨ᠂ ᠵᠢᠷᠭᠠᠯ ᠳᠠᠷᠤᠭ᠎ᠠ ᠴᠡᠷᠢᠭ ᠠᠩᠬᠢ ᠪᠠᠨ ᠳᠠᠭᠠᠭᠤᠯᠤᠨ ᠵᠤᠤᠠ  ᠤᠨ ᠳᠠᠪᠠᠭ᠎ᠠ ᠳᠤ ᠣᠷᠣᠵᠤ ᠳᠡᠭᠡᠷᠡᠮ ᠢ ᠤᠰᠠᠳᠬᠠᠬᠤ ᠭᠡᠬᠦ ᠳᠤ ᠳᠡᠭᠡᠷᠡᠮ ‍ᠤᠳ‌ᠵᠤᠤᠠ ᠤᠨ ᠳᠠᠪᠠᠭ᠎ᠠ ᠶᠢᠨ ᠠᠭᠤᠯᠠᠨ ᠭᠤᠤ ᠳᠤ ᠰᠢᠷᠭᠤᠨ ᠤᠷᠤᠭᠰᠠᠨ ᠢ ᠣᠯᠵᠤ ᠮᠡᠳᠡᠪᠡ᠃ ᠵᠢᠷᠭᠠᠯ ᠳᠠᠷᠤᠭ᠎ᠠ ᠠᠭᠤᠯᠠᠨ ᠳᠤ ᠳᠡᠭᠡᠷᠡᠮᠴᠢᠳ ᠪᠦᠭᠭᠦᠵᠦ ᠪᠠᠶᠢᠬᠤ ᠶᠢ ᠮᠡᠳᠡᠵᠦ ᠪᠠᠶᠢᠭᠰᠠᠨ ᠪᠣᠯᠪᠠᠴᠤ ᠳᠠᠶᠢᠰᠤᠨ ᠳᠤ ᠠᠮᠢᠰᠬᠤᠭ᠎ᠠ ᠠᠪᠬᠤ ᠲᠣᠬᠢᠶᠠᠯ ᠣᠯᠭᠤᠬᠤ ᠦᠭᠡᠢ ᠶᠢᠨ ᠲᠥᠯᠥᠭᠡ᠂  ᠲᠡᠷᠠ ᠡᠪᠦᠭᠡᠳ ᠤᠨ ᠴᠡᠷᠢᠭ ᠠᠩᠭᠢ ᠶᠢ ᠦᠯᠡᠳᠡᠭᠡᠵᠦ᠂ ᠥᠪᠡᠷ ᠢᠶᠠᠨ ᠬᠠᠷᠢᠨ ᠴᠡᠷᠢᠭ ᠪᠠᠨ ᠳᠠᠭᠠᠭᠤᠯᠤᠨ ᠠᠭᠤᠯᠠᠨ ᠭᠤᠤ ᠳᠤ ᠳᠠᠭᠠᠷᠢᠨ ᠣᠷᠣᠪᠠ᠃ ᠳᠡᠭᠡᠷᠡᠮᠴᠢᠳ ᠭᠠᠵᠠᠷ ᠤᠨ ᠪᠠᠶᠢᠴᠠ ᠶᠢ ᠰᠠᠶᠢᠨ ᠮᠡᠳᠡᠳᠡᠭ ᠪᠣᠯᠬᠤᠷ ᠥᠪᠡᠷ ᠢ ᠪᠠᠨ ᠬᠠᠮᠠᠭᠠᠯᠠᠬᠤ ᠠᠩᠭᠢ ᠶᠢ ᠪᠦᠰᠡᠯᠡᠨ ᠠᠪᠤᠪᠠ᠃ ᠡᠪᠦᠭᠡᠳ ᠤᠨ ᠠᠩᠭᠢ ᠶᠢᠨ ᠳᠠᠷᠤᠭ᠎ᠠ ᠪᠤᠯᠤᠳ ᠡᠨᠡᠬᠦ ᠲᠦᠭᠰᠢᠭᠦᠷᠲᠦ ᠪᠠᠶᠢᠳᠠᠯ ᠢ ᠦᠵᠡᠮᠡᠭᠴᠡ᠄ ᠸᠠᠩ ᠨᠤᠶᠠᠨ ᠳᠠᠶᠢᠰᠤᠨ ᠳᠤ ᠪᠦᠰᠡᠯᠡᠭᠳᠡᠴᠢᠭᠡᠵᠠᠢ᠂ ᠲᠠᠨᠤᠰ ᠤᠷᠤᠭᠰᠢᠯᠠᠬᠤ ᠦᠭᠡᠢ ᠪᠤᠯ ᠪᠢ ᠬᠤᠶᠢᠰᠢ ᠤᠬᠤᠷᠤᠭᠰᠠᠳ ᠢ ᠠᠯᠠᠨ᠎ᠠ᠂ ᠬᠤᠷᠳᠤᠨ ᠣᠴᠢᠵᠤ ᠸᠠᠩ ᠨᠣᠶᠠᠨ  ᠢ ᠠᠪᠤᠷᠠᠶ᠎ᠠ ᠭᠡᠵᠦ ᠶᠡᠭᠡ ᠳᠠᠭᠤᠨ ᠢᠶᠠᠷ ᠬᠠᠰᠬᠢᠷᠪᠠ᠃ ᠲᠡᠷᠡ ᠨᠢᠭᠡ ᠲᠠᠯ᠎ᠠ ᠪᠠᠷ ᠬᠥᠮᠦᠨ ᠲᠣᠮᠢᠯᠠᠨ ᠲᠤᠰᠠᠯᠠᠭᠤᠯᠵᠤ᠂ ᠨᠦᠬᠦᠭᠡ ᠲᠠᠯ᠎ᠠ ᠪᠠᠷ ᠴᠡᠷᠢᠭ ᠠᠩᠭᠢ ᠪᠠᠨ ᠳᠠᠭᠠᠭᠤᠯᠤᠨ ᠳᠡᠭᠡᠷᠡᠮ ᠤᠷᠤᠭᠤ ᠳᠠᠭᠠᠷᠢᠨ ᠤᠷᠤᠪᠠ᠃ ᠵᠢᠷᠭᠠᠯ ᠳᠠᠷᠤᠭ᠎ᠠ ᠤᠷᠢᠳ ᠢᠶᠠᠷ ᠯᠠᠪᠳᠠᠭᠤᠨ ᠲᠣᠭᠲᠠᠭᠤᠨ ᠢᠶᠠᠷ ᠪᠠᠶᠢᠯᠳᠤᠵᠤ ᠪᠠᠶᠢᠬᠤ ᠳᠤ᠂ ᠡᠪᠦᠭᠡᠳ ᠤᠨ ᠠᠩᠭᠢ ᠳᠠᠶᠢᠰᠤᠨ ᠤ ᠠᠷᠤ ᠲᠠᠯ᠎ᠠ ᠠᠴᠠ ᠡᠷᠡᠮᠬᠡᠶᠢᠯᠡᠨ ᠣᠷᠣᠵᠤ ᠢᠷᠡᠭᠰᠡᠨ ᠠᠴᠠ ᠳᠡᠭᠡᠷᠡᠮ ᠤᠨ ᠬᠦᠴᠦᠨ  ᠳᠦᠷᠪᠡᠨ ᠵᠦᠭ ᠲᠤ ᠪᠤᠳᠠᠷᠠᠨ ᠪᠠᠶᠢᠭ᠎ᠠ ᠴᠠᠭ ᠲᠣᠬᠢᠶᠠᠯ ᠢ ᠦᠵᠡᠵᠤ ᠭᠠᠷᠤᠭᠠᠳ ᠲᠡᠷᠡ ᠳᠠᠷᠤᠢ ᠳᠤᠨᠢ ᠵᠣᠬᠢᠶᠠᠨ ᠪᠠᠶᠢᠭᠤᠯᠤᠨ ᠭᠡᠳᠡᠷᠭᠦ ᠳᠠᠭᠠᠷᠢᠯᠲᠠ ᠬᠢᠵᠦ ᠠᠮᠵᠢᠯᠲᠠ ᠲᠠᠢ ᠪᠠᠷ ᠪᠦᠰᠡᠯᠡᠯᠲᠡ ᠶᠢ ᠰᠢᠪᠲᠤᠯᠪᠠ᠃ ᠳᠡᠭᠡᠷᠡᠮ ᠤᠨ ᠬᠦᠴᠦᠨ ᠮᠠᠭᠤᠲᠠᠵᠤ᠂ ᠳᠥᠷᠪᠡᠨ ᠵᠦᠭ  ᠠᠴᠠ ᠠᠮᠢ ᠵᠢᠭᠤᠲᠠᠬᠤ ᠳᠤ᠂ ᠵᠢᠷᠭᠠᠯ ᠳᠠᠷᠤᠭ᠎ᠠ ᠲᠡᠷᠡ ᠳᠠᠷᠤᠶ ᠳᠤᠨᠢ ᠳᠡᠭᠡᠷᠡᠮ ᠢ ᠪᠦᠷᠢᠮᠦᠰᠦᠨ ᠰᠦᠨᠤᠭᠡᠭᠡᠷᠡᠢ ᠭᠡᠵᠤ ᠵᠠᠷᠯᠢᠭ ᠪᠠᠭᠤᠯᠭᠠᠪᠠ᠃ ᠬᠠᠷᠠᠩᠭᠤᠶ ᠪᠣᠯᠬᠤ ᠠᠴᠠ ᠡᠮᠦᠨ᠎ᠡ ᠣᠯᠠᠩᠬᠢ ᠳᠡᠭᠡᠷᠡᠮ ᠢ ᠤᠰᠠᠳᠬᠠᠵᠤ᠂ ᠵᠠᠷᠢᠮ ᠳᠡᠭᠡᠷᠡᠮᠴᠢᠳ ᠤᠨ ᠭᠡᠷ ᠪᠦᠯᠢ ᠶᠢᠨ ᠬᠢᠨ ᠴᠥᠮ ᠣᠯᠵᠠᠯᠠᠭᠳᠠᠭᠰᠠᠳ ᠪᠣᠯᠵᠠᠶ᠃ ᠰᠡᠭᠦᠯᠡᠷ ᠨᠢ ᠳᠡᠭᠡᠷᠡᠮ ᠤᠨ ᠲᠦᠷᠦᠭᠦᠦ《ᠶᠡᠭᠡ ᠦᠵᠡᠯ》ᠲᠦᠩᠯᠢᠶᠣᠤ ᠳᠤ ᠳᠤᠲᠠᠭᠠᠨ ᠤᠴᠢᠭᠠᠳ ᠳᠡᠮᠡᠢ ᠤᠳᠠᠯ ᠦᠭᠡᠢ ᠮᠠᠨ ᠤ ᠴᠢᠯᠥᠭᠡᠯᠡᠬᠦ ᠴᠡᠷᠢᠭ ᠲᠤ ᠪᠠᠷᠢᠪᠴᠢᠯᠠᠭᠳᠠᠨ ᠠᠯᠠᠭᠳᠠᠪᠠ ᠭᠡᠳᠡᠭ ᠴᠢᠮᠡᠭᠡ ᠶᠢ ᠰᠤᠨᠤᠰᠪᠠ᠃     ᠮᠠᠨᠵᠤᠲ᠋ᠦᠨ ᠤ ᠤᠷᠪᠠᠯᠭᠠᠨ ᠢ ᠲᠦᠪᠰᠢᠳᠬᠡᠪᠡ᠃ 1948 ᠣᠨ ᠤ ᠴᠠᠭᠠᠨ ᠰᠠᠷ᠎ᠠ ᠠᠴᠠ ᠡᠮᠦᠨᠡᠬᠡᠨ᠂ ᠤᠯᠠᠭᠠᠨᠮᠤᠳᠤ ᠮᠠᠨᠵᠤᠲ᠋ᠦᠨ ᠤ ᠡᠪᠦᠭᠡᠳ ᠤᠨ ᠠᠩᠬᠢ ᠶᠢᠨ ᠳᠠᠷᠤᠭ᠎ᠠ ᠪᠤᠯᠤᠳ ᠭᠤᠸᠠᠢ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠥᠪᠡᠷ ᠢ ᠪᠠᠨ ᠬᠠᠮᠠᠭᠠᠯᠠᠬᠤ ᠠᠩᠬᠢ ᠶᠢᠨ ᠳᠠᠷᠤᠭ᠎ᠠ ᠴᠢ ᠵᠧᠨ ᠷᠦᠩ ᠨᠥᠬᠦᠷ ᠢ ᠭᠡᠷ ᠲᠤ  ᠪᠠᠨ ᠤᠷᠢᠵᠤ᠂  ᠤᠯᠠᠭᠠᠨᠮᠤᠳᠤ ᠮᠠᠨᠵᠤᠲ᠋ᠦᠨ ᠳᠤ ᠵᠡᠪᠰᠡᠭᠲᠦ ᠤᠷᠪᠠᠯᠭᠠᠨ ᠭᠠᠷᠬᠤ ᠭᠡᠵᠤ ᠪᠠᠶᠢᠭ᠎ᠠ ᠴᠢᠮᠡᠭᠡ ᠶᠢ ᠴᠢ ᠵᠧᠨ ᠷᠦᠩ ᠨᠥᠬᠦᠷ ᠲᠤ ᠮᠡᠳᠡᠭᠦᠯᠪᠡ᠃ ᠪᠣᠯᠣᠳ᠄ ︽ᠵᠠᠷᠢᠮ ᠬᠥᠮᠦᠨ ᠲᠡᠭᠦᠨ ᠳᠤ ᠵᠡᠷᠭᠡᠯᠡᠳᠡᠭᠡ ᠶᠠᠩ ᠣᠪᠣᠭᠲᠤ  ᠶᠢᠨ ᠠᠶᠢᠯ ᠳᠤ ᠨᠢᠭᠡᠨᠲᠡ ᠭᠠᠵᠠᠷ ᠰᠢᠷᠣᠶ ᠶᠢᠨ ᠥᠭᠡᠷᠡᠴᠢᠯᠡᠯᠲᠡ ᠬᠢᠴᠢᠭᠡᠵᠡᠢ᠂ ᠤᠯᠠᠭᠠᠨᠮᠤᠳᠤ ᠴᠤ ᠤᠳᠠᠯ ᠥᠬᠡᠶ ᠭᠠᠵᠠᠷ ᠰᠢᠷᠣᠶ ᠶᠢᠨ ᠥᠭᠡᠷᠡᠴᠢᠯᠡᠯᠲᠡ ᠬᠢᠨ᠎ᠡ᠂ ᠡᠪ ᠬᠠᠮᠲᠤ ᠨᠠᠮ ᠮᠠᠯ ᠤᠨ ᠡᠵᠡᠳ ᠲᠠᠢ ᠲᠡᠮᠡᠴᠡᠯᠳᠦᠵᠦ᠂ ᠮᠠᠯ ᠣᠨᠤᠭ᠎ᠠ ᠶᠢ ᠬᠤᠪᠢᠶᠠᠬᠤ ᠭᠡᠵᠦ ᠪᠠᠶᠢᠨ᠎ᠠ᠂ ᠪᠢᠳᠡ ᠭᠠᠳᠠᠭᠰᠢ ᠳᠤᠲᠠᠭᠠᠶ᠎ᠠ᠂ ᠲᠡᠳᠡ ᠪᠠᠰᠠ ᠨᠠᠮᠠᠢ ᠳᠠᠶᠢᠴᠢᠯᠠᠨ ᠭᠠᠳᠠᠭᠰᠢ ᠳᠤᠲᠠᠭᠠᠬᠤ ᠪᠠᠷ ᠦᠳᠦᠭᠡᠪᠡ᠂ ᠪᠢ ᠭᠠᠳᠠᠭᠰᠢ ᠳᠤᠲᠠᠭᠠᠬᠤ ᠥᠬᠡᠶ᠂ ᠵᠢᠷᠭᠠᠯ ᠬᠤᠰᠢᠭᠤᠨ ᠳᠠᠷᠤᠭ᠎ᠠ ᠳᠤ ᠬᠡᠯᠡᠵᠦ ᠦᠭ᠂ ᠲᠠᠨᠤᠰ ᠦᠵᠡᠵᠦ ᠪᠠᠶᠢᠭᠠᠳ ᠰᠢᠢᠳᠪᠦᠷᠢᠯᠠᠴᠢᠬ᠎ᠠ︾ ᠭᠡᠵᠡᠶ᠃ ᠦᠭᠡ ᠶᠢᠨ ᠭᠠᠳᠠᠨᠠᠬᠢ ᠤᠳᠬ᠎ᠠ ᠨᠢ ᠮᠠᠯᠵᠢᠬᠤ ᠣᠷᠣᠨ ᠤ ᠠᠷᠠᠳᠴᠢᠯᠠᠭᠰᠠᠨ ᠥᠭᠡᠷᠡᠴᠢᠯᠡᠯᠲᠡ ᠶᠢᠨ ᠲᠤᠬᠠᠢ ᠰᠡᠵᠢᠭᠯᠡᠵᠤ ᠪᠠᠶᠢᠨ᠎ᠠ᠃ ᠴᠢ ᠵᠧᠨ ᠷᠦᠩ ᠨᠥᠬᠦᠷ ᠪᠤᠯᠤᠳ ᠭᠤᠸᠠᠢ ᠶᠢ ᠲᠠᠶᠢᠳᠬᠤᠷᠠᠭᠤᠯᠬᠤ ᠳᠠᠭᠠᠨ᠄ 《 ᠵᠢᠷᠭᠠᠯ ᠳᠠᠷᠤᠭ᠎ᠠ ᠯᠠᠪᠲᠠᠢ ᠠᠷᠭ᠎ᠠ ᠲᠠᠢ ᠶᠤᠮ᠂  ᠤᠴᠢᠷ ᠨᠢ ᠴᠢ ᠨᠢᠭᠡᠨᠲᠡ ᠥᠪᠡᠷ ᠢ ᠪᠠᠨ ᠬᠠᠮᠠᠭᠠᠯᠠᠬᠤ ᠠᠩᠭᠢ ᠳᠤ ᠣᠷᠣᠯᠴᠠᠵᠤ᠂ ᠳᠡᠭᠡᠷᠡᠮ ᠢ ᠤᠰᠠᠳᠬᠠᠨ ᠭᠠᠪᠢᠶ᠎ᠠ ᠪᠠᠶᠢᠭᠤᠯᠤᠭᠰᠠᠨ ᠪᠣᠯᠬᠤᠷ᠂ ᠡᠪ ᠬᠠᠮᠲᠤ ᠨᠠᠮ ᠲᠠᠨᠤᠰ ᠢ ᠯᠠᠪᠲᠠᠢ ᠮᠠᠷᠲᠠᠬᠤ ᠦᠭᠡᠢ ᠶᠤᠮ᠂ ᠪᠢ ᠲᠡᠷᠡ ᠳᠣᠣᠷ᠎ᠠ ᠨᠢ ᠵᠢᠷᠭᠠᠯ  ᠬᠤᠰᠢᠭᠤᠨ ᠳᠠᠷᠤᠭ᠎ᠠ ᠳᠤ ᠤᠴᠢᠵᠤ ᠴᠢᠨᠦ ᠶᠠᠷᠢᠭᠰᠠᠨ ᠴᠢᠬᠤᠯᠠ ᠴᠢᠮᠡᠭᠡ ᠶᠢ ᠮᠡᠳᠡᠭᠦᠯᠦᠶ᠎ᠡ 》ᠭᠡᠵᠡᠶ᠃ ᠴᠢ ᠵᠧᠨ ᠷᠦᠩ ᠭᠤᠸᠠᠢ ᠰᠥᠨᠢ ᠲᠤᠷᠰᠢᠲᠠ ᠮᠣᠷᠳᠠᠵᠤ᠂ ᠳᠠᠷᠠᠭ᠎ᠠ ᠡᠳᠦᠷ ᠨᠢ ᠤᠯᠠᠭᠠᠨᠬᠤᠲᠠ ᠳᠤ ᠬᠦᠷᠴᠦ ᠰᠦᠩ ᠵᠧᠨ ᠳ᠋ᠢᠩ ᠨᠦᠬᠦᠷ ᠪᠣᠯᠤᠨ ᠵᠢᠷᠭᠠᠯ ᠬᠤᠰᠢᠭᠤᠨ ᠳᠠᠷᠤᠭ᠎ᠠ ᠳᠤ ᠡᠨᠡ ᠬᠦ ᠴᠢᠬᠤᠯᠠ ᠪᠠᠶᠢᠳᠠᠯ ᠢ ᠬᠠᠷᠢᠭᠤ ᠮᠡᠳᠡᠭᠦᠯᠦᠭᠰᠡᠨ ᠳᠤ ᠰᠦᠩ ᠵᠧᠨ ᠳ᠋ᠢᠩ ᠲᠡᠷᠡ ᠳᠣᠣᠷ᠎ᠠ ᠨᠢ ᠵᠢᠷᠭᠠᠯ ᠬᠤᠰᠢᠭᠤᠨ ᠳᠠᠷᠤᠭ᠎ᠠ ᠶᠢ ᠮᠠᠨᠵᠤᠲ᠋ᠦᠨ ᠳᠤ ᠶᠠᠪᠤᠭᠤᠯᠵᠤ ᠤᠷᠪᠠᠯᠭᠠᠨ ᠢ ᠲᠦᠪᠰᠢᠳᠬᠡᠬᠦ ᠪᠠᠷ ᠲᠣᠭᠲᠠᠪᠠ᠃ 1948 ᠣᠨ ᠤ 2 ᠰᠠᠷ᠎ᠠ ᠶᠢᠨ 9 ᠤ ᠡᠳᠦᠷ᠂ ᠮᠠᠨᠵᠤᠲ᠋ᠦᠨ ᠳᠤ ᠤᠷᠪᠠᠯᠭᠠᠨ ᠭᠠᠷᠪᠠ᠃ ᠤᠷᠪᠠᠯᠭᠠᠨ ᠤ ᠲᠦᠷᠦᠭᠦᠦ ᠳᠡᠰᠢᠭ ᠰᠤᠬᠤᠷ ︵ᠶᠠᠫᠣᠨ ᠤ ᠬᠠᠭᠤᠷᠮᠠᠭ ᠴᠡᠷᠢᠭ ᠤᠨ ᠲᠠᠩᠨᠠᠭᠤᠯ︶᠂ ᠯᠦᠵᠢᠶᠠᠩ ᠭᠡᠭᠡᠨ ︵ᠲᠡᠷᠰᠯᠡᠭᠦᠦ ᠯᠠᠮᠠ︶᠂  ᠴᠠᠭᠠᠨᠪᠠᠷᠰ ︵ᠲᠡᠷᠰᠯᠡᠭᠦᠦ ᠮᠠᠯ ᠤᠨ ᠡᠵᠡᠨ︶ ᠵᠡᠷᠭᠡ ᠨᠢᠭᠡ ᠪᠦᠯᠦᠭ ᠬᠥᠮᠦᠰ ᠮᠠᠨᠵᠤᠲ᠋ᠦᠨ ᠳᠤ 200 ᠭᠠᠷᠤᠢ ᠬᠥᠮᠦᠨ ᠢ ᠴᠤᠭᠯᠠᠷᠠᠨ᠂ 800 ᠭᠠᠷᠤᠢ ᠮᠣᠷᠢ ᠪᠠᠷ ᠭᠠᠳᠠᠭᠰᠢ ᠳᠤᠲᠠᠭᠠᠬᠤ ᠪᠠᠷ ᠪᠡᠯᠡᠳᠬᠡᠪᠡ᠃ ᠲᠡᠳᠡ ᠤᠷᠢᠳ ᠢᠶᠠᠷ ᠮᠠᠨᠵᠤᠲ᠋ᠦᠨ ᠤ ᠠᠵᠢᠯᠯᠠᠬᠤ ᠠᠩᠭᠢ ᠶᠢ ᠤᠰᠠᠳᠬᠠᠵᠤ᠂ ᠨᠤᠳᠤᠭ ᠤᠨ ᠵᠠᠰᠠᠭ ᠤᠨ ᠣᠷᠳᠣᠨ ᠢ ᠳᠠᠭᠠᠷᠢᠨ ᠴᠣᠬᠢᠵᠤ᠂ ᠳᠠᠷᠠᠭ᠎ᠠ ᠨᠢ ᠠᠷᠤ ᠮᠣᠩᠭᠤᠯ ᠵᠦᠭ ᠳᠤᠲᠠᠭᠠᠨ᠎ᠠ ᠭᠡᠵᠦ ᠬᠤᠪᠢᠯᠳᠤᠵᠤ ᠪᠠᠶᠢᠪᠠ᠃ ᠮᠠᠨᠵᠤᠲ᠋ᠦᠨ ᠤ ᠠᠵᠢᠯᠯᠠᠬᠤ ᠠᠩᠭᠢ ᠶᠢᠨ ᠡᠷᠳᠡᠨᠢᠳᠠᠯᠠᠢ ᠠᠩᠭᠢ ᠶᠢᠨ ᠳᠠᠷᠤᠭ᠎ᠠ ᠤᠷᠢᠳ ᠢᠶᠠᠷ ᠤᠷᠪᠠᠭᠰᠠᠨ ᠳᠡᠭᠡᠷᠡᠮ ᠤᠨ ᠬᠥᠳᠡᠯᠦᠯ ᠢ ᠡᠵᠡᠮᠰᠢᠵᠦ᠂ ᠰᠠᠮᠪᠠᠭᠠᠲᠠᠢ ᠪᠠᠷ ᠤᠷᠪᠠᠭᠰᠠᠨ ᠳᠡᠭᠡᠷᠡᠮ ᠤᠨ ᠨᠡᠬᠡᠮᠵᠢᠯᠡᠯ ᠠᠴᠠ ᠮᠤᠯᠲᠤᠷᠠᠵᠤ᠂ ᠬᠢᠵᠠᠭᠠᠷ ᠬᠤᠰᠢᠭᠤᠨ ᠳᠤ ᠬᠦᠷᠴᠦ ᠲᠤᠰᠠᠯᠠᠮᠵᠢ ᠭᠤᠶᠤᠬᠤ ᠶᠢᠨ ᠬᠠᠮᠲᠤ ᠤᠯᠠᠭᠠᠨᠬᠤᠲᠠ ᠶᠢᠨ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠳᠤ ᠤᠲᠠᠰᠤᠳᠠᠵᠤ ᠪᠠᠶᠢᠳᠠᠯ ᠢ ᠮᠡᠳᠡᠭᠦᠯᠪᠡ᠃  ᠬᠢᠵᠠᠭᠠᠷ ᠬᠤᠰᠢᠭᠤᠨ ᠤ ᠬᠤᠰᠢᠭᠤᠨ ᠳᠠᠷᠤᠭ᠎ᠠ ᠢᠷᠦᠭᠡᠯᠴᠢ ᠪᠣᠯᠤᠨ ᠰᠣᠯᠣᠨ ᠳᠤ ᠰᠠᠭᠤᠭ᠎ᠠ ᠴᠡᠷᠢᠭ ᠠᠩᠭᠢ ᠬᠠᠷᠢᠯᠴᠢᠨ ᠰᠣᠳᠤᠯᠤᠭᠰᠠᠨ ᠤ ᠳ᠋ᠦᠩ᠂ ᠨᠢᠭᠡ ᠶᠡᠭᠡ ᠫᠤᠤᠲᠤ ᠴᠡᠷᠢᠭ ᠤᠨ ᠰᠤᠮᠤ ᠪᠣᠯᠤᠨ ᠨᠢᠭᠡ ᠮᠣᠷᠢᠲᠤ ᠴᠡᠷᠢᠭ ‍ᠤᠨ‌‍ᠰᠤᠮᠤ ᠲᠣᠮᠢᠯᠠᠨ  ᠮᠠᠨᠵᠤᠲ᠋ᠦᠨ ᠳᠤ ᠤᠷᠤᠵᠤ ᠰᠠᠭᠤᠵᠠᠢ᠃ ᠤᠷᠪᠠᠯᠭᠠᠨ ᠠᠴᠠ ᠡᠮᠦᠨᠡᠬᠢ ᠡᠳᠦᠷ᠂ ᠲᠤᠬᠠᠶᠢᠯᠠᠪᠠᠯ 2 ᠰᠠᠷ᠎ᠠ ᠶᠢᠨ 8 ᠤ ᠡᠳᠦᠷ ᠤᠨ ᠦᠳᠡ ᠳᠤ ᠮᠠᠨᠵᠤᠲ᠋ᠦᠨ ᠳᠤ ᠬᠦᠷᠴᠤ᠂ ᠬᠡᠳᠦᠨ ᠶᠡᠭᠡ ᠦᠭᠡᠷ ᠫᠤᠤ ᠪᠠᠷ ᠵᠡᠷᠭᠡ  ᠳᠤᠨᠢ ᠮᠠᠨᠵᠤᠲ᠋ᠦᠨ ᠤ ᠠᠶᠢᠯ ᠤᠨ ᠳᠡᠷᠭᠡᠲᠡᠭᠦᠷ ᠳᠡᠯᠪᠡᠴᠢᠵᠦ᠂ ᠤᠷᠪᠠᠭᠰᠠᠨ ᠴᠡᠷᠢᠭ ᠤᠳ ᠶᠡᠭᠡ ᠫᠤᠤᠲᠤ ᠴᠡᠷᠢᠭ ᠤᠨ ᠬᠦᠴᠦᠷᠬᠡᠭ ᠶᠡᠭᠡ ᠰᠦᠷ ᠬᠦᠴᠦᠨ ᠠᠴᠠ ᠰᠦᠷᠳᠡᠵᠦ᠂ ᠨᠤᠲᠤᠭ ᠤᠨ ᠵᠠᠰᠠᠭ ᠤᠨ ᠣᠷᠳᠣᠨ ᠢ ᠳᠠᠭᠠᠷᠢᠬᠤ ᠪᠤᠳᠤᠯ  ᠢᠶᠠᠨ ᠲᠠᠶᠠᠭᠳᠠᠵᠤ᠂ 200 ᠭᠠᠷᠤᠶ ᠤᠷᠪᠠᠯᠭᠠᠨ ᠳᠤ ᠤᠷᠤᠯᠴᠠᠭᠰᠠᠨ ᠬᠦᠮᠦᠰ ᠢ ᠰᠦᠷᠳᠡᠭᠦᠯᠵᠦ᠂ 800 ᠭᠠᠷᠤᠶ ᠮᠣᠷᠢ ᠶᠢ ᠲᠠᠭᠤᠵᠤ᠂ ᠰᠡᠩᠳᠡ ᠮᠡᠩᠳᠡ ᠰᠣᠯᠣᠨ ᠠᠭᠤᠯᠠᠨ ᠳᠤ ᠳᠤᠲᠠᠭᠠᠨ ᠣᠴᠢᠪᠠ᠃ 2 ᠰᠠᠷ᠎ᠠ ᠶᠢᠨ 10 ᠤ ᠡᠳᠦᠷ ᠤᠨ ᠥᠷᠯᠥᠭᠡ᠂ ᠵᠢᠷᠭᠠᠯ ᠬᠤᠰᠢᠭᠤᠨ ᠳᠠᠷᠤᠭ᠎ᠠ ᠤᠷᠪᠠᠯᠭᠠᠨ ᠢ ᠲᠦᠪᠰᠢᠳᠬᠡᠬᠦ ᠴᠡᠷᠢᠭ ᠠᠩᠭᠢ ᠪᠠᠨ ᠳᠠᠭᠠᠭᠤᠯᠤᠨ ᠮᠠᠨᠵᠤᠲ᠋ᠦᠨ ᠳᠤ ᠬᠦᠷᠴᠦ᠂ ᠬᠢᠵᠠᠭᠠᠷ ᠬᠤᠰᠢᠭᠤᠨ ᠤ ᠫᠤᠤᠲᠤ ᠴᠡᠷᠢᠭ ᠤᠨ ᠰᠤᠮᠤ᠂ ᠮᠣᠷᠢᠲᠤ ᠴᠡᠷᠢᠭ  ᠤᠨ ᠰᠤᠮᠤ ᠲᠠᠢ ᠨᠡᠶᠢᠯᠡᠵᠦ᠂ ᠪᠤᠷᠪᠢ ᠮᠤᠰᠬᠢᠯ ᠦᠭᠡᠢ ᠪᠠᠷ ᠤᠷᠤᠭᠰᠢᠯᠠᠵᠤ ᠤᠷᠪᠠᠭᠰᠠᠨ ᠳᠡᠭᠡᠷᠡᠮ ᠢ ᠮᠥᠷᠳᠡᠨ ᠴᠣᠬᠢᠪᠠ᠃ ᠬᠡᠳᠦᠨ ᠡᠳᠦᠷ ᠤᠨ ᠳᠠᠷᠠᠭ᠎ᠠ᠂ ᠪᠣᠭᠳᠠ ᠠᠭᠤᠯᠠᠨ ᠳᠤ ᠤᠷᠪᠠᠭᠰᠠᠨ ᠳᠡᠭᠡᠷᠡᠮᠴᠢᠳ 20 ᠬᠡᠳᠦᠨ ᠲᠦᠳᠡᠭ ᠭᠠᠯ ᠨᠣᠴᠣᠭᠠᠵᠤ᠂ ᠬᠤᠭᠤᠯᠠ ᠬᠢᠵᠦ ᠠᠮᠠᠷᠠᠵᠤ ᠪᠠᠶᠢᠬᠤ ᠶᠢ ᠤᠯᠵᠤ ᠮᠡᠳᠡᠪᠡ᠃ ᠵᠢᠷᠭᠠᠯ ᠳᠠᠷᠤᠭ᠎ᠠ ᠴᠡᠷᠢᠭ ᠠᠩᠭᠢ ᠶᠢ ᠵᠢᠯᠣᠭᠤᠳᠤᠨ ᠭᠤᠷᠪᠠᠨ ᠵᠠᠮ ᠬᠤᠪᠢᠶᠠᠨ ᠤᠷᠪᠠᠭᠰᠠᠨ ᠳᠡᠭᠡᠷᠡᠮ ᠢ ᠪᠦᠰᠡᠯᠡᠪᠡ᠃ ᠨᠢᠭᠡᠳᠦᠭᠡᠷ ᠵᠠᠮ ᠤᠨ ᠴᠡᠷᠢᠭ ᠤᠨ ᠭᠤᠣᠯ ᠬᠦᠴᠦᠨ ᠢ ᠸᠠᠩ ᠪᠠᠲᠯᠢᠶᠣᠨ ᠳᠠᠷᠤᠭ᠎ᠠ ᠠᠮᠤᠷᠮᠠᠨᠳᠤ ︵ᠤᠯᠠᠭᠠᠨᠮᠤᠳᠤ ᠨᠤᠲᠤᠭ ᠲᠠᠢ︶ ᠵᠢᠯᠣᠭᠤᠳᠤᠨ᠂ ᠠᠰᠢᠭᠲᠠᠢ ᠭᠠᠵᠠᠷ ᠤᠨ ᠪᠠᠶᠢᠴᠠ ᠶᠢ ᠡᠵᠡᠯᠡᠵᠦ᠂ ᠳᠠᠶᠢᠰᠤᠨ ᠤ ᠡᠮᠦᠨ᠎ᠡ ᠵᠦᠭ ᠳᠠᠭᠠᠷᠢᠪᠠ᠃ ᠬᠤᠶᠠᠳᠤᠭᠠᠷ ᠵᠠᠮ ᠤᠨ ᠴᠡᠷᠢᠭ ᠢ ᠵᠠᠪᠠ᠂ ᠮᠥᠩᠬᠡ ᠬᠤᠶᠠᠭᠤᠯᠠ 20 ᠪᠠᠶᠢᠯᠳᠤᠭᠴᠢ ᠳᠠᠭᠠᠭᠤᠯᠤᠨ᠂ 5 ᠫᠦᠯᠧᠮᠶᠣᠲ ᠠᠪᠴᠤ ᠤᠷᠪᠠᠭᠰᠠᠨ ᠳᠡᠭᠡᠷᠡᠮᠴᠢᠳ ᠤᠨ ᠬᠤᠸᠠᠷᠠᠨ ᠢ ᠲᠣᠭᠤᠷᠢᠨ ᠭᠠᠷᠴᠤ᠂ ᠤᠷᠪᠠᠭᠰᠠᠨ ᠳᠡᠭᠡᠷᠡᠮ ᠤᠨ ᠳᠤᠲᠠᠭᠠᠵᠤ ᠮᠡᠳᠡᠬᠦ ᠵᠠᠮ ᠤᠨ ᠬᠡᠰᠡᠭ ᠲᠤ ᠪᠦᠭᠭᠦᠭᠰᠡᠨ ᠴᠡᠷᠢᠭ ᠭᠠᠷᠭᠠᠵᠤ᠂ ᠤᠷᠪᠠᠭᠰᠠᠨ ᠳᠡᠭᠡᠷᠡᠮ ᠢ ᠬᠤᠷᠢᠭᠯᠠᠨ ᠴᠣᠬᠢᠪᠠ᠃ ᠵᠢᠷᠭᠠᠯ ᠳᠠᠷᠤᠭ᠎ᠠ ᠭᠤᠷᠪᠠᠳᠤᠭᠠᠷ ᠵᠠᠮ ᠤᠨ ᠴᠡᠷᠢᠭ ᠢ ᠵᠠᠷᠯᠢᠭᠳᠠᠨ ᠳᠤᠳᠤᠪᠤᠤ ᠵᠡᠷᠭᠡ ᠠᠷᠪᠠᠨ ᠬᠡᠳᠦᠨ ᠪᠠᠶᠢᠯᠳᠤᠭᠴᠢ  ᠶᠢ ᠪᠠᠶᠢᠯᠳᠤᠭᠠᠨ ᠡᠬᠢᠯᠡᠬᠦ ᠲᠠᠰᠢᠷᠠᠮ ᠢᠶᠠᠷ ᠤᠷᠪᠠᠭᠰᠠᠨ ᠳᠡᠭᠡᠷᠡᠮ ᠳᠤ ᠪᠤᠯᠢᠶᠠᠭᠳᠠᠨ ᠠᠪᠠᠴᠢᠭᠳᠠᠭᠰᠠᠨ ᠠᠳᠤᠭᠤᠨ ᠰᠦᠷᠦᠭ ᠤᠳ ᠢ ᠪᠤᠯᠢᠶᠠᠨ ᠠᠪᠠᠴᠢᠭᠰᠠᠨ ᠠᠴᠠ ᠤᠷᠪᠠᠭᠰᠠᠨ ᠳᠡᠭᠡᠷᠡᠮ ᠮᠣᠷᠢ ᠦᠭᠡᠢ ᠪᠣᠯᠣᠭᠠᠳ ᠳᠤᠲᠠᠭᠠᠬᠤ ᠵᠠᠮ ᠦᠭᠡᠢ ᠪᠤᠯᠪᠠ᠃ ᠰᠥᠨᠢ ᠶᠢᠨ 12 ᠴᠠᠭ ᠪᠣᠯᠬᠤ ᠳᠤ᠂ ᠮᠠᠨ ᠤ ᠤᠷᠪᠠᠯᠭᠠᠨ ᠢ ᠲᠦᠪᠰᠢᠳᠬᠡᠬᠦ ᠴᠡᠷᠢᠭ ᠠᠩᠬᠢ ᠶᠢᠨ ᠬᠡᠳᠦᠨ ᠵᠠᠮ ᠤᠨ ᠴᠡᠷᠢᠭ ᠮᠣᠷᠢ ᠳᠡᠭᠡᠷᠡᠮᠴᠢᠳ ᠤᠨ ᠰᠦᠷᠦᠭ ᠲᠤ ᠴᠦᠮᠦᠷᠡᠨ ᠤᠷᠤᠵᠤ᠂ ᠫᠦᠯᠧᠮᠶᠤᠲ᠂ ᠶᠠᠪᠠᠭᠠᠨ ᠫᠤᠤ ᠵᠡᠷᠭᠡ ᠪᠠᠷ ᠰᠢᠭᠦᠷᠳᠡᠨ ᠫᠤᠤᠳᠠᠵᠤ᠂ ᠭᠠᠷᠨᠠᠲᠠ ᠳᠡᠯᠪᠡᠷᠡᠬᠦ ᠳᠠᠭᠤᠨ ᠲᠡᠭᠷᠢ ᠭᠠᠵᠠᠷ ᠢ ᠳᠤᠩᠰᠤᠯᠭᠠᠵᠤ᠂ ᠤᠷᠪᠠᠯᠭᠠᠨ ᠢ ᠲᠦᠪᠰᠢᠳᠬᠡᠬᠦ ᠴᠡᠷᠢᠭ ᠶᠠᠭ ᠯᠠ ᠲᠩᠷᠢ ᠠᠴᠠ ᠪᠠᠭᠤᠭᠰᠠᠨ ᠰᠠᠬᠢᠭᠤᠯᠰᠤᠨ ᠤ ᠴᠡᠷᠢᠭ   ᠮᠡᠲᠦ ᠨᠢᠴᠠ ᠳᠠᠷᠤᠨ ᠴᠤᠬᠢᠭᠰᠠᠨ ᠠᠴᠠ᠂ ᠳᠠᠶᠢᠰᠤᠨ ᠤ ᠲᠣᠯᠣᠭᠠᠶ ᠡᠷᠭᠢᠵᠦ ᠨᠢᠳᠦ ᠡᠷᠢᠶᠡᠯᠵᠡᠨ ᠵᠢᠭᠰᠠᠭᠠᠯ ᠨᠢ ᠶᠡᠭᠡ ᠪᠠᠷ ᠰᠠᠮᠠᠭᠤᠷᠠᠵᠤ᠂ ᠳᠡᠭᠡᠷᠡᠮᠴᠢᠳ ᠵᠦᠭ ᠵᠦᠭ ᠲᠡᠭᠡᠨ ᠳᠤᠲᠠᠭᠠᠨ ᠪᠤᠳᠠᠷᠠᠨ ᠤᠬᠤᠷᠢᠪᠠ᠃ ᠪᠠᠶᠢᠯᠳᠤᠭᠠᠨ ᠨᠢᠭᠡ ᠴᠠᠭ ᠬᠢᠷᠢᠲᠠᠢ ᠦᠷᠭᠦᠯᠵᠢᠯᠡᠵᠦ᠂ ᠳᠡᠭᠡᠷᠡᠮ ᠤᠨ ᠭᠤᠣᠯ ᠬᠦᠴᠦᠨ ᠴᠣᠬᠢᠭᠳᠠᠨ ᠰᠠᠷᠨᠢᠵᠤ᠂ 160 ᠭᠠᠷᠤᠶ ᠤᠷᠪᠠᠯᠭᠠᠨ ᠤ ᠴᠡᠷᠢᠭ ᠤᠳ  ᠰᠢᠭᠤᠶ ᠠᠴᠠ ᠭᠠᠷᠴᠤ ᠵᠡᠪᠰᠡᠭ ᠢᠶᠠᠨ ᠲᠤᠰᠢᠶᠠᠨ ᠪᠠᠭᠤᠵᠤ ᠥᠭᠪᠡ᠃ ᠳᠤᠳᠤᠪᠤᠤ ᠵᠡᠷᠭᠡ ᠬᠥᠮᠦᠰ ᠳᠠᠶᠢᠰᠤᠨ ᠤ ᠭᠠᠷ ᠠᠴᠠ 700 ᠭᠠᠷᠤᠢ ᠠᠭᠲᠠ ᠬᠦᠯᠦᠭ ᠶᠢ ᠪᠤᠯᠢᠶᠠᠨ ᠠᠪᠤᠪᠠ᠃ ᠤᠷᠪᠠᠯᠭᠠᠨ ᠢ ᠲᠦᠪᠰᠢᠳᠬᠡᠭᠰᠡᠨ ᠴᠡᠷᠢᠭ ᠠᠩᠬᠢ ᠰᠢᠬᠠᠮᠳᠠᠭᠳᠠᠨ ᠤᠷᠤᠭᠰᠠᠨ ᠪᠦᠬᠦ ᠮᠠᠯᠴᠢᠳ ᠢ ᠠᠪᠤᠷᠠᠨ ᠭᠠᠷᠭᠠᠵᠤ᠂ ᠶᠡᠭᠡ ᠬᠡᠮᠵᠢᠶᠡᠨ ᠤ ᠫᠤᠤ ᠵᠡᠪᠰᠡᠭ ᠰᠤᠮᠤ ᠳᠠᠷᠢ ᠪᠠ ᠳᠦᠷᠪᠡᠨ ᠲᠤᠮᠤ ᠮᠤᠷᠢᠨ ᠲᠡᠷᠭᠡ ᠶᠢ ᠳᠦᠭᠦᠷᠲᠡᠯ᠎ᠡ ᠰᠠᠪᠠᠯᠠᠭᠰᠠᠨ ᠪᠤᠰᠤᠳ ᠡᠳ᠋ ᠪᠣᠳᠠᠰ ᠢ ᠣᠯᠵᠠᠯᠠᠵᠤ᠂ ᠢᠯᠠᠯᠲᠠ ᠪᠠᠷ ᠪᠤᠴᠠᠵᠤ ᠢᠷᠡᠪᠡ᠃ ᠪᠣᠭᠳᠠ ᠠᠭᠤᠯᠠ ᠶᠢᠨ ᠳᠠᠶᠢᠯᠠᠯᠳᠤᠭᠠᠨ  ᠳᠤ ᠴᠣᠬᠢᠭᠳᠠᠨ ᠪᠤᠲᠠᠷᠠᠭᠰᠠᠨ ᠤᠷᠪᠠᠭᠰᠠᠨ ᠳᠡᠭᠡᠷᠡᠮ  ᠯᠦᠵᠢᠶᠠᠩ ᠭᠡᠭᠡᠨ  ᠦᠪᠦᠷ ᠵᠢᠯᠠᠭ᠎ᠠ ᠭᠠᠴᠠᠭ᠎ᠠ ᠶᠢᠨ ᠮᠠᠯᠴᠢᠨ  ᠤ ᠭᠡᠷ ᠲᠤ ᠳᠤᠲᠠᠭᠠᠨ ᠣᠴᠢᠵᠤ ᠳᠠᠯᠳᠠᠯᠠᠵᠤ ᠪᠠᠶᠢᠭᠠᠳ ᠭᠠᠴᠠᠭᠠᠨ ᠳᠠᠷᠤᠭ᠎ᠠ ︵ᠱᠧᠶ᠋ᠢᠩ︶ ᠳᠤ ᠪᠠᠷᠢᠪᠴᠢᠯᠠᠭᠳᠠᠪᠠ᠃ ᠤᠷᠪᠠᠭᠰᠠᠨ ᠳᠡᠭᠡᠷᠡᠮ ᠤᠨ ᠲᠦᠷᠦᠭᠦᠦ ᠲᠡᠰᠢᠭ ᠰᠣᠬᠤᠷ ᠵᠡᠷᠭᠡ 30 ᠭᠠᠷᠤᠢ ᠬᠥᠮᠦᠨ ᠠᠭᠯᠠᠭ ᠠᠭᠤᠯᠠᠨ ᠤ ᠢᠭ᠌ᠴᠢ ᠣᠢ ᠳᠤ ᠳᠤᠲᠠᠭᠠᠨ ᠣᠷᠣᠵᠤ ᠪᠢᠳᠡᠨ ᠲᠠᠢ ᠲᠤᠭᠤᠷᠢᠨ ᠪᠠᠶᠢᠯᠳᠤᠪᠠ᠃ ᠤᠯᠠᠭᠠᠨᠮᠤᠳᠤ ᠨᠤᠲᠤᠭ ᠤᠨ ᠳᠠᠷᠤᠭ᠎ᠠ ᠠᠮᠤᠷᠮᠡᠨᠳᠦ ᠭᠤᠸᠠᠢ ᠲᠡᠷᠠ ᠳᠠᠷᠤᠢ ᠬᠤᠷᠴᠠ ᠱᠠᠯᠠᠮᠠᠭᠠᠢ ᠰᠠᠯᠪᠤᠷᠢ ᠪᠠᠭ᠎ᠠ  ᠠᠩᠭᠢ ᠪᠠᠶᠢᠭᠤᠯᠵᠤ ᠡᠨᠡ ᠪᠦᠯᠦᠭ ᠦᠯᠡᠳᠡᠭᠳᠡᠯ ᠳᠡᠭᠡᠷᠡᠮ ᠢ ᠨᠡᠬᠡᠮᠵᠢᠯᠡᠨ ᠤᠰᠠᠳᠬᠠᠪᠠ᠃  ᠬᠤᠰᠢᠭᠤᠲᠤ ᠶᠢᠨ ᠳᠠᠪᠠᠭᠠᠨ ᠤ ᠪᠠᠶᠢᠯᠳᠤᠭᠠᠨ ᠳᠤ ᠳᠠᠶᠢᠰᠤᠨ ᠣᠯᠠᠨ ᠪᠢᠳᠡ ᠴᠥᠭᠡᠨ ᠪᠣᠯᠬᠤᠷ ᠰᠠᠯᠪᠤᠷᠢ ᠪᠠᠭ᠎ᠠ ᠠᠩᠭᠢ ᠬᠡᠳᠦᠭᠡᠨ ᠳᠡᠭᠡᠷᠡᠮ ᠢ ᠠᠯᠠᠭᠰᠠᠨ ᠪᠣᠯᠪᠠᠴᠤ ᠤᠯᠠᠩᠬᠢ ᠤᠷᠪᠠᠭᠰᠠᠨ ᠳᠡᠭᠡᠷᠡᠮ ᠢ ᠪᠦᠷ ᠲᠤᠲᠠᠯᠭᠠᠴᠢᠬᠠᠵᠠᠢ᠃ ᠰᠠᠯᠪᠤᠷᠢ ᠪᠠᠭ᠎ᠠ ᠠᠩᠭᠢ ᠳᠤ ᠣᠷᠣᠯᠴᠠᠭᠰᠠᠨ ᠱᠧᠶ᠋ᠢᠩ ᠨᠥᠬᠦᠷ ᠪᠠᠶᠢᠯᠳᠤᠭᠠᠨ ᠤ ᠳᠤᠮᠳᠠ ᠡᠷᠡᠯᠬᠡᠭ ᠪᠠᠭᠠᠲᠤᠷᠯᠢᠭ ᠢᠶᠠᠷ ᠪᠡᠶ᠎ᠡ ᠦᠷᠡᠭᠳᠡᠪᠡ᠃ ᠵᠢᠷᠭᠠᠯ ᠳᠠᠷᠤᠭ᠎ᠠ ᠪᠠᠭ᠎ᠠ ᠠᠩᠭᠢ ᠶᠢᠨ ᠮᠡᠳᠡᠭᠦᠯᠦᠯᠲᠡ ᠶᠢ ᠣᠯᠤᠭᠰᠠᠨ ᠤ ᠳᠠᠷᠠᠭ᠎ᠠ᠂ ᠨᠢᠭᠡ ᠰᠤᠮᠤᠨ ᠤ ᠴᠡᠷᠢᠭ ᠠᠩᠭᠢ ᠶᠢ ᠨᠡᠮᠡᠨ ᠲᠣᠮᠢᠯᠠᠵᠤ᠂ ᠣᠯᠠᠨ ᠫᠦᠯᠧᠮᠶᠣᠲ ᠪᠤᠯᠤᠨ 6 ᠮᠢᠨᠠᠮᠢᠶᠤᠲ ᠲᠣᠬᠢᠷᠠᠭᠤᠯᠵᠤ ᠰᠠᠯᠪᠤᠷᠢ ᠪᠠᠭ᠎ᠠ ᠠᠩᠭᠢ ᠶᠢ ᠲᠤᠰᠠᠯᠠᠪᠠ᠂ 1949 ᠣᠨ ᠤ 5 ᠰᠠᠷ᠎ᠠ ᠳᠤ᠂ ᠭᠤᠤᠲᠠ ᠶᠢᠨ ᠳᠠᠶᠢᠯᠠᠯᠳᠤᠭᠠᠨ ᠳᠤ ᠭᠤᠴᠢ ᠭᠠᠷᠤᠶ ᠦᠯᠡᠳᠡᠭᠳᠡᠯ ᠳᠡᠭᠡᠷᠡᠮ ᠢ ᠠᠮᠢᠳᠤ ᠪᠠᠷ ᠨᠢ ᠪᠠᠷᠢᠵᠠᠶ᠃ ᠳᠡᠭᠡᠷᠡᠮ ᠤᠨ ᠲᠦᠷᠦᠭᠦᠦ ᠲᠡᠰᠢᠭ ᠰᠣᠬᠤᠷ ᠵᠡᠷᠭᠡ ᠬᠡᠳᠦᠨ ᠬᠥᠮᠦᠨ ᠮᠣᠩᠭᠤᠯ ᠤᠯᠤᠰ  ᠤᠨ ᠬᠢᠯᠢ ᠳᠤ ᠳᠤᠲᠠᠭᠠᠨ ᠤᠷᠤᠵᠤ ᠮᠣᠩᠭᠤᠯ ᠤᠨ ᠬᠢᠯᠢ ᠶᠢᠨ ᠴᠡᠷᠢᠭ ᠲᠤ ᠪᠠᠷᠢᠭᠳᠠᠪᠠ᠃ 1950 ᠣᠨ ᠤ ᠡᠬᠢ  ᠪᠠᠷ᠂ ᠮᠣᠩᠭᠤᠯ ᠤᠨ ᠲᠠᠯ᠎ᠠ ᠡᠴᠠ‌‍ᠲ᠋ᠡᠰᠢᠭ ᠰᠤᠬᠤᠷ ᠢ ᠮᠠᠨ ᠤ ᠲᠠᠯ᠎ᠠ ᠳᠤ ᠰᠢᠯᠵᠢᠭᠦᠯᠦᠨ ᠲᠤᠰᠢᠶᠠᠵᠤ᠂  ᠳᠡᠭᠡᠷᠡᠮ ᠲᠡᠰᠢᠭ ᠰᠤᠬᠤᠷ ᠮᠠᠨ ᠤ ᠭᠢᠨᠳᠠᠨ ᠳᠤ ᠲᠡᠭᠦᠨ ᠤ ᠶᠠᠯ᠎ᠠ ᠬᠢᠯᠢᠨᠴᠢᠲᠦ ᠨᠢᠭᠡ ᠨᠠᠰᠤ ᠪᠠᠨ ᠡᠴᠦᠰᠯᠡᠭᠦᠯᠪᠡ᠃ ᠨᠢᠭᠡ ᠵᠢᠯ  ᠤᠨ ᠲᠤᠷᠰᠢᠬᠢ ᠳᠡᠭᠡᠷᠡᠮ ᠢ ᠤᠰᠠᠳᠬᠠᠬᠤ ᠪᠠ ᠤᠷᠪᠠᠯᠭᠠᠨ ᠢ ᠲᠦᠪᠰᠢᠳᠬᠡᠬᠦ ᠪᠠᠶᠢᠯᠳᠤᠭᠠᠨ ᠤ ᠢᠯᠠᠯᠲᠠ ᠨᠢ ᠬᠥᠳᠡᠭᠡ ᠲᠣᠰᠬᠤᠨ ᠤ ᠭᠠᠵᠠᠷ ᠲᠠᠷᠢᠶᠠᠨ ᠤ ᠥᠭᠡᠷᠡᠴᠢᠯᠡᠯᠲᠡ ᠪᠠ ᠮᠠᠯᠵᠢᠬᠤ ᠣᠷᠣᠨ ᠤ ᠠᠷᠠᠳᠴᠢᠯᠠᠭᠰᠠᠨ ᠥᠭᠡᠷᠡᠴᠢᠯᠡᠯᠲᠡ  ᠶᠢᠨ ᠤᠷᠤᠭᠰᠢᠲᠠᠶ ᠶᠠᠪᠤᠭᠳᠠᠬᠤ ᠶᠢ ᠪᠠᠲᠤᠯᠠᠵᠤ᠂ ᠤᠯᠠᠭᠠᠨᠬᠤᠲᠠ ᠪᠠᠷ ᠲᠥᠪ ᠪᠣᠯᠭᠠᠭᠰᠠᠨ ᠬᠢᠩᠭᠠᠨ ᠠᠶᠢᠮᠠᠭ ᠤᠨ ᠡᠯ᠎ᠡ ᠬᠤᠰᠢᠭᠤ ᠰᠢᠶᠠᠨ ᠢ ᠪᠠᠭᠲᠠᠭᠠᠭᠰᠠᠨ ᠥᠷᠭᠡᠨ ᠠᠭᠤᠳᠠᠮ ᠬᠤᠪᠢᠰᠬᠠᠯ ᠤᠨ ᠰᠠᠭᠤᠷᠢᠨ ᠭᠠᠵᠠᠷ ᠢ ᠪᠠᠶᠢᠭᠤᠯᠵᠠᠶ᠃ ᠠᠳᠡᠬᠢ ᠤᠷᠪᠠᠭᠰᠠᠨ ᠳᠡᠭᠡᠷᠡᠮᠴᠤᠳ ᠪᠦᠷ ᠰᠥᠨᠥᠭᠡᠭᠳᠡᠪᠡ᠂ ᠭᠤᠮᠢᠨᠳᠠᠩ ᠤᠨ ᠰᠡᠷᠭᠦᠭᠡᠨ ᠮᠠᠨᠳᠤᠭᠤᠯᠬᠤ ᠴᠡᠷᠢᠭ ᠴᠦ ᠣᠷᠣᠵᠤ ᠢᠷᠡᠵᠤ ᠳᠡᠶᠢᠯᠦᠬᠦ ᠦᠭᠡᠢ ᠪᠤᠯᠵᠤ᠂ ᠦᠨᠳᠦᠰᠦᠲᠡᠨ ᠨᠦᠭᠦᠳ ᠤᠨ ᠠᠷᠠᠳ ᠲᠦᠮᠡᠨ ᠠᠮᠤᠷ  ᠲᠠᠶᠢᠪᠤᠩ ᠠᠵᠤ ᠲᠦᠷᠦᠵᠤ᠂ ᠡᠯ᠎ᠡ ᠵᠦᠶᠯ ᠤᠨ ᠪᠦᠳᠦᠭᠡᠨ ᠪᠠᠶᠢᠭᠤᠯᠤᠯᠲᠠ ᠶᠢᠨ ᠦᠶᠯᠡᠰ ᠡᠳᠦᠷ ᠠᠴᠠ ᠡᠳᠦᠷ ᠥᠭᠡᠳᠡᠯᠡᠨ ᠬᠥᠭᠵᠢᠵᠦ ᠪᠠᠶᠢᠨ᠎ᠠ᠃ ᠡᠨᠡ ᠬᠦ ᠬᠤᠪᠢᠰᠬᠠᠯ ᠤᠨ ᠰᠠᠭᠤᠷᠢᠨ ᠭᠠᠵᠠᠷ ᠤᠨ ᠪᠠᠶᠢᠭᠤᠯᠤᠭᠳᠠᠭᠰᠠᠨ ᠨᠢ᠂ ᠵᠢᠷᠭᠠᠯ ᠨᠥᠬᠦᠷ ᠪᠣᠯᠤᠨ ᠲᠡᠭᠦᠨ ᠤ ᠳᠠᠶᠢᠴᠢᠨ ᠨᠥᠬᠦᠳ ᠠᠮᠢ ᠪᠡᠶ᠎ᠡ ᠪᠠᠨ ᠬᠠᠶᠢᠬᠤᠷᠬᠤ ᠦᠭᠡᠢ ᠪᠠᠷ ᠳᠠᠶᠢᠰᠤᠨ ᠲᠠᠢ ᠦᠬᠦᠵᠦ ᠰᠡᠬᠡᠬᠦ ᠪᠠᠨ ᠦᠵᠡᠯᠴᠡᠵᠦ᠂ ᠲᠡᠳᠡᠨᠤᠰ ᠤᠨ ᠠᠷᠢᠭᠤᠨ ᠴᠢᠰᠤ ᠪᠣᠯᠤᠨ ᠠᠮᠢ ᠨᠠᠰᠤ ᠪᠠᠷ ᠢᠶᠠᠨ ᠰᠣᠯᠢᠵᠤ ᠠᠪᠴᠢᠷᠠᠭᠰᠠᠨ ᠶᠤᠮ᠂ ᠡᠨᠡ ᠨᠢ ᠪᠦᠬᠦ ᠤᠯᠤᠰ ᠤᠨ ᠴᠢᠯᠥᠭᠡᠯᠡᠬᠦ ᠳᠠᠶᠢᠨ ᠢ ᠳᠡᠮᠵᠢᠬᠦ ᠪᠠ ᠥᠪᠡᠷᠲᠡᠭᠡᠨ ᠵᠠᠰᠠᠬᠤ ᠣᠷᠣᠨ ᠤ ᠬᠥᠭᠵᠢᠯᠲᠡ ᠳᠤ ᠪᠦᠷ ᠴᠢᠬᠤᠯᠠ ᠶᠡᠭᠡ ᠲᠡᠥᠭᠡᠲᠦ ᠠᠴᠢ ᠬᠤᠯᠪᠣᠭᠳᠠᠯ ᠲᠠᠢ ᠶᠤᠮ᠃     ᠮᠠᠯ ᠠᠵᠤ ᠠᠬᠤᠢ ᠶᠢᠨ ᠥᠭᠡᠷᠡᠴᠢᠯᠡᠯᠲᠡ ᠶᠢᠨ ᠰᠢᠨ᠎ᠡ ᠰᠡᠳᠬᠢᠴᠡ    1947 ᠣᠨ ᠤ ᠰᠡᠭᠦᠯᠴᠢ ᠪᠠᠷ᠂ ᠮᠠᠯᠵᠢᠬᠤ ᠣᠷᠣᠨ ᠤ ᠥᠭᠡᠷᠡᠴᠢᠯᠡᠯᠲᠡ ᠶᠢᠨ ᠲᠤᠷᠰᠢᠯᠲᠠ ᠶᠢᠨ ᠠᠵᠢᠯ ᠡᠬᠢᠯᠡᠪᠡ᠃ ᠵᠢᠷᠭᠠᠯ ᠨᠦᠬᠦᠷ ᠠᠵᠢᠯ ᠤᠨ ᠳᠤᠮᠳᠠ ᠪᠠᠨ ᠪᠠᠶᠢᠴᠠᠭᠠᠨ ᠰᠤᠳᠤᠯᠤᠯᠲᠠ ᠬᠢᠬᠦ ᠶᠢ ᠴᠢᠬᠤᠯᠠᠴᠢᠯᠠᠵᠤ᠂ ᠠᠷᠠᠳ ᠤᠯᠠᠨ ᠲᠠᠢ ᠨᠢᠭᠲᠠ ᠬᠠᠷᠢᠯᠴᠠᠵᠤ᠂ ᠤᠯᠠᠭᠠᠨᠮᠤᠳᠤ ᠮᠠᠨᠵᠤᠲ᠋ᠦᠨ‌ᠭᠠᠴᠠᠭ᠎ᠠ ᠳᠤ ᠡᠷᠦᠬᠡ ᠳᠠᠷᠭᠠᠯᠠᠨ ᠮᠠᠯᠴᠢᠳ  ᠲᠤ ᠠᠶᠢᠯᠴᠢᠯᠠᠨ ᠰᠤᠷᠪᠤᠯᠵᠢᠯᠠᠵᠤ᠂ ᠪᠠᠰᠠ ᠮᠠᠯ ᠤᠨ ᠡᠵᠡᠨ ᠤ ᠭᠡᠷ ᠲᠤ ᠬᠦᠷᠴᠦ ᠪᠠᠶᠢᠳᠠᠯ ᠢ ᠤᠶᠢᠯᠠᠭᠠᠨ᠂ ᠮᠠᠯᠵᠢᠬᠤ ᠣᠷᠣᠨ ᠤ ᠠᠷᠠᠳᠴᠢᠯᠠᠭᠰᠠᠨ ᠥᠭᠡᠷᠡᠴᠢᠯᠡᠯᠲᠡ ᠶᠢᠨ ᠲᠤᠬᠠᠶ ᠤᠯᠠᠨ ᠲᠦᠮᠡᠨ ᠤ ᠶᠠᠮᠠᠷ ᠰᠠᠨᠠᠯ ᠱᠠᠭᠠᠷᠲᠠᠯᠭ᠎ᠠ ᠪᠠᠶᠢᠬᠤ᠂ ᠶᠠᠮᠠᠷ ᠡᠷᠡᠭᠡᠯᠵᠡᠭᠡ ᠲᠠᠢ ᠲᠠᠯ᠎ᠠ ᠪᠠᠶᠢᠬᠤ᠂ ᠪᠠᠶᠠᠨ ᠮᠠᠯᠴᠢᠨ ᠡᠷᠦᠬᠡ ᠪᠠ ᠮᠠᠯ ᠤᠨ ᠡᠵᠡᠳ ᠮᠠᠯ ᠠᠵᠤ ᠠᠬᠤᠶ ᠶᠢᠨ ᠥᠭᠡᠷᠡᠴᠢᠯᠡᠯᠲᠡ ᠶᠢ ᠬᠡᠷᠬᠢᠨ ᠦᠵᠡᠵᠦ ᠪᠠᠶᠢᠬᠤ᠂ ᠡᠯ᠎ᠡ ᠡᠲᠡᠭᠡᠳ ᠤᠨ ᠬᠥᠮᠦᠰ ᠤᠨ ᠳᠤᠮᠳᠠ ᠶᠠᠮᠠᠷ ᠶᠠᠮᠠᠷ ᠶᠠᠷᠢᠶ᠎ᠠ ᠬᠡᠯᠡᠯᠴᠡᠭᠡ ᠭᠠᠷᠴᠤ ᠪᠠᠶᠢᠬᠤ᠂ ᠶᠠᠮᠠᠷ ᠬᠥᠳᠡᠯᠦᠯ ᠪᠠᠶᠢᠳᠠᠯ ᠲᠠᠢ ᠪᠠᠶᠢᠬᠤ ᠵᠡᠷᠭᠡ ᠶᠢ ᠨᠠᠷᠢᠨ ᠬᠢᠨᠠᠮᠠᠭᠠᠶ ᠰᠤᠨᠤᠰᠴᠠᠢ᠃ ᠤᠯᠠᠨ ᠲᠦᠮᠡᠨ ᠲᠡᠭᠦᠨ ᠳᠤ ᠥᠪᠡᠷ ᠤᠨ ᠪᠤᠳᠤᠯ ᠰᠠᠨᠠᠭ᠎ᠠ ᠪᠠ ᠮᠡᠳᠡᠵᠦ ᠪᠠᠶᠢᠭ᠎ᠠ ᠪᠠᠶᠢᠳᠠᠯ ᠢᠶᠠᠨ ᠬᠡᠯᠡᠵᠦ ᠭᠠᠷᠭᠠᠨ᠂ ᠨᠢᠭᠡ ᠬᠡᠰᠡᠭ ᠬᠤᠭᠤᠴᠠᠭᠠᠨ ᠤ ᠪᠠᠶᠢᠴᠠᠭᠠᠯᠲᠠ ᠬᠢᠬᠦ ᠪᠠᠷ ᠳᠠᠮᠵᠢᠭᠠᠳ ᠮᠠᠯᠵᠢᠬᠤ ᠣᠷᠣᠨ ᠤ ᠠᠷᠠᠳᠴᠢᠯᠠᠭᠰᠠᠨ ᠦᠭᠡᠷᠡᠴᠢᠯᠡᠯᠲᠡ ᠶᠢᠨ ᠪᠠᠶᠢᠳᠠᠯ ᠪᠠ ᠠᠰᠠᠭᠤᠳᠠᠯ ᠳᠤ ᠬᠤᠯᠪᠣᠭᠳᠠᠬᠤ ᠠᠰᠠᠭᠤᠳᠠᠯ ᠢ ᠲᠡᠷᠡ ᠴᠥᠮ ᠲᠣᠪ ᠲᠣᠳᠣᠷᠬᠠᠶ ᠤᠶᠢᠯᠠᠭᠠᠨ᠂ ᠳᠣᠲᠣᠷ᠎ᠠ ᠪᠠᠨ ᠲᠤᠭ᠎ᠠ ᠲᠠᠢ ᠪᠠᠶᠢᠳᠠᠭ᠃ ᠵᠢᠷᠭᠠᠯ ᠨᠥᠬᠦᠷ ᠮᠠᠰᠢ ᠥᠨᠳᠥᠷ ᠤᠳᠤᠷᠢᠳᠬᠤ ᠬᠡᠪ ᠴᠢᠨᠠᠷ ᠪᠠ ᠠᠪᠢᠶᠠᠰ ᠴᠢᠳᠠᠪᠤᠷᠢ ᠲᠠᠢ᠂ ᠲᠡᠷᠡ ᠠᠷᠠᠳ ᠤᠯᠠᠨ ᠤ ᠦᠨᠳᠦᠰᠦᠨ ᠠᠰᠢᠭ ᠲᠤᠰᠠ  ᠳᠤ ᠠᠰᠢᠭᠲᠠᠶ ᠪᠠᠶᠢᠯᠭᠠᠬᠤ ᠡᠭᠦᠳᠡᠨ ᠠᠴᠠ ᠠᠰᠠᠭᠤᠳᠠᠯ ᠢ ᠪᠤᠳᠤᠯᠬᠢᠯᠠᠵᠤ᠂ ᠦᠶᠯᠡᠳᠪᠦᠷᠢᠯᠡᠯ ᠢ ᠬᠥᠭᠵᠢᠭᠦᠯᠬᠦ ᠳᠤ ᠠᠰᠢᠭᠲᠠᠶ ᠪᠠᠶᠢᠯᠭᠠᠬᠤ ᠱᠠᠭᠠᠷᠳᠠᠯᠭ᠎ᠠ ᠠᠴᠠ ᠡᠭᠦᠰᠴᠦ᠂ ᠦᠨᠡᠨ ᠠᠴᠠ ᠵᠥᠪ ᠢ ᠡᠷᠢᠵᠦ᠂ ᠪᠤᠲᠠᠲᠠᠢ ᠪᠠᠶᠢᠳᠠᠯ ᠠᠴᠠ ᠡᠭᠦᠰᠴᠦ᠂ ᠪᠦᠲᠦᠭᠡᠯᠴᠢ ᠪᠠᠷ ᠠᠰᠠᠭᠤᠳᠠᠯ ᠢ ᠳᠤᠷᠠᠳᠤᠨ ᠭᠠᠷᠭᠠᠵᠤ᠂ ᠠᠰᠠᠭᠤᠳᠠᠯ ᠢ ᠰᠢᠶᠳᠪᠦᠷᠢᠯᠠᠵᠤ᠂ ᠮᠠᠯᠵᠢᠬᠤ ᠣᠷᠣᠨ ᠤ ᠠᠷᠠᠳᠴᠢᠯᠠᠭᠰᠠᠨ ᠥᠭᠡᠷᠡᠴᠢᠯᠡᠯᠲᠡ ᠶᠢᠨ ᠲᠤᠷᠰᠢᠯᠲᠠ ᠶᠢᠨ ᠠᠵᠢᠯ ᠤᠨ ᠳᠤᠮᠳᠠ ᠪᠦᠷᠢᠨ ᠲᠦᠬᠦᠷ ᠰᠢᠨ᠎ᠡ ᠰᠡᠳᠬᠢᠮᠵᠢ ᠪᠠ ᠰᠢᠨ᠎ᠡ ᠠᠷᠭ᠎ᠠ ᠪᠠᠷᠢᠯ ᠢ ᠪᠦᠷᠢᠯᠳᠦᠭᠦᠯᠦᠭᠰᠡᠨ ᠪᠠᠶᠢᠨ᠎ᠠ᠃ ᠨᠢᠭᠡ᠂ ᠮᠠᠯᠵᠢᠬᠤ ᠣᠷᠣᠨ ᠤ ᠠᠷᠠᠳᠴᠢᠯᠠᠭᠰᠠᠨ ᠥᠭᠡᠷᠡᠴᠢᠯᠡᠯᠲᠡ ᠳᠤ ᠬᠥᠳᠡᠭᠡ ᠲᠣᠰᠬᠤᠨ ᠤ ᠭᠠᠵᠠᠷ ᠲᠠᠷᠢᠶᠠᠨ ᠤ ᠦᠭᠡᠷᠡᠴᠢᠯᠡᠯᠲᠡ ᠶᠢ ᠲᠤᠬᠤᠵᠦ ᠨᠡᠭᠦᠯᠭᠡᠨ ᠬᠡᠷᠡᠭᠯᠡᠵᠦ ᠪᠣᠯᠬᠤ ᠦᠭᠡᠢ᠂ ᠠᠯᠢᠪᠠ ᠪᠦᠬᠦᠨ ᠳᠤ ᠮᠠᠯᠵᠢᠬᠤ ᠣᠷᠣᠨ ᠪᠠ ᠮᠠᠯ ᠠᠵᠤ ᠠᠬᠤᠶ ᠶᠢᠨ ᠦᠶᠯᠡᠳᠪᠦᠷᠢᠯᠡᠯ ᠤᠨ ᠪᠣᠳᠠᠲᠤ ᠪᠠᠶᠢᠳᠠᠯ ᠢ ᠦᠨᠳᠦᠰᠦᠯᠡᠬᠦ ᠬᠡᠷᠡᠭᠲᠡᠶ᠃ ᠮᠠᠯᠵᠢᠬᠤ ᠣᠷᠣᠨ ᠤ ᠠᠷᠠᠳᠴᠢᠯᠠᠭᠰᠠᠨ ᠥᠭᠡᠷᠡᠴᠢᠯᠡᠯᠲᠡ ᠳᠤ ᠮᠠᠯ ᠤᠨ ᠡᠵᠡᠨ ᠲᠠᠢ ᠲᠡᠮᠡᠴᠡᠬᠦ ᠦᠭᠡᠢ᠂ ᠮᠠᠯ ᠤᠨᠤᠭ᠎ᠠ ᠶᠢ ᠰᠠᠯᠭᠠᠬᠤ  ᠦᠭᠡᠢ ᠪᠠᠶᠢᠵᠤ᠂ ᠬᠥᠳᠡᠭᠡ ᠲᠣᠰᠬᠤᠨ ᠤ ᠭᠠᠵᠠᠷ ᠲᠠᠷᠢᠶᠠᠨ ᠤ ᠥᠭᠡᠷᠡᠴᠢᠯᠡᠯᠲᠡ ᠲᠠᠢ ᠠᠳᠠᠯᠢ ᠦᠭᠡᠢ ᠠᠷᠭ᠎ᠠ ᠬᠢᠳᠡᠯ ᠢ ᠬᠡᠷᠡᠭᠵᠢᠭᠦᠯᠬᠦ  ᠨᠢ ᠮᠠᠯᠴᠢᠳ ᠤᠨ ᠠᠮᠢᠳᠤᠷᠠᠯ ᠢ ᠰᠠᠶᠢᠵᠢᠷᠠᠭᠤᠯᠬᠤ ᠳᠤ ᠠᠰᠢᠭᠲᠠᠶ᠂ ᠮᠠᠯ ᠠᠵᠤ ᠠᠬᠤᠢ ᠶᠢᠨ ᠦᠶᠯᠡᠳᠪᠦᠷᠢᠯᠡᠯ ᠢ ᠬᠥᠭᠵᠢᠭᠦᠯᠬᠦ ᠳᠤ ᠠᠰᠢᠭᠲᠠᠶ ᠶᠤᠮ᠃ ᠲᠡᠷᠡ᠂ 5000 ᠭᠠᠷᠤᠢ ᠬᠥᠮᠦᠨ ᠠᠮᠠ ᠲᠠᠢ ᠤᠯᠠᠭᠠᠨᠮᠤᠳᠤ ᠬᠤᠶᠠᠷ ᠲᠦᠮᠡ ᠭᠠᠷᠤᠢ ᠮᠠᠯ ᠤᠨᠤᠭ᠎ᠠ ᠪᠤᠢ᠂ ᠬᠡᠷᠪᠡ ᠬᠥᠮᠦᠨ ᠠᠮᠠ ᠪᠠᠷ ᠨᠢ ᠳᠡᠭᠰᠢᠳᠭᠡᠨ ᠮᠠᠯ ᠬᠤᠪᠢᠶᠠᠪᠠᠯ᠂ ᠨᠢᠭᠡ ᠬᠥᠮᠦᠨ ᠵᠥᠪᠬᠡᠨ 4.5 ᠲᠤᠯᠤᠭᠠᠢ ᠮᠠᠯ ᠲᠠᠭᠠᠷᠠᠵᠤ᠂ ᠢᠳᠡᠵᠦ   ᠳᠡᠭᠡᠨ ᠴᠤ ᠬᠦᠷᠬᠦ ᠦᠭᠡᠢ ᠠᠳᠠᠯ᠎ᠠ ᠦᠢᠯᠡᠳᠪᠦᠷᠢᠯᠡᠯ ᠢᠶᠠᠨ ᠬᠥᠭᠵᠢᠭᠦᠯᠬᠦ ᠶᠢ ᠶᠠᠭᠤᠨ ᠥᠭᠦᠯᠡᠬᠦ ᠠᠵᠠᠢ᠂ ᠡᠴᠦᠰ ᠰᠡᠭᠦᠯ ᠳᠤᠨᠢ ᠵᠥᠪᠬᠡᠨ ᠬᠤᠪᠢᠶᠠᠨ ᠳᠠᠭᠤᠰᠬᠠᠵᠤ ᠢᠳᠡᠵᠦ ᠳᠠᠭᠤᠰᠬᠠᠵᠤ᠂ ᠤᠯᠠᠨ ᠲᠦᠮᠡᠨ ᠤ ᠠᠮᠢᠳᠤᠷᠠᠯ ᠰᠠᠶᠢᠵᠢᠷᠠᠵᠤ ᠴᠢᠳᠠᠬᠤ ᠦᠭᠡᠢ ᠮᠦᠷᠲᠡᠭᠡᠨ ᠮᠠᠯ ᠠᠵᠤ ᠠᠬᠤᠢ ᠶᠢᠨ ᠦᠢᠯᠡᠳᠪᠦᠷᠢᠯᠡᠯ ᠳᠤ ᠪᠠᠶᠢᠵᠤ ᠪᠣᠯᠤᠰᠢ ᠦᠭᠡᠢ ᠬᠤᠬᠢᠷᠠᠯ   ᠤᠴᠠᠷᠠᠭᠤᠯᠬᠤ ᠪᠣᠯᠤᠨ᠎ᠠ᠃ ᠬᠤᠶᠠᠷ᠂ ᠮᠠᠯ ᠠᠵᠤ ᠠᠬᠤᠶ ᠪᠣᠯ ᠬᠡᠪᠡᠷᠡᠭ ᠠᠵᠤ ᠠᠬᠤᠶ ᠮᠥᠨ᠂ ᠪᠠᠶᠢᠭᠠᠯᠢ ᠶᠢᠨ ᠭᠠᠮᠰᠢᠭ ᠪᠠ ᠵᠣᠷᠢᠭᠤᠳᠠ ᠪᠠᠷ ᠳᠡᠩᠰᠡᠯᠭᠡᠬᠦ ᠶᠢ ᠳᠠᠭᠠᠭᠠᠵᠤ ᠴᠢᠳᠠᠬᠤ ᠦᠭᠡᠢ ᠶᠤᠮ᠃ ᠲᠡᠷᠡ᠂ ᠮᠠᠨ ᠤ ᠮᠠᠯᠵᠢᠬᠤ ᠣᠷᠣᠨ ᠳᠠᠬᠢ ᠠᠯᠢᠪᠠ ᠲᠦᠷᠦ ᠶᠢᠨ ᠪᠤᠳᠤᠯᠭ᠎ᠠ ᠠᠷᠭ᠎ᠠ ᠬᠡᠮᠵᠢᠶ᠎ᠡ ᠨᠢ ᠴᠥᠮ ᠮᠠᠯ ᠠᠵᠤ ᠠᠬᠤᠢ ᠶᠢᠨ ᠬᠥᠭᠵᠢᠯᠲᠡ ᠶᠢᠨ ᠵᠢᠮ᠎ᠡ ᠶᠣᠰᠣᠨ ᠳᠤ ᠵᠣᠬᠢᠴᠠᠬᠤ ᠬᠡᠷᠡᠭᠲᠡᠶ  ᠠᠴᠠ ᠪᠢᠰᠢ ᠠᠵᠤ ᠠᠬᠤᠶ ᠶᠢᠨ ᠵᠢᠮ᠎ᠡ ᠶᠣᠰᠣ ᠠᠴᠠ ᠵᠥᠷᠢᠴᠡᠵᠦ ᠪᠣᠯᠬᠤ ᠦᠭᠡᠢ ᠭᠡᠵᠦ ᠳᠤᠷᠠᠳᠴᠠᠶ᠃ ᠲᠡᠷᠡ ᠤᠤᠯ  ᠤᠨ ᠵᠢᠷᠢᠮ ᠤᠨ ᠴᠢᠭᠤᠯᠭᠠᠨ ᠤ ᠵᠠᠷᠤᠳ ᠬᠤᠰᠢᠭᠤ ᠪᠣᠯᠤᠨ ᠵᠣᠣ ᠤᠳᠠ ᠠᠶᠢᠮᠠᠭ ᠤᠨ ᠪᠠᠭᠠᠷᠢᠨ ᠵᠡᠭᠦᠨ᠂ ᠪᠠᠷᠠᠭᠤᠨ ᠬᠤᠶᠠᠷ ᠬᠤᠰᠢᠭᠤ ᠶᠢ ᠵᠢᠭᠰᠠᠭᠠᠵᠤ᠂ ᠮᠠᠯᠵᠢᠬᠤ ᠣᠷᠣᠨ ᠤ ᠥᠭᠡᠷᠡᠴᠢᠯᠡᠯᠲᠡ ᠶᠢᠨ ᠳᠤᠮᠳᠠ ᠮᠠᠯ ᠤᠨ ᠡᠵᠡᠨ ᠢ ᠲᠡᠮᠡᠴᠡᠵᠤ᠂ ᠮᠠᠯ ᠤᠨᠤᠭ᠎ᠠ ᠶᠢ ᠬᠤᠪᠢᠶᠠᠵᠤ᠂ ᠶᠡᠭᠡ ᠬᠡᠮᠵᠢᠶᠡᠨ ᠤ ᠮᠠᠯ ᠤᠨᠤᠭ᠎ᠠ ᠶᠢ ᠳᠤᠷ᠎ᠠ ᠪᠠᠷ ᠢᠶᠠᠨ ᠠᠯᠠᠵᠤ ᠨᠢᠲᠤᠯᠵᠤ᠂ ᠮᠠᠯ ᠠᠵᠤ ᠠᠬᠤᠶ ᠶᠢᠨ ᠦᠢᠯᠡᠳᠪᠦᠷᠢᠯᠡᠯ ᠢ ᠬᠦᠨᠳᠦ ᠨᠣᠴᠢᠲᠠᠶ ᠡᠪᠳᠡᠭᠰᠡᠨ ᠰᠤᠷᠭᠠᠮᠵᠢ ᠪᠠᠷ ᠴᠡᠭᠡᠷᠯᠡᠯ ᠪᠣᠯᠭᠠᠬᠤ ᠬᠡᠷᠡᠭᠲᠡᠶ᠃ ᠲᠡᠭᠦᠨ ᠤ ᠦᠵᠡᠬᠦ ᠪᠠᠷ᠂ ᠮᠠᠯ ᠤᠨ ᠡᠵᠡᠳ ᠵᠣᠬᠢᠬᠤ ᠬᠡᠮᠵᠢᠶᠡᠨ ᠤ ᠮᠠᠯ ᠠᠵᠤ ᠠᠬᠤᠶ ᠶᠢᠨ ᠦᠶᠯᠡᠳᠪᠦᠷᠢᠯᠡᠯ  ᠬᠦᠳᠡᠯᠮᠦᠷᠢ ᠶᠢᠨ ᠮᠡᠷᠭᠡᠵᠢᠯ ᠢ ᠡᠵᠡᠮᠰᠢᠵᠤ ᠭᠠᠮᠰᠢᠭ ᠲᠠᠢ ᠲᠡᠮᠡᠴᠡᠵᠦ ᠮᠠᠯ ᠢᠶᠠᠨ ᠬᠠᠮᠠᠭᠠᠯᠠᠬᠤ ᠡᠯᠪᠡᠭ ᠪᠠᠶᠠᠯᠢᠭ ᠲᠤᠷᠰᠢᠯᠭ᠎ᠠ ᠲᠠᠢ ᠪᠠᠶᠢᠳᠠᠭ᠂ ᠡᠨᠡ ᠪᠣᠯ ᠮᠠᠯ ᠠᠵᠤ ᠠᠬᠤᠶ ᠶᠢᠨ ᠦᠶᠯᠡᠳᠪᠦᠷᠢᠯᠡᠯ ᠢ ᠬᠥᠭᠵᠢᠭᠦᠯᠬᠦ ᠡᠷᠬᠢᠮ ᠨᠠᠨᠳᠢᠨ ᠡᠳ᠋ ᠪᠠᠶᠠᠯᠢᠭ ᠮᠥᠨ᠂ ᠪᠢᠳᠡ ᠡᠭᠦᠨ ᠢ ᠠᠰᠢᠭᠯᠠᠵᠤ ᠪᠣᠯᠤᠨ᠎ᠠ᠂ ᠮᠠᠯ ᠤᠨ ᠡᠵᠡᠳ ᠴᠦ ᠵᠣᠬᠢᠬᠤ ᠬᠡᠮᠵᠢᠶᠡᠨ ᠤ ᠦᠢᠯᠡᠳᠪᠦᠷᠢᠯᠡᠯ ᠬᠥᠳᠡᠯᠮᠦᠷᠢ ᠳᠤ ᠣᠷᠣᠯᠴᠠᠨ᠎ᠠ᠂ ᠡᠳᠡᠭᠡᠷ ᠨᠢ ᠴᠥᠮ ᠲᠠᠷᠢᠶᠠᠯᠠᠬᠤ ᠣᠷᠣᠨ ᠤ ᠭᠠᠵᠠᠷ  ᠤᠨ ᠡᠵᠡᠳ ᠲᠠᠢ ᠠᠳᠠᠯᠢ ᠦᠭᠡᠢ ᠶᠤᠮ᠃ ᠡᠭᠦᠨ ᠠᠴᠠ ᠭᠠᠳᠠᠨ᠎ᠠ᠂ ᠮᠠᠯ ᠰᠦᠷᠦᠭ ᠬᠤᠷᠤᠭ᠎ᠠ ᠪᠠᠨ ᠲᠠᠨᠢᠳᠠᠭ ᠵᠠᠩᠰᠢᠯ  ᠲᠠᠢ᠂ ᠴᠢ ᠲᠡᠭᠦᠨ ᠢ ᠪᠤᠰᠤᠳ ᠮᠠᠯ ᠤᠨ ᠬᠠᠰᠢᠶᠠᠨ ᠳᠤ ᠠᠯᠪᠠᠳᠠᠯᠭ᠎ᠠ ᠪᠠᠷ ᠬᠤᠪᠢᠶᠠᠪᠠᠯ ᠨᠢᠭᠡ ᠯᠡ ᠰᠥᠨᠢ ᠶᠢᠨ ᠬᠤᠭᠤᠷᠣᠨᠳᠣ ᠪᠦᠷ ᠤᠤᠯ ᠤᠨ ᠮᠠᠯ ᠰᠦᠷᠦᠭ ᠪᠠ ᠬᠠᠰᠢᠶᠠᠨ ᠳᠤ ᠪᠠᠨ ᠬᠠᠷᠢᠴᠢᠬᠠᠳᠠᠭ᠃ ᠡᠶᠢᠮᠦ ᠠᠴᠠ ᠮᠠᠯ ᠤᠨ ᠡᠵᠡᠨ ᠲᠠᠢ ᠲᠡᠮᠡᠴᠡᠬᠦ᠂ ᠮᠠᠯ ᠢ ᠬᠤᠪᠢᠶᠠᠬᠤ ᠨᠢ ᠮᠠᠯ ᠠᠵᠤ ᠠᠬᠤᠶ ᠶᠢᠨ ᠵᠢᠮ᠎ᠡ ᠶᠣᠰᠣ ᠲᠠᠢ ᠨᠡᠶᠢᠴᠡᠬᠦ ᠦᠭᠡᠢ ᠶᠤᠮ᠃ ᠭᠤᠷᠪᠠ᠂ ᠬᠥᠯᠥᠰᠥᠨ ᠠᠵᠢᠯᠴᠢᠨ ᠤ ᠬᠥᠳᠡᠯᠮᠦᠷᠢ ᠶᠢᠨ ᠬᠥᠯᠥᠰᠥ ᠣᠯᠭᠤᠮᠵᠢ ᠶᠢ ᠨᠢ ᠳᠡᠭᠡᠭᠰᠢᠯᠡᠭᠦᠯᠦᠨ᠎ᠡ᠃ ᠬᠠᠭᠤᠴᠢᠨ ᠰᠦᠷᠦᠭ ᠤᠨ ᠲᠦᠷᠢᠮ ᠳᠤ ᠲᠣᠭᠲᠠᠭᠠᠭᠰᠠᠨ ᠬᠥᠯᠥᠰᠥᠨ ᠠᠵᠢᠯᠴᠢᠨ ᠤ ᠬᠥᠯᠥᠰᠥ ᠣᠯᠭᠤᠮᠵᠢ ᠨᠢ ᠲᠤᠩ ᠳᠣᠤᠷ᠎ᠠ ᠪᠠᠶᠢᠳᠠᠭ᠂ ᠡᠩ ᠤᠨ ᠪᠠᠶᠢᠳᠠᠯ ᠳᠤ ᠨᠢᠭᠡ ᠬᠥᠯᠥᠰᠥᠨ ᠠᠵᠢᠯᠴᠢᠨ ᠨᠢᠭᠡ ᠵᠢᠯ ᠳᠤ ᠨᠢᠭᠡ ᠯᠡ ᠦᠬᠡᠷ᠂ ᠲᠠᠪᠤᠨ ᠬᠤᠨᠢᠨ ᠤ ᠬᠥᠯᠥᠰᠥ ᠣᠯᠭᠤᠮᠵᠢ ᠲᠠᠢ ᠪᠠᠶᠢᠳᠠᠭ᠃ ᠵᠢᠷᠭᠠᠯ ᠨᠥᠬᠦᠷ ᠬᠠᠭᠤᠴᠢᠨ ᠰᠦᠷᠦᠭ ᠤᠨ ᠲᠦᠷᠢᠮ ᠢ ᠬᠦᠴᠦᠨ ᠦᠭᠡᠢ ᠪᠣᠯᠭᠠᠵᠤ᠂ ᠰᠢᠨ᠎ᠡ ᠰᠦᠷᠦᠭ ᠤᠨ ᠲᠦᠷᠢᠮ ᠢ ᠬᠡᠷᠡᠭᠵᠢᠭᠦᠯᠵᠤ᠂ ᠬᠥᠯᠥᠰᠥᠨ ᠠᠵᠢᠯᠴᠢᠨ ᠤ ᠬᠥᠯᠥᠰᠥ ᠣᠯᠭᠤᠮᠵᠢ ᠶᠢ ᠶᠡᠭᠡ ᠪᠠᠷ ᠳᠡᠭᠡᠭᠰᠢᠯᠡᠭᠦᠯᠵᠦ᠂ ᠮᠠᠯᠴᠢᠳ ᠤᠨ ᠠᠮᠢᠳᠤᠷᠠᠯ ᠢ ᠦᠨᠳᠦᠰᠦᠨ ᠠᠴᠠ ᠨᠢ ᠰᠠᠶᠢᠵᠢᠷᠠᠭᠤᠯᠬᠤ ᠬᠡᠷᠡᠭᠲᠡᠶ ᠭᠡᠵᠦ ᠳᠤᠷᠠᠳᠴᠠᠶ᠃ ᠠᠵᠢᠯᠯᠠᠬᠤ ᠳᠤᠭᠤᠶᠢᠯᠠᠩ ᠤᠨ ᠰᠤᠳᠤᠯᠤᠭᠰᠠᠨ ᠤ ᠰᠡᠭᠦᠯᠡᠷ ᠳᠤᠷᠠᠳᠤᠭᠰᠠᠨ ᠰᠠᠨᠠᠯ ᠭᠡᠪᠡᠯ᠄ ᠨᠢᠭᠡ ᠬᠥᠯᠥᠰᠥᠨ ᠠᠵᠢᠯᠴᠢᠨ ᠳᠤ ᠨᠢᠭᠡ ᠵᠢᠯ ᠳᠤ 5 ᠦᠬᠡᠷ᠂ 25 ᠬᠤᠨᠢᠨ ᠤ ᠬᠥᠯᠥᠰᠥ ᠣᠯᠭᠤᠮᠵᠢ ᠤᠯᠭᠤᠨ᠎ᠠ᠂ ᠬᠤᠷᠠᠭ᠎ᠠ ᠶᠢ《ᠲᠦᠷᠪᠡ ᠬᠠᠷᠢᠴᠠᠬᠤ ᠵᠢᠷᠭᠤᠭ᠎ᠠ》 ᠶᠢᠨ ᠬᠤᠪᠢ ᠪᠠᠷ ᠬᠤᠪᠢᠶᠠᠪᠠᠯ ᠬᠥᠯᠥᠰᠥᠨ ᠠᠵᠢᠯᠴᠢᠨ ᠤ ᠣᠷᠣᠯᠭ᠎ᠠ ᠶᠢ ᠨᠢ ᠨᠡᠮᠡᠭᠳᠡᠭᠦᠯᠵᠦ᠂ ᠠᠮᠢᠳᠤᠷᠠᠯ ᠢ ᠨᠢ ᠰᠠᠶᠢᠵᠢᠷᠠᠭᠤᠯᠬᠤ ᠪᠠᠷ ᠪᠠᠷᠠᠬᠤ ᠦᠭᠡᠢ᠂ ᠪᠠᠰᠠ ᠦᠢᠯᠡᠳᠪᠦᠷᠢᠯᠡᠯ ᠢ ᠬᠥᠭᠵᠢᠭᠦᠯᠬᠦ ᠴᠢᠳᠠᠪᠤᠷᠢ ᠲᠠᠢ᠂ ᠬᠡᠰᠡᠭ ᠵᠢᠯ ᠤᠨ ᠬᠥᠭᠵᠢᠯᠲᠡ ᠶᠢ ᠦᠩᠭᠡᠷᠡᠭᠡᠪᠡᠯ ᠨᠢᠭᠡ ᠮᠠᠯᠴᠢᠨ ᠡᠷᠦᠭᠡ ᠵᠠᠭᠤ ᠭᠠᠷᠤᠶ ᠬᠤᠨᠢ᠂ ᠠᠷᠪᠠᠨ ᠬᠡᠳᠦᠨ ᠦᠬᠡᠷ ᠲᠠᠢ ᠪᠤᠯᠵᠤ᠂ ᠮᠠᠰᠢ ᠲᠦᠷᠭᠡᠨ ᠢᠶᠠᠷ ᠶᠠᠳᠠᠭᠤ ᠠᠴᠠ ᠠᠩᠭᠢᠵᠢᠷᠠᠨ ᠴᠢᠨᠡᠭᠡᠯᠢᠭᠵᠢᠵᠦ ᠴᠢᠳᠠᠨ᠎ᠠ᠃ ᠳᠥᠷᠪᠡ᠂ ᠵᠢᠷᠭᠠᠯ ᠮᠠᠯᠵᠢᠬᠤ ᠤᠷᠤᠨ ᠤ ᠥᠭᠡᠷᠡᠴᠢᠯᠡᠯᠲᠡ ᠳᠤ ᠵᠠᠷᠢᠮ ᠮᠠᠯ ᠤᠨ ᠡᠵᠡᠨ ᠢ ᠢᠯᠭᠠᠨ ᠲᠣᠭᠲᠠᠭᠠᠵᠤ ᠪᠣᠯᠤᠨ᠎ᠠ ᠭᠡᠪᠡᠴᠤ ᠳᠣᠲᠣᠭᠠᠳᠤ ᠳᠠᠭᠠᠨ ᠡᠵᠡᠮᠰᠢᠵᠦ᠂ ᠭᠠᠳᠠᠭᠰᠢ ᠢᠯᠡ ᠪᠠᠷ ᠨᠡᠶᠢᠲᠡᠯᠡᠬᠦ ᠦᠭᠡᠢ᠂ ᠲᠠᠳᠡᠨ ᠤ ᠠᠰᠢᠭ ᠲᠤᠰᠠ ᠶᠢ ᠬᠤᠬᠢᠷᠠᠭᠤᠯᠬᠤ ᠦᠭᠡᠢ ᠲᠡᠮᠡᠴᠡᠯ ᠶᠠᠪᠤᠭᠤᠯᠬᠤ ᠦᠭᠡᠢ ᠭᠡᠵᠦ ᠵᠣᠷᠢᠵᠤ ᠪᠠᠶᠢᠪᠠ᠃ ᠲᠡᠳᠡ ᠮᠠᠯ ᠤᠨ ᠡᠵᠡᠨ ᠢ ᠲᠣᠭᠲᠠᠭᠠᠭᠰᠠᠨ ᠪᠠᠷᠢᠮᠵᠢᠶ᠎ᠠ ᠪᠣᠯ ᠄ ᠮᠠᠯ ᠤᠨ ᠲᠤᠭ᠎ᠠ ᠨᠢ 2000 ( ᠲᠤᠭ᠎ᠠ ᠲᠤᠯᠤᠭᠠᠢ ) ᠠᠴᠠ ᠳᠡᠭᠡᠭᠰᠢ᠂ ᠮᠥᠯᠵᠢᠯ ᠤᠨ ᠨᠤᠷᠮ᠎ᠠ ᠨᠢ 70%  ᠠᠴᠠ ᠳᠡᠭᠡᠭᠰᠢ ᠪᠠᠶᠢᠪᠠᠯ ᠮᠠᠯ ᠤᠨ ᠡᠵᠡᠨ ᠳᠤ ᠲᠤᠭᠠᠴᠠᠭᠳᠠᠨ᠎ᠠ᠃ ᠤᠯᠠᠭᠠᠨᠮᠤᠳᠤ ᠰᠤᠮᠤ ᠳᠣᠲᠣᠷ᠎ᠠ ᠪᠠᠨ17 ᠡᠷᠦᠬᠡ ᠮᠠᠯ ᠤᠨ ᠡᠵᠡᠨ ᠢ ᠬᠤᠪᠢᠶᠠᠵᠤ᠂ ᠡᠳᠡᠭᠡᠷ ᠮᠠᠯ ᠤᠨ ᠡᠵᠡᠳ ᠢ ᠳᠠᠶᠢᠴᠢᠯᠠᠨ ᠰᠢᠨ᠎ᠡ ᠰᠦᠷᠦᠭ ᠤᠨ ᠳᠦᠷᠢᠮ ᠢ ᠬᠡᠷᠡᠭᠵᠢᠭᠦᠯᠵᠦ᠂ ᠶᠠᠳᠠᠭᠤ ᠵᠦᠳᠡᠭᠦᠦ ᠮᠠᠯᠴᠢᠳ ᠢ ᠬᠠᠪᠰᠤᠷᠤᠨ ᠦᠢᠯᠡᠳᠪᠦᠷᠢᠯᠡᠯ ᠢ ᠨᠢ ᠬᠥᠭᠵᠢᠭᠦᠯᠵᠦ᠂ ᠮᠠᠯᠴᠢᠳ  ᠲᠤ ᠠᠰᠢᠭ ᠬᠦᠷᠲᠡᠭᠡᠵᠡᠢ᠃ ᠮᠠᠯ ᠤᠨ ᠡᠵᠡᠨ ᠴᠤ ᠡᠨᠡ ᠠᠷᠭ᠎ᠠ ᠶᠢ ᠳᠤᠷᠠᠲᠠᠶ᠎ᠠ ᠬᠦᠯᠢᠶᠡᠨ ᠠᠪᠤᠨ᠎ᠠ᠃ ᠵᠢᠷᠭᠠᠯ ᠨᠥᠬᠦᠷ ᠤᠨ ᠮᠠᠯᠵᠢᠬᠤ ᠣᠷᠣᠨ ᠤ ᠥᠭᠡᠷᠡᠴᠢᠯᠡᠯᠲᠡ ᠶᠢᠨ ᠰᠢᠨ᠎ᠡ ᠰᠡᠳᠬᠢᠴᠡ ᠪᠣᠯ ᠮᠠᠯᠵᠢᠬᠤ ᠣᠷᠣᠨ ᠤ ᠠᠷᠠᠳᠴᠢᠯᠠᠭᠰᠠᠨ ᠥᠭᠡᠷᠡᠴᠢᠯᠡᠯᠲᠡ ᠶᠢᠨ ᠨᠢᠭᠡ ᠶᠡᠭᠡ ᠡᠭᠦᠳᠦᠯᠲᠡ ᠪᠣᠯᠤᠨ᠎ᠠ᠃ ᠡᠭᠦᠨ ᠤ ᠬᠠᠮᠲᠤ᠂ ᠪᠥᠬᠦ ᠣᠷᠣᠨ᠂ ᠪᠥᠬᠦ ᠤᠯᠤᠰ ᠲᠤ ︽ᠭᠤᠷᠪᠠᠨ ᠥᠬᠡᠶ ᠬᠤᠶᠠᠷ ᠲᠤ ᠠᠰᠢᠭᠲᠠᠶ︾ ᠲᠥᠷᠥ ᠶᠢᠨ ᠪᠤᠳᠤᠯᠭ᠎ᠠ ᠶᠢ ᠬᠡᠷᠡᠭᠵᠢᠭᠦᠯᠬᠦ ᠳᠤ ᠦᠵᠡᠯ ᠰᠠᠨᠠᠭᠠᠨ ᠤ ᠰᠠᠭᠤᠷᠢ ᠶᠢ ᠪᠣᠶ ᠪᠣᠯᠭᠠᠪᠠ᠃ ᠲᠡᠷᠡ ᠡᠶᠢᠮᠦᠷᠬᠦ ᠪᠤᠳᠤᠯ ᠢᠶᠠᠨ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠠᠵᠢᠯᠯᠠᠬᠤ ᠬᠤᠷᠢᠶᠠᠨ ᠤ ᠱᠦᠵᠢ ᠰᠦᠩ ᠵᠧᠨ ᠳ᠋ᠢᠩ ᠨᠥᠬᠦᠷ ᠲᠠᠢ ᠰᠠᠨᠠᠯ ᠢᠶᠠᠨ ᠰᠤᠯᠢᠯᠴᠠᠭᠰᠠᠨ ᠳᠤ ᠨᠢᠭᠡᠳᠴᠦ ᠴᠢᠳᠠᠭᠰᠠᠨ ᠦᠭᠡᠢ᠂ ᠰᠡᠭᠦᠯᠡᠷ ᠨᠢ ᠤᠯᠠᠭᠠᠨᠬᠦᠦ ᠨᠦᠬᠦᠷ ᠲᠤ  ᠮᠡᠳᠡᠭᠦᠯᠦᠭᠰᠡᠨ ᠪᠠᠶᠢᠨ᠎ᠠ᠃ ᠤᠯᠠᠭᠠᠨᠬᠦᠦ ᠲᠡᠭᠦᠨ ᠤ ᠬᠠᠷᠢᠭᠤ ᠮᠡᠳᠡᠭᠦᠯᠦᠯᠲᠡ ᠶᠢ ᠨᠠᠷᠢᠨ ᠬᠢᠨᠠᠮᠠᠭᠠᠢ ᠰᠣᠨᠣᠰᠤᠭᠰᠠᠨ ᠤ ᠳᠠᠷᠠᠭ᠎ᠠ ᠮᠢᠨᠦ ᠬᠤᠪᠢ ᠬᠦᠮᠦᠨ ᠲᠠᠨ ᠤ ᠰᠠᠨᠠᠯ ᠢ ᠵᠥᠪᠰᠢᠶᠡᠷᠡᠵᠦ ᠪᠠᠶᠢᠨ᠎ᠠ᠂ ᠭᠡᠪᠡᠴᠦ ᠥᠪᠥᠷ ᠮᠣᠩᠭᠤᠯ ᠤᠨ ᠠᠵᠢᠯ ᠤᠨ ᠬᠤᠷᠢᠶ ᠎ᠠ ᠰᠠᠶᠢᠲᠤᠷ ᠰᠤᠳᠤᠯᠬᠤ ᠬᠡᠷᠡᠭᠲᠡᠢ ᠭᠡᠵᠡᠢ᠃ 1948 ᠣᠨ ᠤ 2 ᠰᠠᠷ᠎ᠠ ᠳᠤ ᠮᠠᠨᠵᠤᠲ᠋ᠦᠨ ᠤ ᠤᠷᠪᠠᠯᠭᠠᠨ ᠡᠭᠦᠰᠪᠡ᠃ 1948 ᠣᠨ ᠤ 3 ᠰᠠᠷ᠎ᠠ ᠳᠤ᠂ ᠥᠪᠥᠷ ᠮᠣᠩᠭᠤᠯ ᠤᠨ ᠠᠵᠢᠯ ᠤᠨ ᠵᠥᠪᠯᠡᠯ ᠤᠯᠠᠭᠠᠨᠬᠤᠲᠠ ᠳᠤ ᠬᠢᠩᠭᠠᠨ ᠠᠶᠢᠮᠠᠭ ᠤᠨ ᠤᠯᠠᠨ ᠲᠦᠮᠡᠨ ᠤ ᠠᠵᠢᠯ ᠤᠨ ᠪᠦᠯᠬᠦᠮ ᠤᠨ ᠳᠠᠷᠤᠭ᠎ᠠ ᠨᠠᠷ ᠤᠨ ᠬᠤᠷᠠᠯ ᠢ ᠬᠤᠷᠠᠯᠳᠤᠭᠤᠯᠪᠠ᠃ ᠤᠯᠠᠭᠠᠨᠬᠦᠦ ᠨᠥᠬᠦᠷ ᠬᠤᠷᠠᠯ ᠳᠡᠭᠡᠷ᠎ᠡ᠄ ᠮᠠᠯᠵᠢᠬᠤ ᠣᠷᠣᠨ ᠤ ᠠᠷᠠᠳᠴᠢᠯᠠᠭᠰᠠᠨ ᠥᠭᠡᠷᠡᠴᠢᠯᠡᠯᠲᠡ ᠨᠢ ᠮᠠᠯᠵᠢᠬᠤ ᠤᠷᠤᠨ ᠢ ᠲᠣᠭᠲᠠᠭᠤᠨ ᠪᠠᠶᠢᠯᠭᠠᠬᠤ ᠪᠠᠶᠢᠳᠠᠯ ᠠᠴᠠ ᠡᠭᠦᠰᠴᠦ᠂ ᠮᠠᠯ ᠠᠵᠤ ᠠᠬᠤᠢ ᠶᠢᠨ ᠦᠢᠯᠡᠳᠪᠦᠷᠢᠯᠡᠯ ᠢ ᠰᠡᠷᠭᠦᠭᠡᠨ ᠬᠦᠭᠵᠢᠭᠦᠯᠬᠦ ᠠᠴᠠ ᠡᠭᠦᠰᠴᠦ᠂ ᠠᠩᠭᠢ ᠢᠯᠭᠠᠬᠤ ᠦᠭᠡᠢ᠂ ᠮᠠᠯ ᠤᠨ ᠡᠵᠡᠨ ᠲᠠᠢ ᠲᠡᠮᠡᠴᠡᠬᠦ ᠦᠭᠡᠢ ᠪᠠᠶᠢᠵᠤ᠂ ᠵᠣᠬᠢᠬᠤ ᠠᠷᠭ᠎ᠠ ᠬᠡᠮᠵᠢᠶ᠎ᠡ ᠠᠪᠴᠤ ᠪᠠᠶᠢᠭᠠᠳ ᠬᠥᠯᠥᠰᠥᠨ ᠠᠵᠢᠯᠴᠢᠨ ᠤ ᠴᠠᠯᠢᠩ ᠢ ᠳᠡᠭᠡᠭᠰᠢᠯᠡᠭᠦᠯᠬᠦ ᠬᠡᠷᠡᠭᠲᠡᠢ ᠭᠡᠵᠦ ᠲᠣᠳᠣᠷᠬᠠᠢ ᠳᠤᠷᠠᠳᠪᠠ᠃ ᠡᠭᠦᠨ ᠠᠴᠠ ᠡᠬᠢᠯᠡᠨ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠳᠤ ᠬᠤᠪᠢᠶᠠᠬᠤ ᠦᠭᠡᠢ᠂ ᠲᠡᠮᠡᠴᠡᠯ ᠬᠢᠬᠦ ᠦᠭᠡᠢ᠂ ᠠᠩᠭᠢ ᠢᠯᠭᠠᠬᠤ ᠦᠭᠡᠢ᠂ ᠮᠠᠯᠴᠢᠨ ᠪᠠ ᠮᠠᠯ ᠤᠨ ᠡᠵᠡᠨ ᠬᠤᠶᠠᠭᠤᠯᠠ ᠳᠤ ᠠᠰᠢᠭᠲᠠᠢ ᠭᠡᠬᠦ ᠠᠯᠳᠠᠷᠲᠤ ᠲᠥᠷᠥ ᠶᠢᠨ ᠪᠣᠳᠣᠯᠭ᠎ᠠ ᠪᠣᠢ ᠪᠣᠯᠪᠠ᠃ ᠡᠨᠡ ᠬᠦ ᠲᠦᠷᠦ ᠶᠢᠨ ᠪᠤᠳᠤᠯᠭ᠎ᠠ ᠶᠢ ᠬᠡᠷᠡᠭᠵᠢᠭᠦᠯᠦᠭᠰᠡᠨ ᠤ ᠳᠠᠷᠠᠭᠠᠬᠢ ᠦᠷ᠎ᠡ ᠪᠦᠲᠦᠮᠵᠢ ᠨᠢ ᠴᠦ ᠮᠠᠰᠢ ᠢᠯᠡᠷᠬᠡᠢ ᠶᠤᠮ᠂ ᠵᠦᠪᠬᠡᠨ ᠤᠯᠠᠭᠠᠨᠮᠤᠳᠤ ᠪᠠᠷ ᠵᠢᠱᠢᠶᠡᠯᠡᠵᠦ ᠬᠡᠯᠡᠪᠡᠯ᠂ ᠮᠠᠯ ᠠᠵᠤ ᠠᠬᠤᠢ ᠶᠢᠨ ᠥᠭᠡᠷᠡᠴᠢᠯᠡᠯᠲᠡ ᠶᠢᠨ ᠦᠶ᠎ᠡ ᠳᠤ ᠤᠯᠠᠭᠠᠨᠮᠤᠳᠤ ᠮᠠᠯᠵᠢᠬᠤ ᠣᠷᠣᠨ ᠳᠤ ᠨᠡᠶᠢᠳᠡ 2.4 ᠲᠦᠮᠡᠨ ᠲᠣᠯᠣᠭᠠᠢ ᠮᠠᠯ ᠪᠠᠶᠢᠪᠠ᠃ 1949 ᠣᠨ ᠪᠣᠯᠬᠤ ᠳᠤ ᠪᠦᠬᠦ ᠨᠤᠲᠤᠭ ᠤᠨ ᠮᠠᠯ ᠤᠨ ᠲᠤᠭ᠎ᠠ ᠲᠣᠯᠣᠭᠠᠶ 4.5 ᠲᠦᠮᠡ ᠭᠠᠷᠤᠶ ᠪᠣᠯᠵᠤ᠂ ᠭᠤᠷᠪᠠᠨ ᠵᠢᠯ ᠳᠤ 87% ᠨᠡᠮᠡᠭᠳᠡᠵᠡᠶ᠃ ᠳᠡᠭᠡᠷ᠎ᠡ ᠶᠠᠷᠢᠭᠰᠠᠨ ᠵᠦᠢᠯ ᠤᠳ ᠢ ᠶᠡᠷᠦᠩᠬᠡᠶᠢᠯᠡᠨ ᠦᠵᠡᠪᠡᠯ᠂ ᠵᠢᠷᠭᠠᠯ ᠨᠦᠬᠦᠷ ᠤᠯᠠᠭᠠᠨᠮᠤᠳᠤ ᠶᠢᠨ ᠮᠠᠯᠵᠢᠬᠤ ᠣᠷᠣᠨ ᠤ ᠥᠭᠡᠷᠡᠴᠢᠯᠡᠯᠲᠡ ᠶᠢᠨ ᠲᠤᠷᠰᠢᠯᠲᠠ ᠶᠢᠨ ᠠᠵᠢᠯ ᠤᠨ ᠳᠤᠮᠳᠠ᠂ ᠬᠤᠪᠢᠶᠠᠬᠤ ᠦᠭᠡᠢ᠂ ᠲᠡᠮᠡᠴᠡᠬᠦ ᠦᠭᠡᠢ᠂ ᠠᠩᠭᠢ ᠢᠯᠭᠠᠬᠤ ᠦᠭᠡᠢ᠂ ᠮᠠᠯᠴᠢᠨ ᠪᠠ ᠮᠠᠯ ᠤᠨ ᠡᠵᠡᠨ ᠬᠤᠶᠠᠭᠤᠯᠠ ᠳᠤ ᠠᠰᠢᠭᠲᠠᠢ ᠪᠠᠶᠢᠬᠤ ︽ᠭᠤᠷᠪᠠᠨ ᠦᠭᠡᠢ ᠬᠤᠶᠠᠷ ᠲᠤ ᠠᠰᠢᠭᠲᠠᠢ︾ ᠲᠦᠷᠦ ᠶᠢᠨ ᠪᠣᠳᠣᠯᠭ᠎ᠠ ᠶᠢ ᠠᠮᠵᠢᠯᠲᠠᠲᠠᠢ ᠲᠣᠭᠲᠠᠭᠠᠨ ᠬᠡᠷᠡᠭᠵᠢᠭᠦᠯᠵᠡᠢ᠂ ᠵᠢᠷᠭᠠᠯ ᠨᠦᠬᠦᠷ ᠪᠤᠯ ᠮᠠᠯᠵᠢᠬᠤ ᠣᠷᠣᠨ ᠤ ᠠᠷᠠᠳᠴᠢᠯᠠᠭᠰᠠᠨ ᠥᠭᠡᠷᠡᠴᠢᠯᠡᠯᠲᠡ ᠶᠢᠨ ︽ᠭᠤᠷᠪᠠᠨ ᠦᠭᠡᠢ ᠬᠤᠶᠠᠷ ᠲᠤ ᠠᠰᠢᠭᠲᠠᠢ︾ ᠲᠥᠷᠦ ᠶᠢᠨ ᠪᠣᠳᠣᠯᠭ᠎ᠠ ᠶᠢᠨ ᠡᠭᠦᠳᠦᠭᠴᠢ᠂ ᠵᠢᠷᠭᠠᠯ ᠨᠦᠬᠦᠷ ᠮᠠᠨ ᠤ ᠣᠷᠣᠨ ᠪᠠ ᠮᠠᠨ ᠤ ᠤᠯᠤᠰ ᠤᠨ ᠮᠠᠯᠵᠢᠬᠤ ᠣᠷᠣᠨ ᠤ ᠠᠷᠠᠳᠴᠢᠯᠠᠭᠰᠠᠨ ᠦᠭᠡᠷᠡᠴᠢᠯᠡᠯᠲᠡ ᠳᠤ ᠲᠡᠦᠬᠡᠲᠦ ᠬᠤᠪᠢ ᠨᠡᠮᠡᠷᠢ ᠦᠵᠡᠭᠦᠯᠵᠡᠢ᠃     ᠵᠢᠷᠭᠠᠯ ᠥᠪᠥᠷ ᠮᠣᠩᠭᠤᠯ ᠳᠠᠭᠠᠨ ᠬᠠᠷᠢᠵᠤ ᠢᠷᠡᠭᠰᠡᠨ ᠨᠢ    ︽ᠳᠦᠷᠪᠡᠨ ᠬᠥᠮᠦᠨ ᠤ ᠪᠦᠯᠦᠭ》 ᠢ ᠪᠤᠳᠠ ᠨᠢᠷᠭᠡᠭᠰᠡᠨ ᠤ ᠳᠠᠷᠠᠭ᠎ᠠ᠂ ᠮᠢᠨᠤ ᠥᠪᠥᠷ ᠮᠣᠩᠭᠤᠯ ᠤᠨ ᠵᠠᠰᠠᠭ  ᠤᠨ ᠤᠷᠳᠤᠨ ᠤ ᠠᠯᠪᠠᠨ ᠲᠢᠩᠬᠢᠮ ᠤᠨ ᠳᠡᠳ᠋ ᠡᠷᠬᠢᠯᠡᠭᠴᠢ ᠶᠢᠨ ᠲᠤᠰᠢᠶᠠᠯ ᠢ ᠰᠡᠷᠭᠦᠭᠡᠵᠦ᠂ ᠨᠠᠮᠠᠢᠢ ᠪᠡᠭᠡᠵᠢᠩ ᠳᠤ ᠲᠣᠮᠢᠯᠠᠨ ᠤᠴᠢᠭᠤᠯᠵᠤ ᠦᠪᠦᠷ ᠮᠤᠩᠭᠤᠯ ᠤᠨ ᠪᠡᠭᠡᠵᠢᠩ ᠳᠤ ᠰᠠᠭᠤᠭ᠎ᠠ ᠬᠡᠷᠡᠭ ᠡᠷᠬᠢᠯᠡᠬᠦ ᠭᠠᠵᠠᠷ ᠢ ᠳᠠᠬᠢᠨ ᠪᠠᠶᠢᠭᠤᠯᠬᠤ ᠠᠵᠢᠯ ᠢ ᠬᠠᠷᠢᠭᠤᠴᠠᠭᠤᠯᠵᠤ᠂ ᠪᠢ ᠪᠡᠯᠡᠳᠬᠡᠯ ᠳᠤᠭᠤᠶᠢᠯᠠᠩ ᠤᠨ ᠳᠠᠷᠤᠭ᠎ᠠ ᠶᠢᠨ ᠲᠤᠰᠢᠶᠠᠯ ᠢ ᠬᠠᠪᠰᠤᠷᠭᠠᠨ ᠡᠭᠦᠷᠭᠡᠯᠡᠪᠡ᠃ ᠠᠵᠢᠯ ᠶᠠᠪᠤᠳᠠᠯ ᠪᠦᠲᠦᠭᠡᠬᠦ ᠳᠡᠭᠡᠨ ᠴᠢᠳᠠᠮᠠᠭᠠᠶ ᠨᠥᠬᠦᠳ ᠢ ᠡᠷᠢᠵᠦ ᠮᠢᠨᠤ ᠠᠵᠢᠯ ᠢ ᠬᠠᠪᠰᠤᠷᠤᠭᠤᠯᠬᠤ ᠶᠢᠨ ᠲᠥᠯᠥᠭᠡ᠂ ᠪᠢ ᠲᠤᠬᠠᠶ ᠶᠢᠨ ᠦᠶ᠎ᠡ ᠶᠢᠨ ᠥᠪᠥᠷ ᠮᠣᠩᠭᠤᠯ ᠤᠨ ᠤᠢ ᠰᠢᠭᠤᠢ ᠶᠢᠨ ᠴᠠᠭᠳᠠᠭ᠎ᠠ ᠶᠢᠨ ᠶᠡᠷᠦᠩᠬᠡᠶ ᠠᠩᠭᠢ ᠶᠢᠨ ᠠᠷᠤ ᠲᠠᠯ᠎ᠠ ᠶᠢᠨ ᠦᠶᠯᠡᠴᠢᠯᠡᠭᠡᠨ ᠤ ᠬᠡᠯᠲᠡᠰ ᠤᠨ ᠳᠠᠷᠤᠭ᠎ᠠ ᠪᠠᠶᠢᠭᠰᠠᠨ ᠴᠢ ᠵᠧᠨ ᠷᠦᠩ ᠨᠥᠬᠦᠷ ᠢ ᠪᠡᠯᠡᠳᠬᠡᠯ ᠳᠤᠭᠤᠶᠢᠯᠠᠩ ᠤᠨ ᠳᠡᠳ᠋ ᠳᠠᠷᠤᠭ᠎ᠠ ᠪᠠᠷ ᠲᠣᠮᠢᠯᠠᠭᠤᠯᠬᠤ ᠪᠠᠷ ᠳᠡᠪᠰᠢᠭᠦᠯᠪᠡ᠂ ᠤᠳᠤᠷᠢᠳᠤᠯᠭ᠎ᠠ ᠮᠢᠨᠦ ᠰᠠᠨᠠᠯ ᠢ ᠵᠥᠪᠰᠢᠶᠡᠷᠡᠪᠡ᠃ ᠲᠤᠬᠠᠶ ᠶᠢᠨ ᠦᠶ᠎ᠡ ᠳᠤ ᠮᠠᠨ ᠤ ᠠᠵᠢᠯ ᠤᠨ ᠬᠦᠴᠢᠷᠳᠡᠯ ᠮᠠᠰᠢ ᠶᠡᠭᠡ ᠪᠠᠶᠢᠭᠰᠠᠨ ᠪᠥᠭᠡᠳ ᠡᠯ᠎ᠡ ᠮᠤᠵᠢ ᠬᠤᠲᠠ ( ᠲᠤᠭᠤᠷᠢᠭ) ᠶᠢᠨ ᠪᠡᠭᠡᠵᠢᠩ ᠳᠤ ᠰᠠᠭᠤᠭ᠎ᠠ ᠠᠯᠪᠠᠨ ᠭᠡᠷ ᠤᠨ ᠪᠠᠶᠢᠭᠤᠯᠤᠮᠵᠢ 《ᠰᠣᠶᠣᠯ ᠤᠨ ᠶᠡᠭᠡ ᠬᠤᠪᠢᠰᠬᠠᠯ》 ᠤᠨ ᠳᠤᠮᠳᠠ ᠵᠢᠶᠠᠩ ᠴᠢᠩ ᠳᠤ 《ᠲᠠᠩᠨᠠᠭᠤᠯ ᠤᠨ ᠪᠠᠶᠢᠭᠤᠯᠭ᠎ᠠ》 ᠭᠡᠵᠦ ᠭᠦᠳᠬᠡᠭᠳᠡᠵᠦ ᠴᠥᠮ ᠬᠠᠰᠤᠭᠳᠠᠵᠤ᠂ ᠪᠡᠭᠡᠵᠢᠩ ᠳᠤ ᠰᠠᠭᠤᠭ᠎ᠠ ᠠᠯᠪᠠᠨ ᠭᠡᠷ ᠤᠨ ᠭᠡᠷ ᠪᠠᠶᠢᠰᠢᠩ ᠨᠢ ᠪᠦᠷ ᠪᠡᠭᠡᠵᠢᠩ ᠬᠤᠲᠠ ᠶᠢᠨ ᠬᠤᠶᠠᠳᠤᠭᠠᠷ ᠦᠶᠯᠡᠴᠢᠯᠡᠭᠡᠨ ᠤ ᠲᠣᠪᠴᠢᠶ᠎ᠠ ᠵᠡᠷᠭᠡ ᠨᠢᠭᠡᠴᠢ ᠳᠤ ᠡᠵᠡᠯᠡᠭᠳᠡᠵᠡᠶ᠃ ᠪᠢᠳᠡ ᠡᠵᠡᠯᠡᠭᠳᠡᠭᠰᠡᠨ ᠭᠡᠷ ᠬᠦᠷᠦᠩᠭᠡ ᠪᠠᠨ ᠪᠤᠴᠠᠭᠠᠵᠤ ᠠᠪᠬᠤ ᠴᠢᠬᠤᠯᠠᠲᠠᠢ᠂ ᠨᠠᠭᠠᠳᠤ ᠵᠠᠬ᠎ᠠ  ᠳᠠᠭᠠᠨ ᠪᠡᠭᠡᠵᠢᠩ ᠬᠤᠳᠠ ᠶᠢᠨ ᠬᠤᠯᠪᠣᠭᠳᠠᠯ ᠪᠦᠬᠦᠢ ᠨᠢᠭᠡᠴᠢ ᠠᠴᠠ ᠮᠠᠨ ᠤ ᠬᠡᠳᠦᠨ ᠭᠡᠷ ᠬᠦᠷᠦᠩᠬᠡ ᠶᠢ ᠪᠤᠴᠠᠭᠠᠨ ᠥᠭᠴᠦ᠂ ᠪᠡᠯᠡᠳᠬᠡᠨ ᠪᠠᠶᠢᠭᠤᠯᠬᠤ ᠠᠯᠪᠠᠨ ᠭᠡᠷ ᠪᠠ ᠵᠣᠴᠢᠳ ᠤᠨ ᠪᠠᠭᠤᠳᠠᠯ ᠪᠠᠶᠢᠭᠤᠯᠬᠤ ᠳᠤ ᠬᠡᠷᠡᠭᠯᠡᠬᠦ ᠬᠡᠷᠡᠭᠲᠡᠢ᠃ ᠥᠪᠥᠷ ᠮᠣᠩᠭᠤᠯ ᠳᠤ ᠪᠠᠰᠠ ᠪᠤᠰᠤᠳ ᠮᠤᠵᠢ ᠬᠤᠲᠠ ᠲᠠᠢ ᠠᠳᠠᠯᠢ ᠦᠭᠡᠶ ᠣᠨᠴᠠᠭᠠᠶ ᠬᠦᠴᠢᠷᠳᠡᠯ ᠣᠷᠣᠰᠢᠵᠤ ᠪᠠᠶᠢᠨ᠎ᠠ᠂ ᠮᠠᠨ ᠤ ᠣᠷᠣᠨ ᠤ ᠮᠠᠰᠢ ᠣᠯᠠᠨ ᠮᠠᠯᠴᠢᠳ ᠪᠡᠭᠡᠵᠢᠩ ᠳᠤ ᠬᠦᠷᠴᠦ ᠡᠪᠡᠳᠴᠢᠨ ᠦᠵᠡᠭᠦᠯᠵᠦ᠂ ᠪᠠᠨᠴᠢᠨ ᠯᠠᠮᠠ ᠳᠤ ᠮᠥᠷᠭᠦᠵᠦ᠂ ᠲᠡᠳᠡᠨ ᠤ ᠣᠷᠣᠨ ᠰᠠᠭᠤᠴᠠ ᠶᠢᠨ ᠠᠰᠠᠭᠤᠳᠠᠯ ᠢ ᠲᠣᠬᠢᠲᠠᠶ ᠰᠢᠶᠳᠪᠦᠷᠢᠯᠡᠬᠦ ᠦᠭᠡᠶ ᠪᠣᠯ ᠨᠡᠶᠢᠰᠯᠡᠯ ᠬᠤᠲᠠ ᠶᠢᠨ ᠦᠵᠡᠮᠵᠢ ᠪᠣᠯᠤᠨ ᠵᠠᠮ ᠬᠠᠷᠢᠯᠴᠠᠭᠠᠨ ᠤ ᠬᠠᠮᠢᠶᠠᠷᠤᠯᠲᠠ ᠳᠤ ᠮᠠᠰᠢ ᠣᠯᠠᠨ ᠶᠠᠷᠰᠢᠭ ᠲᠦᠪᠡᠭ ᠤᠴᠠᠷᠠᠭᠤᠯᠵᠤ᠂ ᠪᠠᠰᠠ ᠪᠤᠳᠤᠯᠢᠶᠠᠨᠲᠠᠶ ᠦᠨᠳᠦᠰᠦᠲᠡᠨ ᠤ ᠠᠰᠠᠭᠤᠳᠠᠯ ᠪᠣᠯᠵᠤ ᠮᠡᠳᠡᠨ᠎ᠡ᠃ ᠪᠢᠳᠡ᠂ ᠪᠡᠭᠡᠵᠢᠩ ᠬᠤᠲᠠ ᠤᠷᠢᠳ ᠢᠶᠠᠷ ᠥᠪᠥᠷ ᠮᠣᠩᠭᠤᠯ ᠤᠨ ᠪᠡᠭᠡᠵᠢᠩ ᠳᠠᠬᠢ ᠴᠥᠩ ᠸᠧᠨ ᠮᠧᠨ ᠤ ᠭᠠᠳᠠᠨᠠᠬᠢ ᠨᠢᠭᠡ ᠭᠡᠷ ᠬᠥᠷᠥᠩᠭᠡ ᠶᠢ ᠪᠤᠴᠠᠭᠠᠨ ᠥᠭᠴᠦ᠂ ᠥᠪᠥᠷ ᠮᠣᠩᠭᠤᠯ ᠤᠨ ᠪᠡᠭᠡᠵᠢᠩ ᠳᠤ ᠰᠠᠭᠤᠭ᠎ᠠ ᠠᠯᠪᠠᠨ ᠬᠡᠷ ᠤᠨ ᠮᠠᠯᠴᠢᠳ  ᠤᠨ ᠵᠣᠴᠢᠯᠠᠬᠤ ᠭᠠᠵᠠᠷ ᠪᠣᠯᠭᠠᠵᠤ᠂ ᠪᠡᠭᠡᠵᠢᠩ ᠳᠤ ᠢᠷᠡᠭᠰᠡᠨ ᠮᠠᠯᠴᠢᠳ ᠢ ᠭᠥᠯᠢᠶᠡᠨ ᠠᠪᠤᠨ᠎ᠠ ᠭᠡᠵᠦ ᠳᠤᠷᠠᠳᠪᠠ᠃ ᠪᠢᠳᠡ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶᠠᠨ ᠤ ᠸᠠᠩ ᠳ᠋ᠦᠸᠧ᠂ ᠸᠠᠩ ᠢ ᠯᠦᠨ ᠵᠡᠷᠭᠡ ᠤᠳᠤᠷᠢᠳᠬᠤ ᠨᠥᠬᠦᠳ ᠢᠶᠠᠷ ᠳᠠᠮᠵᠢᠭᠤᠯᠤᠨ ᠪᠡᠭᠡᠵᠢᠩ ᠬᠤᠳᠠ ᠶᠢᠨ ᠪᠠᠢ ᠵᠢᠶᠧ ᠹᠦ᠋᠂ ᠭᠦᠸᠧ ᠰᠢᠶᠠᠨ ᠷᠦᠢ ᠬᠤᠶᠠᠷ ᠤᠳᠤᠷᠢᠳᠤᠯᠭ᠎ᠠ ᠶᠢ ᠡᠷᠢᠵᠦ ᠤᠴᠢᠭᠰᠠᠨ ᠳᠤ᠂ ᠲᠡᠳᠡ ᠬᠤᠶᠠᠭᠤᠯᠠ᠂ ᠡᠨᠡ ᠪᠣᠯ ︽ᠰᠣᠶᠣᠯ ᠤᠨ ᠶᠡᠭᠡ ᠬᠤᠪᠢᠰᠬᠠᠯ︾   ᠤᠨ ᠦᠯᠡᠳᠡᠭᠳᠡᠵᠦ ᠢᠷᠡᠭᠰᠡᠨ ᠠᠰᠠᠭᠤᠳᠠᠯ᠂ ᠡᠨᠡ ᠠᠰᠠᠭᠤᠳᠠᠯ ᠢ ᠰᠢᠢᠳᠪᠦᠷᠢᠯᠡᠬᠦ ᠳᠤ ᠮᠠᠰᠢ ᠶᠡᠭᠡ ᠲᠦᠪᠡᠭ ᠲᠠᠢ᠂ ᠵᠥᠪᠬᠡᠨ ᠪᠡᠭᠡᠵᠢᠩ ᠬᠤᠳᠠ ᠶᠢᠨ ᠲᠡᠷᠢᠭᠦᠨ ᠳᠠᠷᠤᠭ᠎ᠠ ᠡᠤ ᠳ᠋ᠧ ᠱᠦᠵᠢ ᠶᠢ ᠡᠷᠢᠵᠦ ᠤᠴᠢᠪᠠᠯ᠂ ᠪᠦᠲᠦᠭᠡᠵᠦ ᠳᠡᠶᠢᠯᠬᠦ ᠪᠣᠯᠤᠮᠵᠢ ᠲᠠᠢ ᠪᠠᠶᠢᠨ᠎ᠠ ᠭᠡᠵᠦ ᠢᠯᠡᠳᠬᠡᠪᠡ᠃ ᠡᠨᠡ ᠦᠶ᠎ᠡ ᠳᠤ ᠪᠢᠳᠡ ᠵᠢᠷᠭᠠᠯ ᠨᠥᠬᠦᠷ ᠪᠡᠭᠡᠵᠢᠩ ᠳᠤ ᠢᠷᠡᠵᠦ ᠰᠤᠪᠢᠯᠠᠯᠲᠠ ᠬᠢᠵᠤ ᠪᠠᠶᠢᠬᠤ ᠴᠢᠮᠡᠭᠡ ᠶᠢ ᠣᠯᠵᠤ ᠮᠡᠳᠡᠪᠡ᠃ ᠨᠢᠭᠡᠨ ᠡᠳᠦᠷ᠂ ᠪᠢ ᠴᠢ ᠵᠧᠨ ᠷᠦᠩ ᠨᠥᠬᠦᠷ ᠲᠠᠢ ᠬᠠᠮᠲᠤ ᠲᠥᠪ ᠤᠨ ᠵᠣᠬᠢᠶᠠᠨ ᠪᠠᠶᠢᠭᠤᠯᠬᠤ ᠬᠡᠯᠲᠡᠰ ᠤᠨ ᠸᠠᠨ ᠱᠸᠦ ᠯᠦ ᠵᠠᠮ ᠤᠨ ᠵᠣᠴᠢᠯᠠᠬᠤ ᠭᠠᠵᠠᠷ ᠲᠤ ᠬᠦᠷᠴᠦ ᠵᠢᠷᠭᠠᠯ ᠨᠥᠬᠦᠷ ᠢ ᠪᠣᠯᠭᠤᠭᠠᠨ ᠦᠵᠡᠪᠡ᠂ ᠴᠢ ᠵᠧᠨ ᠷᠦᠩ ᠨᠥᠬᠦᠷ ᠪᠤᠯ ᠵᠢᠷᠭᠠᠯ ᠨᠦᠬᠦᠷ  ᠤᠨ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠳᠡᠭᠡᠷᠡᠮ ᠢ ᠤᠰᠠᠳᠬᠠᠨ ᠤᠷᠪᠠᠯᠭᠠᠨ ᠢ ᠲᠦᠪᠰᠢᠳᠬᠡᠬᠦ ᠦᠶ᠎ᠡ ᠶᠢᠨ ᠰᠠᠶᠢᠨ ᠬᠠᠪᠰᠤᠷᠤᠭᠴᠢ ᠮᠦᠨ᠂ ᠬᠠᠭᠤᠴᠢᠨ ᠳᠠᠶᠢᠴᠢᠨ ᠨᠥᠬᠦᠳ ᠬᠤᠶᠠᠭᠤᠯᠠ ᠪᠠᠨ ᠠᠭᠤᠯᠵᠠᠭᠠᠳ ᠲᠤᠶᠢᠯ ᠢᠶᠠᠷ ᠪᠠᠶᠠᠷᠯᠠᠪᠠ᠃《ᠶᠧ ᠵᠢᠶᠠᠨ ᠶᠢᠩ ᠮᠠᠷᠱᠠᠯ ᠲᠥᠪ ᠬᠤᠷᠢᠶᠠᠨ ᠤ ᠵᠣᠬᠢᠶᠠᠨ ᠪᠠᠶᠢᠭᠤᠯᠬᠤ ᠬᠡᠯᠲᠡᠰ ᠲᠤ ᠵᠠᠷᠯᠢᠭ ᠪᠠᠭᠤᠯᠭᠠᠨ ᠲᠡᠭᠦᠨ ᠢ ᠪᠡᠭᠡᠵᠢᠩ ᠳᠤ ᠢᠷᠡᠭᠦᠯᠵᠦ ᠰᠤᠪᠢᠯᠠᠭᠠᠷᠠᠢ᠃》ᠭᠡᠵᠦ ᠵᠢᠷᠭᠠᠯ ᠨᠥᠬᠦᠷ ᠮᠠᠨ ᠳᠤ ᠬᠡᠯᠡᠭᠰᠡᠨ ᠶᠤᠮ᠃ ︽ᠰᠣᠶᠣᠯ ᠤᠨ ᠶᠡᠭᠡ ᠬᠤᠪᠢᠰᠬᠠᠯ︾ ᠤᠨ ᠳᠠᠷᠠᠭ᠎ᠠ᠂ ᠶᠧ ᠵᠢᠶᠠᠨ ᠶᠢᠩ ᠮᠠᠷᠱᠠᠯ ᠬᠦᠯᠦᠨ ᠪᠤᠶᠢᠷ ᠠᠶᠢᠮᠠᠭ ᠪᠣᠯᠤᠨ ᠶᠡᠭᠡ ᠬᠢᠩᠭᠠᠨ ᠳᠠᠪᠠᠭ᠎ᠠ ᠶᠢᠨ ᠣᠶ ᠰᠢᠭᠤᠶ ᠶᠢᠨ ᠬᠠᠮᠢᠶᠠᠷᠤᠯᠲᠠ ᠶᠢᠨ ᠲᠣᠪᠴᠢᠶ᠎ᠠ ᠳᠤ ᠬᠦᠷᠴᠦ ᠠᠵᠢᠯ ᠪᠠᠶᠢᠴᠠᠭᠠᠵᠤ ᠥᠩᠭᠡᠷᠡᠵᠡᠶ᠃ ᠶᠧ ᠵᠢᠶᠠᠨ ᠶᠢᠩ ᠮᠠᠷᠱᠠᠯ ᠵᠢᠷᠭᠠᠯ ᠨᠦᠬᠦᠷ ᠤᠨ ᠠᠵᠢᠯ ᠤᠨ ᠬᠠᠷᠢᠭᠤ ᠮᠡᠳᠡᠭᠦᠯᠦᠯᠲᠡ ᠶᠢ ᠰᠣᠨᠣᠰᠴᠤ᠂ ᠲᠡᠷᠡ᠂ ᠰᠣᠶᠣᠯ ᠤᠨ ᠬᠤᠪᠢᠰᠬᠠᠯ ᠤᠨ ᠳᠠᠷᠠᠭ᠎ᠠ ᠵᠢᠷᠭᠠᠯ ᠨᠦᠬᠦᠷ ᠡᠪᠡᠳᠴᠢᠨ ᠲᠠᠢ ᠵᠡᠮᠳᠡᠭ ᠪᠡᠶ᠎ᠡ ᠪᠠᠨ ᠴᠢᠷᠴᠦ᠂ ᠡᠯ᠎ᠡ ᠣᠶ ᠰᠢᠭᠤᠶ ᠶᠢᠨ ᠲᠣᠪᠴᠢᠶ᠎ᠠ ᠳᠤ ᠬᠦᠷᠴᠦ ᠲᠣᠪᠴᠢᠶᠠᠨ ᠤ ᠭᠤᠤᠯ ᠤᠳᠤᠷᠢᠳᠤᠯᠭ᠎ᠠ ᠨᠠᠷ ᠢ ᠳᠠᠶᠢᠴᠢᠯᠠᠵᠤ ᠠᠵᠢᠯ ᠢᠶᠠᠨ ᠠᠳᠬᠤᠵᠤ ᠡᠬᠢᠯᠡᠭᠰᠡᠨ ᠪᠠᠶᠢᠳᠠᠯ ᠢ ᠨᠠᠷᠢᠨ ᠤᠶᠢᠯᠠᠭᠠᠪᠠ᠃ ᠵᠢᠷᠭᠠᠯ ᠨᠦᠬᠦᠷ ᠤᠨ ᠰᠢᠷᠭᠠᠭᠤ ᠠᠵᠢᠯᠯᠠᠭᠰᠠᠨ ᠠᠴᠠ ᠪᠤᠯᠵᠤ ᠶᠡᠭᠡ ᠬᠢᠩᠭᠠᠨ ᠳᠠᠪᠠᠭᠠᠨ ᠤ ᠡᠯ᠎ᠡ ᠤᠢ ᠰᠢᠭᠤᠶ ᠶᠢᠨ ᠲᠣᠪᠴᠢᠶ᠎ᠠ ᠨᠤᠭᠤᠳ ᠤᠨ ᠠᠵᠢᠯ ᠮᠠᠰᠢ ᠲᠦᠷᠭᠡᠨ ᠰᠡᠷᠭᠦᠵᠦ᠂ ᠦᠶᠯᠡᠳᠪᠦᠷᠢᠯᠡᠯ ᠴᠦ ᠰᠠᠶᠢᠵᠢᠷᠠᠵᠠᠶ᠃ 《ᠲᠡᠷᠡ ᠪᠠᠰᠠ ᠶᠧ ᠵᠢᠶᠠᠨ ᠶᠢᠩ ᠮᠠᠷᠱᠠᠯ ᠲᠠᠢ ᠬᠠᠮᠲᠤ ᠨᠢᠭᠡ ᠤᠳᠠᠭ᠎ᠠ ᠠᠪᠠ ᠬᠢᠵᠤ ᠦᠩᠭᠡᠷᠡᠪᠡ᠃》ᠭᠡᠵᠤ ᠵᠢᠷᠭᠠᠯ ᠨᠥᠬᠦᠷ ᠪᠠᠰᠠ ᠬᠡᠯᠡᠪᠡ᠃ ᠵᠢᠷᠭᠠᠯ ᠪᠡᠭᠡᠵᠢᠩ ᠳᠤ ᠢᠷᠡᠭᠰᠡᠨ ᠤ ᠳᠠᠷᠠᠭ᠎ᠠ᠂ ᠨᠢᠭᠡᠨ ᠡᠳᠦᠷ ᠶᠧ ᠵᠢᠶᠠᠨ ᠶᠢᠩ ᠮᠠᠷᠱᠠᠯ ᠤᠨ ᠠᠯᠪᠠᠨ ᠭᠡᠷ ᠤᠨ ᠬᠡᠷᠡᠭ ᠡᠷᠬᠢᠯᠡᠭᠴᠢ ᠤᠲᠠᠰᠤ ᠢᠷᠡᠭᠦᠯᠵᠦ᠄ ᠶᠧ ᠵᠢᠶᠠᠨ ᠶᠢᠩ ᠮᠠᠷᠱᠠᠯ ᠰᠢ ᠱᠠᠨ ᠠᠭᠤᠯᠠᠨ ᠤ ᠰᠠᠭᠤᠭ᠎ᠠ ᠭᠠᠵᠠᠷ ᠲᠠᠭᠠᠨ ᠵᠢᠷᠭᠠᠯ ᠨᠦᠬᠦᠷ ᠢ ᠵᠠᠯᠠᠵᠤ ᠬᠤᠭᠤᠯᠯᠠᠬᠤ ᠶᠢᠨ ᠬᠠᠮᠲᠦ ᠪᠠᠰᠠ‌ᠤᠯᠠᠭᠠᠨᠬᠦᠦ ᠡᠷ᠎ᠡ ᠡᠮ᠎ᠡ ᠬᠤᠶᠠᠭᠤᠯᠠ ᠶᠢ ᠵᠠᠯᠠᠵᠤ ᠠᠪᠠᠴᠢᠨ᠎ᠠ ᠭᠡᠵᠦ ᠮᠡᠳᠡᠭᠳᠡᠪᠡ᠃ ᠬᠤᠭᠤᠯᠠᠨ ᠰᠢᠷᠡᠭᠡᠨ ᠳᠡᠭᠡᠷ᠎ᠡ ᠶᠧ ᠮᠠᠷᠱᠠᠯ ᠤᠯᠠᠭᠠᠨᠬᠦᠦ  ᠳᠤ ᠬᠡᠯᠡᠭᠰᠡᠨ ᠨᠢ᠄ ᠵᠢᠷᠭᠠᠯ ᠨᠦᠬᠦᠷ ᠤᠨ ᠪᠡᠶ᠎ᠡ ᠶᠡᠷᠦ ᠨᠢ ᠲᠡᠶᠢᠮᠦ ᠡᠷᠡᠭᠦᠯ ᠪᠢᠰᠢ᠂ ᠡᠮᠦᠨ᠎ᠡ ᠹᠷᠣᠨᠲ ᠲᠤ ᠠᠵᠢᠯᠯᠠᠵᠤ ᠪᠠᠶᠢᠬᠤ ᠨᠢ ᠲᠡᠭᠦᠨ ᠤ ᠡᠷᠡᠭᠦᠯ ᠮᠡᠨᠳᠦ ᠳᠤ ᠠᠰᠢᠭ ᠦᠭᠡᠢ ᠶᠤᠮ᠂ ᠴᠢ ᠵᠢᠷᠭᠠᠯ ᠨᠦᠬᠦᠷ ᠢ ᠥᠪᠥᠷ ᠮᠣᠩᠭᠤᠯ ᠳᠤ ᠠᠵᠢᠯ ᠰᠢᠯᠵᠢᠭᠦᠯᠦᠨ ᠠᠪᠠᠴᠢᠭᠠᠷᠠᠢ ᠭᠡᠰᠡᠨ ᠳᠤ᠂  ᠤᠯᠠᠭᠠᠨᠬᠦᠦ ᠭᠤᠸᠠᠢ ᠠᠶᠠᠨᠳᠠᠭᠠᠨ ᠶᠧ ᠮᠠᠷᠱᠠᠯ ᠰᠠᠨᠠᠯ ᠢ ᠵᠥᠪᠰᠢᠶᠡᠷᠡᠵᠡᠢ᠃ ᠤᠳᠠᠯ ᠦᠭᠡᠢ᠂ ᠲᠥᠪ ᠬᠤᠷᠢᠶᠠᠨ ᠤ ᠵᠣᠬᠢᠶᠠᠨ ᠪᠠᠶᠢᠭᠤᠯᠬᠤ ᠬᠡᠯᠲᠡᠰ ᠠᠴᠠ ᠵᠢᠷᠭᠠᠯ ᠨᠦᠬᠦᠷ ᠥᠪᠥᠷ ᠮᠣᠩᠭᠤᠯ ᠳᠤ ᠪᠤᠴᠠᠵᠤ ᠠᠵᠢᠯᠯᠠᠬᠤ ᠶᠢ ᠮᠡᠳᠡᠭᠳᠡᠪᠡ᠃  ᠵᠢᠷᠭᠠᠯ ᠨᠦᠬᠦᠷ ᠤᠨ ᠨᠡᠡᠬᠦ ᠬᠠᠯᠠᠭᠤᠨ ᠰᠡᠳᠬᠢᠯᠭᠡᠲᠦ ᠦᠭᠡ ᠨᠢ ᠴᠢ ᠵᠧᠨ ᠷᠦᠩ ᠪᠢᠳᠠ ᠬᠤᠶᠠᠭᠤᠯᠠ ᠳᠤ ᠲᠦᠢᠯ ᠤᠨ ᠶᠡᠭᠡ ᠵᠤᠷᠢᠭᠵᠢᠭᠤᠯᠤᠯ ᠪᠤᠯᠪᠠ᠃  ᠳᠡᠭᠡᠭᠡᠳ ᠪᠢᠳᠠ ᠬᠤᠶᠠᠭᠤᠯᠠ ᠵᠢᠷᠭᠠᠯ ᠨᠦᠬᠦᠷ ᠢ ᠶᠧ ᠵᠢᠶᠠᠨ ᠶᠢᠩ ᠮᠠᠷᠱᠠᠯ ᠳᠤ ᠦᠭᠡ ᠳᠠᠮᠵᠢᠭᠤᠯᠵᠤ᠂ ᠪᠡᠭᠡᠵᠢᠩ ᠬᠤᠲᠠ ᠦᠪᠦᠷ ᠮᠤᠩᠭᠤᠯ ᠤᠨ ᠬᠡᠳᠦᠨ ᠭᠡᠷ ᠬᠦᠷᠦᠩᠭᠡ ᠶᠢ ᠪᠤᠴᠠᠭᠠᠨ ᠦᠭᠭᠦᠪᠡᠯ ᠶᠠᠮᠠᠷ ᠪᠤᠢ ᠭᠡᠵᠤ ᠬᠦᠰᠡᠯ ᠳᠠᠯᠪᠢᠭᠰᠠᠨ ᠳᠤ᠂ ᠵᠢᠷᠭᠠᠯ ᠨᠦᠬᠦᠷ᠄《ᠡᠶᠢᠮᠦᠷᠬᠦ ᠦᠴᠦᠭᠡᠨ ᠶᠠᠪᠤᠳᠠᠯ ᠢ ᠮᠠᠷᠱᠠᠯ ᠳᠤ ᠮᠡᠳᠡᠭᠦᠯᠦᠭᠰᠡᠨ ᠤ ᠴᠢᠬᠤᠯᠠ ᠦᠭᠡᠢ᠂  ᠪᠢ ᠮᠠᠷᠱᠠᠯ ᠤᠨ ᠠᠯᠪᠠᠨ ᠭᠡᠷ ᠤᠨ ᠸᠠᠩ ᠡᠷᠬᠢᠯᠡᠭᠴᠢ ᠳᠤ ᠬᠡᠯᠡᠪᠡᠯ ᠪᠠᠷᠤᠭ ᠪᠦᠲᠦᠴᠢᠭᠡᠬᠦ ᠮᠠᠭᠠᠳ᠃》ᠭᠡᠵᠡᠢ᠃ ᠳᠡᠮᠡᠶ ᠬᠡᠳᠦᠨ ᠡᠳᠦᠷ ᠦᠩᠭᠡᠷᠡᠭᠰᠡᠨ ᠦᠭᠡᠢ᠂ ᠵᠢᠷᠭᠠᠯ ᠨᠥᠬᠦᠷ ᠸᠠᠩ ᠡᠷᠬᠢᠯᠡᠭᠴᠢ ᠡᠦ ᠳ᠋ᠧ ᠨᠥᠬᠦᠷ  ᠲᠤ ᠡᠨᠡ ᠤᠴᠢᠷ ᠢ ᠰᠢᠶᠳᠪᠦᠷᠢᠯᠡᠬᠦ ᠬᠡᠷᠡᠭᠲᠡᠶ ᠭᠡᠵᠦ ᠬᠡᠯᠡᠭᠰᠡᠨ ᠵᠶ᠋ᠠᠨ‌ᠮᠠᠨ ᠳᠤ ᠮᠡᠳᠡᠭᠳᠡᠪᠡ᠃ ᠤᠳᠠᠯ ᠦᠭᠡᠢ ᠡᠦ ᠳ᠋ᠧ  ᠶᠢᠨ ᠬᠡᠳᠦᠨ ᠵᠢᠭᠠᠪᠤᠷᠢ ᠦᠨᠡᠬᠡᠷ  ᠪᠠᠭᠤᠵᠤ ᠢᠷᠡᠪᠡ᠂ ᠡᠦ ᠳ᠋ᠧ ᠵᠢᠭᠠᠪᠤᠷᠢ ᠳᠠᠭᠠᠨ ᠪᠡᠭᠡᠵᠢᠩ ᠬᠤᠳᠠ ᠶᠢᠨ ᠬᠤᠯᠪᠣᠭᠳᠠᠯ ᠪᠦᠬᠦᠢ ᠰᠠᠯᠠᠭ᠎ᠠ ᠮᠥᠴᠢᠷ ᠢ ᠠᠷᠭ᠎ᠠ ᠰᠦᠪᠡᠭᠴᠢᠯᠡᠨ ᠥᠪᠥᠷ ᠮᠣᠩᠭᠤᠯ ᠤᠨ ᠬᠡᠳᠦᠨ ᠭᠡᠷ ᠬᠦᠷᠦᠩᠭᠡ ᠶᠢ ᠪᠤᠴᠠᠭᠠᠯᠭᠠᠬᠤ ᠪᠠᠷ ᠱᠠᠭᠠᠷᠳᠠᠪᠠ᠃ ᠭᠡᠪᠡᠴᠦ ᠪᠡᠭᠡᠵᠢᠩ ᠬᠤᠳᠠ ᠶᠢᠨ ᠬᠤᠯᠪᠣᠭᠳᠠᠯ ᠪᠦᠬᠦᠢ ᠰᠠᠯᠠᠭ᠎ᠠ ᠮᠥᠴᠢᠷ ᠤᠨ  ᠬᠢᠨ ᠵᠦᠢᠯ ᠵᠦᠢᠯ ᠤᠨ ᠬᠦᠴᠢᠷ ᠪᠡᠷᠬᠡᠰᠢᠶᠡᠯ ᠳᠤᠷᠠᠳᠤᠭᠠᠳ ᠰᠢᠢᠳᠪᠦᠷᠢᠯᠡᠵᠤ ᠦᠭᠬᠦ ᠦᠭᠡᠢ ᠪᠠᠶᠢᠯ᠎ᠠ᠃ ᠵᠢᠷᠭᠠᠯ ᠨᠥᠬᠦᠷ ᠥᠪᠥᠷ ᠮᠣᠩᠭᠤᠯ ᠳᠤ ᠠᠵᠢᠯ ᠰᠢᠯᠵᠢᠵᠦ ᠢᠷᠡᠩᠰᠡᠨ ᠤ ᠰᠡᠭᠦᠯᠡᠷ᠂ ᠥᠪᠡᠷᠲᠡᠭᠡᠨ ᠵᠠᠰᠠᠬᠤ ᠣᠷᠣᠨ ᠤ ᠨᠠᠮ  ᠤᠨ ᠬᠤᠷᠢᠶᠠᠨ ᠤ ᠳᠡᠳ᠋ ᠱᠦᠵᠢ᠂ ᠥᠪᠡᠷᠲᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠤ ᠳᠡᠳ᠋ ᠲᠡᠷᠢᠭᠦᠯᠡᠭᠴᠢ ᠶᠢᠨ ᠲᠤᠰᠢᠶᠠᠯ ᠢ ᠡᠭᠦᠷᠭᠡᠯᠡᠪᠡ᠃ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶᠠᠨ ᠤ ᠪᠠᠶᠢᠩᠭᠤ  ᠶᠢᠨ ᠬᠤᠷᠢᠶ᠎ᠠ ᠠᠵᠢᠯ ᠤᠨ ᠬᠤᠪᠢᠶᠠᠷᠢᠯᠠᠯ ᠢᠶᠠᠨ ᠲᠤᠭᠲᠠᠭᠠᠬᠤ ᠳᠠᠭᠠᠨ᠂ ᠵᠢᠷᠭᠠᠯ ᠨᠥᠬᠦᠷ ᠪᠡᠭᠡᠵᠢᠩ ᠳᠤ ᠰᠠᠭᠤᠭ᠎ᠠ ᠥᠪᠥᠷ ᠮᠣᠩᠭᠤᠯ ᠤᠨ ᠠᠯᠪᠠᠨ ᠬᠡᠷ ᠤᠨ ᠪᠡᠯᠡᠳᠬᠡᠯ ᠠᠵᠢᠯ ᠢ ᠦᠷᠭᠦᠯᠵᠢᠯᠡᠨ ᠠᠳᠬᠤᠬᠤ ᠬᠡᠷᠡᠭᠲᠡᠶ ᠭᠡᠵᠦ ᠲᠣᠳᠣᠷᠬᠠᠶ ᠵᠢᠭᠠᠵᠤ ᠭᠠᠷᠭᠠᠪᠠ᠃ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ ᠪᠣᠯᠤᠨ ᠵᠢᠷᠭᠠᠯ ᠨᠥᠬᠦᠷ ᠤᠨ ᠬᠠᠯᠠᠮᠵᠢᠯᠠᠯ ᠳᠡᠮᠵᠢᠯᠭᠡ ᠪᠠᠷ᠂ ᠪᠢᠳᠡ ᠡᠴᠦᠰ ᠲᠡᠭᠡᠨ ᠬᠡᠳᠦᠨ ᠬᠡᠷ ᠬᠥᠷᠥᠩᠭᠡ ᠪᠠᠨ ᠪᠤᠴᠠᠭᠠᠨ ᠠᠪᠴᠤ᠂ ᠪᠡᠭᠡᠵᠢᠩ ᠤᠨ ᠴᠥᠩ ᠸᠧᠨ ᠮᠧᠨ ᠲᠤᠳᠤᠷ ᠶᠡᠭᠡ ᠵᠡᠭᠡᠯᠢ ᠶᠢᠨ 47 ᠳ᠋ᠤᠭᠠᠷ ︵ᠳᠠᠷᠤᠶ ᠴᠥᠩ ᠨᠸᠢ ᠵᠣᠴᠢᠳ ᠤᠨ ᠪᠠᠭᠤᠳᠠᠯ︶᠂ ᠴᠥᠩ ᠸᠧᠨ ᠮᠧᠨ ᠭᠠᠳᠠᠷ ᠶᠡᠭᠡ ᠵᠡᠭᠡᠯᠢ ᠶᠢᠨ 28 ᠳ᠋ᠤᠭᠠᠷ ᠨᠣᠮᠧᠷ ᠲᠤ ᠲᠣᠰ ᠲᠣᠰ ᠥᠪᠥᠷ ᠮᠣᠩᠭᠤᠯ ᠤᠨ ᠪᠡᠭᠡᠵᠢᠩ ᠳᠤ ᠰᠠᠭᠤᠭ᠎ᠠ ᠠᠯᠪᠠᠨ ᠭᠠᠵᠠᠷ ᠪᠠ ᠮᠠᠯᠴᠢᠳ ᠤᠨ ᠵᠤᠴᠢᠯᠠᠬᠤ ᠭᠠᠵᠠᠷ ᠭᠠᠷᠭᠠᠵᠤ᠂ ᠪᠡᠭᠡᠵᠢᠩ ᠤᠨ ᠤᠷᠠᠨ ᠵᠢᠷᠤᠭ ᠤᠨ ᠣᠷᠳᠣᠨ ᠤ ᠠᠷᠤ ᠵᠡᠭᠡᠯᠢ ᠶᠢᠨ 71 ᠳ᠋ᠦ᠋ᠭᠡᠷ ᠨᠣᠮᠧᠷ ︵ᠤᠤᠯ ᠤᠨ ᠳ᠋ᠠ ᠹᠥᠸᠧ ᠰᠧ ᠪᠠᠷᠠᠭᠤᠨ ᠵᠡᠭᠡᠯᠢ ᠶᠢᠨ 38 ᠳ᠋ᠤᠭᠠᠷ ᠨᠣᠮᠧᠷ︶ ᠲᠤ ᠪᠠᠭᠤᠳᠠᠯ ᠤᠨ ᠠᠰᠠᠷ   ᠢ ᠪᠡᠯᠡᠳᠭᠡᠨ ᠪᠠᠶᠢᠭᠤᠯᠪᠠ᠃ ᠪᠡᠯᠡᠳᠬᠡᠨ ᠪᠠᠶᠢᠭᠤᠯᠬᠤ ᠠᠵᠢᠯ ᠦᠨᠳᠦᠰᠦᠨ ᠳᠡᠭᠡᠨ ᠳᠠᠭᠤᠰᠤᠭᠰᠠᠨ ᠤ ᠲᠠᠷᠠᠭ᠎ᠠ᠂ ᠪᠢ ᠲᠥᠪ ᠤᠨ ᠨᠠᠮ ᠤᠨ ᠰᠤᠷᠭᠠᠭᠤᠯᠢ ᠲᠤ ᠣᠴᠢᠵᠤ ᠰᠤᠷᠤᠯᠴᠠᠵᠤ᠂ ᠴᠢ ᠵᠧᠨ ᠷᠦᠩ ᠨᠥᠬᠦᠷ ᠪᠡᠭᠡᠵᠢᠩ ᠳᠤ ᠰᠠᠭᠤᠭ᠎ᠠ ᠠᠯᠪᠠᠨ ᠭᠡᠷ ᠤᠨ ᠳᠡᠳ᠋ ᠡᠷᠬᠢᠯᠡᠭᠴᠢ ᠶᠢᠨ ᠲᠤᠰᠢᠶᠠᠯ ᠢ ᠬᠠᠷᠢᠭᠤᠴᠠᠵᠤ᠂ ᠪᠢ ᠶᠡᠷᠦᠩᠬᠡᠢ ᠡᠭᠦᠷ ᠤᠨ ᠱᠦᠵᠢ ᠶᠢᠨ ᠲᠤᠰᠢᠶᠠᠯ ᠢ ᠬᠠᠷᠢᠭᠤᠴᠠᠵᠤ ᠪᠡᠯᠡᠳᠬᠡᠨ ᠪᠠᠶᠢᠭᠤᠯᠬᠤ ᠠᠵᠢᠯ ᠢ ᠦᠷᠭᠦᠯᠵᠢᠯᠡᠨ ᠠᠳᠬᠤᠪᠠ᠃      ᠬᠦᠴᠢᠷ ᠪᠡᠷᠬᠡᠰᠢᠶᠡᠯ ᠲᠠᠢ ᠴᠠᠭ ᠮᠥᠴᠡ ᠳᠤ᠂ ᠴᠡᠭᠡᠵᠢ ᠲᠦᠷᠢᠨ ᠭᠠᠷᠴᠤ ᠢᠷᠡᠵᠤ᠂ ᠡᠪᠡᠳᠴᠢᠨ ᠬᠦᠨᠳᠦᠷᠡᠵᠤ ᠪᠡᠶ᠎ᠡ ᠮᠠᠭᠤᠲᠠᠭᠰᠠᠨ ᠦᠶᠡᠰ ᠴᠦ᠂ ᠨᠠᠮ ᠤᠨ ᠠᠵᠢᠯ ᠢ ᠮᠠᠷᠲᠠᠬᠤ ᠦᠭᠡᠢ      1979 ᠣᠨ ᠤ ᠳᠣᠣᠷ᠎ᠠ ᠬᠠᠭᠠᠰ ᠵᠢᠯ ᠳᠤ᠂ ᠪᠢ ᠲᠥᠪ ᠤᠨ ᠨᠠᠮ ᠤᠨ ᠰᠤᠷᠭᠠᠭᠤᠯᠢ ᠶᠢᠨ ᠰᠤᠷᠤᠯᠴᠠᠯᠭ᠎ᠠ  ᠪᠠᠨ ᠲᠡᠭᠦᠰᠭᠡᠵᠤ᠂ ᠥᠪᠥᠷ ᠮᠣᠩᠭᠤᠯ ᠤᠨ ᠵᠠᠰᠠᠭ ᠤᠨ ᠣᠷᠳᠣᠨ ᠤ ᠠᠯᠪᠠᠨ ᠲᠢᠩᠬᠢᠮ ᠳᠤ ᠪᠤᠴᠠᠬᠤ ᠦᠶ᠎ᠡ ᠳᠤ᠂ ᠵᠢᠷᠭᠠᠯ ᠨᠥᠬᠦᠷ ᠨᠢᠭᠡᠨᠲᠡ ᠥᠪᠥᠷ ᠮᠣᠩᠭᠤᠯ ᠤᠨ ᠨᠠᠮ ᠤᠨ ᠬᠤᠷᠢᠶᠠᠨ ᠤ ᠳᠡᠳ᠋ ᠱᠦᠵᠢ᠂ ᠥᠪᠡᠷᠲᠡᠭᠡᠨ ᠵᠠᠰᠠᠬᠤ ᠣᠷᠣᠨ ᠤ ᠵᠠᠰᠠᠭ ᠤᠨ ᠣᠷᠳᠣᠨ ᠤ ᠰᠣᠶᠣᠯ ᠰᠤᠷᠭᠠᠨ ᠬᠥᠮᠦᠵᠢᠯ ᠡᠷᠡᠭᠦᠯ ᠬᠠᠮᠠᠭᠠᠯᠠᠯ ᠤᠨ ᠹᠷᠣᠨᠲ ᠤᠨ ᠠᠵᠢᠯ ᠢ ᠬᠤᠪᠢᠳᠠᠨ ᠬᠠᠮᠢᠶᠠᠷᠴᠤ ᠪᠠᠶᠢᠭᠰᠠᠨ ᠳᠡᠳ᠋ ᠲᠡᠷᠢᠭᠦᠯᠡᠭᠴᠢ ᠶᠢᠨ ᠲᠤᠰᠢᠶᠠᠯ ᠢ ᠡᠭᠦᠷᠭᠡᠯᠡᠪᠡ᠃ ᠪᠢ ᠵᠠᠰᠠᠭ ᠤᠨ ᠣᠷᠳᠣᠨ  ᠤ ᠠᠯᠪᠠᠨ ᠲᠢᠩᠬᠢᠮ ᠳᠤ ᠨᠠᠷᠢᠨ ᠪᠢᠴᠢᠭ ᠤᠨ ᠭᠠᠵᠠᠷ ᠤᠨ ᠠᠵᠢᠯ ᠢ ᠬᠤᠪᠢᠳᠠᠨ ᠬᠠᠮᠢᠶᠠᠷᠴᠤ ᠪᠠᠶᠢᠭ᠎ᠠ ᠦᠶ᠎ᠡ ᠳᠤ᠂ ᠡᠯ᠎ᠡ ᠨᠢᠭᠡᠴᠢ ᠠᠴᠠ ᠥᠪᠥᠷ ᠮᠣᠩᠭᠤᠯ ᠤᠨ ᠵᠠᠰᠠᠭ ᠤᠨ ᠣᠷᠳᠣᠨ ᠤ ᠨᠡᠷ᠎ᠡ ᠪᠠᠷ ᠳᠠᠮᠵᠢᠭᠤᠯᠤᠨ ᠳᠠᠷᠬᠠᠭᠠᠬᠤ ᠰᠣᠶᠣᠯ ᠰᠤᠷᠭᠠᠨ ᠬᠥᠮᠦᠵᠢᠯ ᠡᠷᠡᠭᠦᠯ ᠬᠠᠮᠠᠭᠠᠯᠠᠯ ᠤᠨ ᠲᠠᠯ᠎ᠠ ᠶᠢᠨ ᠪᠢᠴᠢᠭ ᠮᠠᠲ᠋ᠧᠷᠢᠶᠠᠯ ᠢ ᠨᠠᠷᠢᠨ ᠪᠢᠴᠢᠭ ᠤᠨ ᠭᠠᠵᠠᠷ ᠠᠴᠠ ᠵᠠᠰᠠᠪᠤᠷᠢ ᠣᠷᠣᠭᠤᠯᠤᠭᠰᠠᠨ ᠤ ᠳᠠᠷᠠᠭ᠎ᠠ ᠵᠢᠷᠭᠠᠯ ᠳᠡᠳ᠋ ᠲᠡᠷᠢᠭᠦᠯᠡᠭᠴᠢ ᠳᠤ ᠬᠦᠷᠭᠡᠵᠦ ᠭᠠᠷ ᠤᠨ ᠦᠰᠦᠭ ᠵᠢᠷᠤᠵᠤ ᠳᠠᠮᠵᠢᠭᠤᠯᠳᠠᠭ ᠰᠠᠨ᠃ ᠪᠢ ᠡᠳᠡᠭᠡᠷ ᠪᠢᠴᠢᠭ ᠮᠠᠲ᠋ᠧᠷᠢᠶᠠᠯ ᠢ ᠲᠡᠭᠦᠨ ᠤ ᠲᠡᠨᠳᠡ ᠬᠦᠷᠭᠡᠵᠦ ᠭᠠᠷ ᠤᠨ ᠦᠰᠦᠭ ᠵᠢᠷᠤᠭᠤᠯᠬᠤ ᠦᠶᠡᠰ᠂ ᠲᠡᠷᠡ ᠦᠷᠭᠦᠯᠵᠢ ᠲᠠᠨᠤᠰ ᠤᠷᠢᠳᠠᠪᠠᠷ ᠦᠵᠡᠭᠰᠡᠨ ᠤᠤ᠂ ᠪᠢᠴᠢᠭ ᠮᠠᠲ᠋ᠧᠷᠢᠶᠠᠯ ᠢ ᠪᠢᠴᠢᠭᠰᠡᠨ  ᠨᠢ ᠶᠠᠮᠠᠷ ᠵᠡᠷᠭᠡ ᠪᠤᠢ︖ ᠭᠡᠵᠤ ᠠᠰᠠᠭᠤᠭᠠᠳ ᠠᠪᠳᠠᠭ᠂ ᠲᠡᠷᠡ ᠪᠢᠴᠢᠭ ᠮᠠᠲ᠋ᠧᠷᠢᠶᠠᠯ ᠤᠨ ᠴᠢᠨᠠᠷ ᠢ ᠪᠣᠳᠣᠯᠬᠢᠯᠠᠵᠤ ᠪᠠᠶᠢᠬᠤ ᠨᠢ ᠢᠯᠡᠷᠬᠡᠶ ᠪᠠᠶᠢᠨ᠎ᠠ᠂ ᠤᠴᠢᠷ ᠨᠢ ᠵᠠᠷᠢᠮ ᠰᠠᠯᠠᠭ᠎ᠠ ᠮᠥᠴᠢᠷ ᠤᠨ ᠬᠢᠨᠠᠭᠤᠯᠬᠤ ᠪᠠᠷ ᠳᠡᠪᠰᠢᠭᠦᠯᠦᠭᠰᠡᠨ ᠪᠢᠴᠢᠭ ᠮᠠᠲ᠋ᠧᠷᠢᠶᠠᠯ ᠨᠢ ᠬᠤᠭᠤᠰᠤᠨ ᠦᠭᠡ ᠶᠢ ᠤᠪᠤᠭ᠎ᠠ ᠤᠯᠠᠨ ᠶᠠᠷᠢᠵᠤ᠂ ᠶᠡᠭᠡ ᠬᠠᠭᠤᠳᠠᠮ ᠪᠥᠭᠡᠳ ᠬᠡᠷᠡᠭ ᠲᠠᠢ ᠵᠦᠢᠯ ᠦᠭᠡᠢ ᠪᠣᠯᠬᠤᠷ ᠲᠡᠷᠡ ᠡᠶᠢᠮᠦ ᠪᠢᠴᠢᠭ ᠮᠠᠲ᠋ᠧᠷᠢᠶᠠᠯ ᠳᠡᠭᠡᠷ᠎ᠡ ᠶᠡᠷᠦ ᠨᠢ ᠭᠠᠷ ᠤᠨ ᠦᠰᠦᠭ ᠵᠢᠷᠤᠵᠤ ᠶᠠᠪᠤᠭᠤᠯᠬᠤ ᠦᠭᠡᠢ ᠶᠤᠮ᠃ ᠨᠠᠮ ᠤᠨ ᠲᠥᠪ ᠬᠤᠷᠢᠶ᠎ᠠ ᠱᠠᠭᠠᠷᠳᠠᠭᠰᠠᠨ ᠨᠢ᠂ ᠡᠯ᠎ᠡ ᠱᠠᠲᠤᠨ ᠤ ᠤᠳᠤᠷᠢᠳᠬᠤ ᠺᠠᠳ᠋ᠷᠴᠤᠳ ᠨᠣᠶᠠᠨᠴᠢ ᠰᠤᠷᠲᠠᠯ ᠤᠨ ᠭᠡᠮ ᠳᠤ ᠬᠠᠯᠳᠠᠪᠤᠷᠢᠯᠠᠭᠳᠠᠵᠤ ᠪᠣᠯᠬᠤ ᠦᠭᠡᠶ ᠭᠡᠵᠡᠢ᠃ ᠵᠢᠷᠭᠠᠯ ᠨᠥᠬᠦᠷ ᠤᠤᠯ  ᠠᠴᠠ ᠪᠠᠨ ᠨᠣᠶᠠᠨᠴᠢ ᠰᠤᠷᠲᠠᠯ ᠢ ᠡᠰᠡᠷᠭᠦᠴᠡᠬᠦ ᠳᠠᠳᠬᠠᠯ ᠲᠠᠢ ᠪᠠᠶᠢᠳᠠᠭ᠂ ᠲᠡᠷᠡ ᠦᠷᠭᠦᠯᠵᠢ ᠠᠵᠢᠯ ᠤᠨ ᠨᠢᠭᠡᠳᠦᠭᠡᠷ ᠹᠷᠣᠨᠲ ᠲᠤ ᠭᠦᠨᠵᠡᠭᠡᠶᠢᠷᠡᠨ ᠪᠠᠶᠢᠴᠠᠭᠠᠳᠠᠭ᠂ ᠲᠡᠭᠦᠨ ᠤ ᠬᠤᠪᠢᠳᠠᠨ ᠬᠠᠮᠢᠶᠠᠷᠴᠤ ᠪᠠᠶᠢᠭ᠎ᠠ ᠡᠯ᠎ᠡ ᠨᠢᠭᠡᠴᠡ ᠳᠤ ᠲᠡᠭᠦᠨ ᠤ ᠪᠠᠷ᠎ᠠ ᠶᠢ ᠦᠷᠭᠦᠯᠵᠢ ᠣᠯᠵᠤ ᠬᠠᠷᠠᠨ᠎ᠠ᠃ ᠲᠡᠭᠦᠨ ᠤ ᠨᠠᠷᠢᠨ ᠪᠢᠴᠢᠭᠡᠴᠢ ᠶᠢᠨ ᠬᠡᠯᠡᠬᠦ ᠪᠠᠷ᠂ ᠵᠠᠰᠠᠭ ᠤᠨ ᠣᠷᠳᠣᠨ ᠳᠤ ᠠᠵᠢᠯᠯᠠᠵᠤ ᠪᠠᠶᠢᠬᠤ ᠬᠤᠭᠤᠴᠠᠭᠠᠨ ᠳᠤ᠂ ᠵᠢᠷᠭᠠᠯ ᠳᠡᠳ᠋ ᠲᠡᠷᠢᠭᠦᠯᠡᠭᠴᠢ ᠦᠷᠭᠦᠯᠵᠢ ᠪᠠᠶᠠᠷ ᠳᠤᠷᠠᠰᠬᠠᠯ ᠪᠤᠯᠤᠨ ᠠᠮᠠᠷᠠᠯᠲᠠ ᠶᠢᠨ ᠡᠳᠦᠷ ᠢᠶᠠᠨ  ᠠᠰᠢᠭᠯᠠᠵᠤ᠂ ᠡᠯ᠎ᠡ ᠶᠡᠭᠡ ᠳᠡᠭᠡᠲᠦ ᠰᠤᠷᠭᠠᠭᠤᠯᠢ ᠳᠤ ᠬᠦᠷᠴᠦ ᠪᠠᠶᠢᠳᠠᠯ ᠢ ᠣᠶᠢᠯᠠᠭᠠᠵᠤ᠂ ᠠᠰᠠᠭᠤᠳᠠᠯ ᠢ ᠰᠢᠢᠳᠪᠦᠷᠢᠯᠡᠳᠡᠭ᠃ ᠦᠨᠳᠦᠰᠦᠲᠡᠨ ᠤ ᠳᠡᠭᠡᠳᠦ ᠰᠤᠷᠭᠠᠭᠤᠯᠢ ᠪᠣᠯ ᠲᠡᠭᠦᠨ ᠤ ᠦᠷᠭᠦᠯᠵᠢ ᠬᠦᠨᠵᠡᠭᠡᠶᠢᠷᠡᠵᠤ ᠠᠵᠢᠯ ᠪᠠᠶᠢᠴᠠᠭᠠᠬᠤ ᠨᠢᠭᠡᠨ  ᠭᠤᠤᠯᠳᠠᠯᠭ᠎ᠠ ᠮᠥᠨ᠂ ᠵᠠᠷᠢᠮ ᠳᠠᠭᠠᠨ ᠨᠠᠷᠢᠨ ᠪᠢᠴᠢᠭᠡᠴᠢ  ᠪᠠᠨ ᠴᠦ ᠳᠠᠭᠠᠭᠤᠯᠬᠤ ᠦᠭᠡᠢ ᠪᠠᠶᠢᠳᠠᠭ᠃ ᠡᠶᠢᠮᠦ ᠠᠴᠠ ᠲᠡᠷᠡ ᠬᠤᠪᠢᠳᠠᠨ ᠬᠠᠮᠢᠶᠠᠷᠴᠤ ᠪᠠᠶᠢᠭ᠎ᠠ ᠰᠣᠶᠣᠯ ᠰᠤᠷᠭᠠᠨ ᠬᠥᠮᠦᠵᠢᠯ ᠡᠷᠡᠭᠦᠯ ᠬᠠᠮᠠᠭᠠᠯᠠᠯ ᠤᠨ ᠡᠯ᠎ᠡ ᠨᠢᠭᠡᠴᠢ ᠶᠢᠨ ᠪᠠᠶᠢᠳᠠᠯ ᠢ ᠮᠠᠰᠢ ᠰᠠᠶᠢᠨ ᠤᠶᠢᠯᠠᠭᠠᠳᠠᠭ ᠶᠤᠮ᠃ ᠲᠡᠷᠡ᠂ ᠰᠣᠶᠣᠯ ᠰᠤᠷᠭᠠᠨ ᠬᠥᠮᠦᠵᠢᠯ ᠤᠨ ᠠᠵᠢᠯ ᠢ ᠬᠤᠪᠢᠳᠠᠨ ᠬᠠᠮᠢᠶᠠᠷᠴᠤ ᠪᠠᠶᠢᠭᠰᠠᠨ ᠬᠤᠭᠤᠴᠠᠭᠠᠨ ᠳᠤ᠂ ᠥᠪᠥᠷ ᠮᠤᠩᠭᠤᠯ ᠳᠤ ︽ᠰᠤᠷᠤᠭᠴᠢᠳ ‍ᠤᠨ‌ᠦᠢᠮᠡᠭᠡᠨ‌‍ᠲ᠋ᠡᠭᠳᠡᠭᠡᠭᠰᠡᠨ‌‍ᠬᠡᠷᠡᠭ︾ ᠭᠠᠷᠴᠠᠢ᠃ ᠵᠢᠷᠭᠠᠯ ᠨᠦᠬᠦᠷ ᠡᠨᠡ ᠬᠡᠷᠡᠭ ᠢ ᠮᠠᠰᠢ ᠰᠡᠳᠬᠢᠯ ᠲᠠᠯᠪᠢᠵᠤ ᠪᠠᠶᠢᠯ᠎ᠠ᠂ ᠵᠠᠷᠢᠮ ᠬᠦᠮᠦᠰ ᠰᠤᠷᠤᠭᠴᠢᠳ ᠠᠴᠠ ᠵᠠᠶᠢᠯᠠᠵᠤ᠂ ᠰᠤᠷᠤᠭᠴᠢᠳ ᠤᠨ ᠠᠵᠢᠯ ᠢ ᠬᠢᠬᠦ ᠵᠣᠷᠢᠭ ᠦᠭᠡᠢ ᠪᠠᠶᠢᠬᠤ ᠳᠤ᠂ ᠵᠢᠷᠭᠠᠯ ᠨᠥᠬᠦᠷ ᠥᠪᠥᠷ ᠮᠣᠩᠭᠤᠯ ᠤᠨ ᠨᠠᠮ ᠤᠨ ᠬᠤᠷᠢᠶᠠᠨ ᠤ ᠭᠤᠣᠯ ᠤᠳᠤᠷᠢᠳᠬᠤ ᠨᠥᠬᠦᠳ ᠲᠤ᠄ ︽ᠡᠶᠢᠮᠦ ᠶᠠᠪᠤᠳᠠᠯ ᠳᠡᠭᠡᠷ᠎ᠡ ᠲᠠ ᠨᠠᠷ ᠣᠴᠢᠵᠤ ᠬᠢᠬᠦ ᠨᠢ ᠮᠠᠨ ᠤ ᠴᠥᠭᠡᠨ ᠲᠣᠭᠠᠲᠤ ᠦᠨᠳᠦᠰᠦᠲᠡᠨ ᠤ ᠺᠠᠲᠠᠷᠴᠤᠳ ᠣᠴᠢᠵᠤ ᠬᠢᠬᠦ ᠶᠢ ᠬᠦᠷᠬᠦ ᠦᠭᠡᠢ︾ ᠭᠡᠵᠦ ᠳᠤᠷᠠᠳᠪᠠ᠃ ᠲᠡᠷᠡ ᠰᠠᠨᠠᠭᠠᠴᠢᠯᠠᠭ᠎ᠠ  ᠠᠴᠠ ᠪᠠᠨ ᠡᠨᠡᠬᠦ ᠡᠭᠦᠷᠭᠡ ᠶᠢ ᠳᠠᠠᠭᠠᠭᠠᠴᠢᠯᠠᠨ ᠠᠪᠴᠤ᠂ ᠡᠯ᠎ᠡ ᠶᠡᠭᠡ ᠳᠡᠭᠡᠳᠦ ᠰᠤᠷᠭᠠᠭᠤᠯᠢ ᠶᠢᠨ ᠪᠠᠭᠰᠢ ᠰᠤᠷᠤᠭᠴᠢᠳ ᠤᠨ ᠳᠤᠮᠳᠠ ᠤᠴᠢᠵᠤ ᠢᠳᠬᠠᠨ ᠰᠤᠷᠭᠠᠬᠤ ᠠᠵᠢᠯ ᠬᠢᠵᠡᠢ᠃ ᠲᠡᠷᠡ ᠰᠤᠷᠤᠭᠴᠢᠳ ᠲᠤ᠄ ᠲᠡᠶᠢᠠ ᠤ ᠵᠢᠯ ᠤᠳ ᠲᠤ ᠪᠢᠳᠠ ᠦᠬᠦᠵᠦ ᠰᠡᠭᠡᠬᠦ ᠪᠠᠨ ᠬᠠᠮᠲᠤᠳᠬᠠᠵᠤ᠂ ᠴᠢᠰᠤ ᠪᠠᠨ ᠤᠷᠤᠰᠬᠠ ᠪᠠᠶᠢᠯᠳᠤᠵᠤ᠂ ᠤᠷᠤᠭᠰᠢᠯᠠᠬᠤ ᠵᠠᠮ ᠳᠡᠭᠡᠷ᠎ᠡ ᠳᠠᠶᠢᠰᠤᠨ ᠤ ᠪᠦᠭᠭᠦᠭᠰᠡᠨ ᠴᠡᠷᠢᠭ ᠤᠨ ᠪᠦᠰᠡᠯᠡᠯᠲᠡ ᠪᠠᠶᠢᠬᠤ ᠶᠢ ᠮᠡᠳᠡᠵᠦ ᠪᠠᠶᠢᠭᠠᠳ ᠪᠢᠳᠠ ᠴᠥᠮ ᠪᠤᠴᠠᠯᠲᠠ ᠤᠢᠭᠡᠢ ᠳᠠᠭᠠᠷᠢᠨ ᠤᠷᠤᠳᠠᠭ᠂ ᠮᠠᠨ ᠤ ᠲᠡᠶᠢᠴᠢᠠ ᠨᠥᠬᠦᠳ ᠨᠢᠭᠡ ᠨᠢᠭᠡ ᠪᠠᠷ ᠪᠦᠷ  ᠪᠡᠶ᠎ᠡ ᠦᠷᠡᠭᠳᠡᠪᠡ᠂ ᠭᠡᠪᠡᠴᠤ ᠪᠢᠳᠡᠨ ᠤ ᠬᠡᠨ ᠴᠦ ᠭᠡᠳ ᠤᠬᠤᠷᠢᠳᠠᠭ ᠤᠢᠭᠡᠢ᠃ ᠶᠠᠭᠤᠨ ᠤ ᠲᠦᠯᠦᠭᠡ ᠪᠤᠢ︖ ᠲᠠᠷᠤᠢ ᠲᠠ ᠨᠠᠷ ᠤᠨ ᠡᠨᠡ ᠨᠢᠭᠡ ᠦᠶ᠎ᠡ ᠶᠢᠨ ᠵᠠᠯᠠᠭᠤᠴᠤᠳ ᠤᠨ ᠲᠥᠯᠥᠭᠡ ᠰᠢᠤ ᠳ᠋ᠠ᠂ ᠲᠠᠨᠤᠰ ᠢ ᠶᠡᠭᠡ ᠰᠤᠷᠭᠠᠭᠤᠯᠢ ᠳᠤ ᠤᠷᠤᠭᠤᠯᠵᠤ᠂ ᠰᠣᠶᠣᠯ ᠰᠢᠨᠵᠢᠯᠡᠬᠦ ᠤᠬᠠᠭᠠᠨ   ᠤᠨ ᠮᠡᠳᠡᠯᠭᠡ ᠶᠢ ᠰᠠᠶᠢᠲᠤᠷ ᠰᠤᠷᠤᠯᠴᠠᠨ ᠡᠵᠡᠮᠰᠢᠭᠦᠯᠵᠤ᠂ ᠬᠤᠵᠢᠮ ᠬᠤᠶᠢᠨ᠎ᠠ ᠤᠯᠤᠰ ᠪᠠ ᠦᠨᠳᠦᠰᠦᠲᠡᠨ ᠳᠡᠭᠡᠨ ᠦᠢᠯᠡᠰ ᠪᠦᠲᠦᠭᠡᠬᠦ ᠶᠢᠨ ᠲᠦᠯᠦᠭᠡ ᠰᠢᠤ ᠳ᠋ᠠ᠃ ᠲᠠ ᠨᠠᠷ ᠰᠠᠨᠠᠯ  ᠲᠠᠢ ᠪᠣᠯ ᠵᠣᠬᠢᠶᠠᠨ ᠪᠠᠶᠢᠭᠤᠯᠤᠯᠲᠠ ᠪᠠᠷ ᠳᠠᠮᠵᠢᠭᠤᠯᠤᠨ ᠲᠤᠰᠬᠠᠵᠤ ᠪᠣᠯᠤᠨ᠎ᠠ᠂ ᠪᠢᠳᠡ ᠲᠣᠬᠢᠲᠠᠶ ᠰᠤᠳᠤᠯᠤᠨ ᠰᠢᠶᠳᠪᠦᠷᠢᠯᠡᠵᠦ ᠦᠭᠭᠦᠶ᠎ᠡ᠂ ᠲᠠ ᠨᠠᠷ ᠤᠳᠤ ᠶᠢᠨ ᠰᠤᠷᠤᠯᠴᠠᠬᠤ ᠲᠣᠬᠢᠶᠠᠯ ᠢᠶᠠᠨ ᠰᠠᠶᠢᠲᠤᠷ ᠨᠠᠨᠳᠢᠩᠨᠠᠵᠤ ᠬᠢᠴᠢᠶᠡᠯ  ᠤᠨ ᠲᠠᠩᠬᠢᠮ ᠳᠠᠭᠠᠨ ᠪᠤᠴᠠᠬᠤ ᠬᠡᠷᠡᠭᠲᠡᠶ᠃ ᠥᠪᠥᠷ ᠮᠣᠩᠭᠤᠯ ᠤᠨ ᠨᠠᠮ ᠤᠨ ᠬᠤᠷᠢᠶ᠎ᠠ ᠪᠠ ᠵᠠᠰᠠᠭ ᠤᠨ ᠣᠷᠳᠣᠨ ᠤ ᠤᠳᠤᠷᠢᠳᠤᠯᠭ᠎ᠠ ᠲᠡᠳᠡᠨ ᠤ ᠳᠤᠮᠳᠠ ᠣᠷᠣᠵᠤ ᠢᠷᠡᠭᠰᠡᠨ ᠢ ᠰᠤᠷᠤᠭᠴᠢᠳ ᠣᠯᠵᠤ ᠦᠵᠡᠭᠰᠡᠨ ᠪᠥᠭᠡᠳ ᠲᠡᠳᠡᠨ ᠳᠤ ᠶᠠᠭᠠᠬᠢᠵᠤ ᠬᠢᠪᠡᠯ ᠵᠣᠬᠢᠬᠤ ᠶᠢ ᠨᠢ ᠬᠡᠯᠡᠵᠦ ᠲᠤᠬᠢᠵᠤ ᠥᠭᠴᠦ᠂ ᠬᠦᠯᠢᠴᠡᠩᠭᠦᠶ ᠪᠠᠷ ᠢᠳᠬᠠᠨ ᠰᠤᠷᠭᠠᠵᠤ ᠬᠥᠮᠦᠵᠢᠭᠦᠯᠦᠭᠰᠡᠨ ᠠᠴᠠ᠂ ᠲᠡᠳᠡᠨ ᠤ ᠳᠣᠲᠣᠷᠠᠬᠢ ᠣᠯᠠᠩᠬᠢ ᠬᠥᠮᠦᠰ ᠨᠢ ᠴᠥᠮ ᠬᠢᠴᠢᠶᠡᠯ ᠤᠨ ᠲᠠᠩᠬᠢᠮ ᠳᠤ ᠪᠠᠨ ᠪᠤᠴᠠᠭᠰᠠᠨ ᠪᠠᠶᠢᠨ᠎ᠠ᠃ ᠵᠢᠷᠭᠠᠯ ᠨᠥᠬᠦᠷ ᠰᠤᠷᠤᠭᠴᠢᠳ ᠲᠤ《ᠦᠶᠮᠡᠭᠡᠨ ᠳᠡᠭᠳᠡᠭᠡᠭᠰᠡᠨ》ᠶᠡᠭᠡ ᠮᠠᠯᠠᠭᠠᠶ ᠵᠡᠭᠦᠯᠭᠡᠵᠤ ᠥᠭᠭᠦᠭᠰᠡᠨ ᠦᠭᠡᠢ᠂ ᠰᠤᠷᠤᠭᠴᠢᠳ ᠢ ᠥᠪᠡᠷ ᠤᠨ ᠢᠶᠠᠨ ᠬᠡᠦᠬᠡᠳ ᠲᠠᠢ ᠪᠠᠨ ᠠᠳᠠᠯᠢ ᠪᠠᠷ ᠬᠠᠨᠳᠤᠵᠤ᠂ ᠲᠡᠳᠡᠨ ᠢ ᠬᠠᠯᠠᠮᠵᠢᠯᠠᠨ ᠬᠦᠮᠦᠵᠢᠭᠦᠯᠦᠭᠰᠡᠨ ᠠᠴᠠ ᠰᠤᠷᠤᠭᠴᠢᠳ ᠴᠥᠮ ᠲᠡᠭᠦᠨ ᠤ ᠶᠠᠷᠢᠶ᠎ᠠ ᠶᠢ ᠰᠣᠨᠣᠰᠬᠤ ᠳᠤᠷᠠᠲᠠᠶ ᠪᠠᠶᠢᠳᠠᠭ᠃ ᠭᠡᠪᠡᠴᠦ᠂ ᠪᠢᠳᠡᠨ ᠪᠤᠳᠤᠵᠤ ᠤᠯᠤᠭᠰᠠᠨ ᠦᠭᠡᠢ ᠨᠢ᠂ ᠵᠢᠷᠭᠠᠯ ᠨᠥᠬᠦᠷ ᠤᠨ ᠡᠶᠢᠮᠦ ᠶᠡᠭᠡ ᠮᠡᠷᠭᠡᠨ ᠤᠬᠠᠭᠠᠨ ᠪᠠᠭᠠᠲᠤᠷᠯᠢᠭ ᠠᠵᠢᠯᠯᠠᠭ᠎ᠠ ᠶᠢ ᠣᠨᠴᠠ ᠵᠠᠷᠢᠮ ᠬᠦᠮᠦᠰ ᠬᠠᠷᠢᠨ《ᠣᠨᠳᠣᠤ ᠰᠠᠨᠠᠭ᠎ᠠ ᠲᠠᠢ》 ᠭᠡᠵᠦ ᠭᠦᠳᠬᠡᠵᠦ᠂ ᠲᠡᠭᠦᠨ ᠢ ᠰᠤᠷᠤᠭᠴᠢᠳ ᠤᠨ ᠦᠶᠮᠡᠭᠡᠨ ᠳᠡᠭᠳᠡᠭᠡᠭᠰᠡᠨ《ᠬᠠᠷ᠎ᠠ ᠰᠠᠨᠠᠭ᠎ᠠ ᠲᠠᠢ ᠠᠷᠤ ᠲᠦᠰᠢᠯᠭᠡ》ᠭᠡᠰᠡᠨ ᠪᠠᠶᠢᠨ᠎ᠠ᠃ ᠵᠢᠷᠭᠠᠯ ᠨᠥᠬᠦᠷ ᠤᠨ ᠪᠡᠶ᠎ᠡ ᠮᠠᠬᠠᠪᠣᠳ ᠤᠤᠯ ᠠᠴᠠ ᠪᠠᠨ ᠬᠦᠨᠳᠦ ᠰᠢᠷᠬ᠎ᠠ ᠲᠠᠢ ᠡᠪᠡᠳᠴᠢᠨ ᠤᠯᠠᠨ ᠪᠠᠶᠢᠪᠠᠵᠤ᠂ ᠰᠤᠷᠤᠭᠴᠢᠳ ᠤᠨ ᠬᠥᠳᠡᠯᠭᠡᠭᠡᠨ ᠤ ᠳᠤᠮᠳᠠ ᠭᠠᠵᠠᠷ ᠪᠣᠯᠭᠠᠨ ᠳᠤ ᠭᠦᠶᠦᠵᠦ᠂ ᠡᠳᠦᠷ ᠰᠥᠨᠢ ᠦᠭᠡᠶ ᠶᠠᠭᠠᠷᠠᠯᠲᠠᠢ ᠠᠵᠢᠯᠯᠠᠵᠤ᠂ ᠡᠷᠡᠭᠦᠯ ᠮᠡᠨᠳᠦ ᠶᠢᠨ ᠪᠠᠶᠢᠳᠠᠯ ᠨᠢ ᠶᠠᠪᠤᠬᠤ ᠲᠤᠲᠤᠮ ᠬᠦᠨᠳᠦᠷᠡᠵᠤ ᠪᠠᠶᠢᠯ᠎ᠠ᠃ ᠵᠣᠬᠢᠶᠠᠨ ᠪᠠᠶᠢᠭᠤᠯᠤᠯᠲᠠ ᠠᠴᠠ ᠲᠡᠭᠦᠨ ᠤ ᠪᠡᠶ᠎ᠡ ᠮᠠᠬᠠᠪᠣᠳ ᠢ ᠬᠠᠷᠠᠭᠠᠯᠵᠠᠬᠤ ᠶᠢᠨ ᠲᠥᠯᠥᠭᠡ ᠲᠡᠭᠦᠨ ᠢ ᠲᠥᠪ ᠤᠨ ᠨᠠᠮ ᠤᠨ ᠰᠤᠷᠭᠠᠭᠤᠯᠢ ᠳᠤ ᠬᠦᠷᠭᠡᠵᠦ ᠰᠤᠷᠤᠯᠴᠠᠭᠤᠯᠪᠠ᠃ ᠪᠡᠭᠡᠵᠢᠩ ᠳᠤ ᠬᠦᠷᠦᠭᠰᠡᠨ ᠤ ᠲᠠᠷᠠᠭ᠎ᠠ᠂ ᠲᠡᠭᠦᠨ ᠤ ᠡᠪᠡᠳᠴᠢᠨ ᠨᠢ ᠬᠦᠨᠳᠦᠷᠡᠵᠦ᠂ ᠡᠮᠨᠡᠯᠭᠡ ᠳᠤ ᠰᠠᠭᠤᠪᠠ᠃ ᠭᠡᠪᠡᠴᠦ ᠲᠡᠭᠦᠨ ᠤ ᠵᠤᠪᠠᠵᠤ ᠪᠠᠶᠢᠭ᠎ᠠ ᠨᠢ ᠥᠪᠡᠷ ᠤᠨ ᠢᠶᠠᠨ ᠡᠪᠡᠳᠴᠢᠨ  ᠤ ᠲᠦᠯᠦᠭᠡ ᠪᠢᠰᠢ᠂ ᠬᠠᠷᠢᠨ ᠥᠪᠡᠷ ᠤᠨ ᠬᠢᠨ ᠡᠪᠡᠳᠴᠢᠨ ᠨᠢ ᠡᠳᠡᠭᠡᠷᠡᠵᠦ ᠳᠡᠶᠢᠯᠬᠦ ᠦᠭᠡᠢ᠂ ᠵᠠᠩᠭᠢᠯᠠᠭ᠎ᠠ ᠶᠢᠨ ᠦᠶ᠎ᠡ ᠳᠤ ᠨᠢᠭᠡᠳᠦᠭᠡᠷ ᠹᠷᠣᠨᠲ ᠲᠤ ᠠᠵᠢᠯᠯᠠᠵᠤ ᠴᠢᠳᠠᠬᠤ ᠦᠭᠡᠢ᠂ ᠨᠠᠮ ᠤᠨ ᠲᠥᠯᠥᠭᠡ ᠬᠦᠴᠦ ᠪᠠᠨ ᠡᠷᠬᠦᠵᠤ ᠳᠡᠶᠢᠯᠦᠬᠦ ᠦᠭᠡᠢ ᠳᠤ ᠪᠠᠶᠢᠭ᠎ᠠ ᠶᠤᠮ᠃ 1982 ᠣᠨ ᠤ 2 ᠰᠠᠷ᠎ᠠ ᠶᠢᠨ 26 ᠤ ᠡᠳᠦᠷ᠂ ᠡᠪᠡᠳᠴᠢᠨ ᠤ ᠪᠠᠺᠲ᠋ᠧᠷᠢ ᠵᠢᠷᠭᠠᠯ ᠨᠦᠬᠦᠷ ᠤᠨ ᠨᠠᠨᠳᠢᠨ ᠠᠮᠢ ᠨᠠᠰᠤ ᠶᠢ ᠪᠤᠯᠢᠶᠠᠨ ᠠᠪᠤᠪᠠ᠂ ᠥᠪᠡᠷᠲᠡᠭᠡᠨ ᠵᠠᠰᠠᠬᠤ ᠣᠷᠣᠨ ᠤ ᠡᠯ᠎ᠡ ᠦᠨᠳᠦᠰᠦᠲᠡᠨ ᠤ ᠠᠷᠠᠳ ᠲᠦᠮᠡᠨ ᠡᠨᠡᠬᠦ ᠨᠠᠮ ᠤᠨ ᠰᠠᠶᠢᠨ ᠬᠦᠦ᠂ ᠦᠨᠡᠨᠴᠢ ᠰᠢᠳᠤᠷᠭᠤ ᠡᠪ ᠬᠠᠮᠲᠤ ᠶᠣᠰᠣᠨ ᠤ ᠪᠠᠶᠢᠯᠳᠤᠭᠴᠢ ᠵᠢᠷᠭᠠᠯ ᠨᠥᠬᠦᠷ ᠢ ᠡᠮᠭᠡᠨᠢᠨ ᠭᠠᠰᠢᠭᠤᠳᠠᠪᠠ᠃
 
ᠢᠷᠡᠯᠲᠡ᠄ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠭᠡᠷ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号