ᠡᠭᠡ ᠡᠴᠢᠭᠡ ᠪᠤᠯᠤᠭᠰᠠᠳ ᠬᠡᠤᠬᠡᠳ ᠨᠢ ᠦᠭᠡ ᠶᠢ ᠨᠢ ᠰᠤᠨᠤᠰᠴᠦ ᠤᠬᠠᠭᠠᠨ ᠲᠤᠮᠤᠭᠠᠲᠠᠢ ᠪᠠᠶᠢᠬᠤ ᠶᠢ | ᠬᠦᠰᠡᠳᠡᠭ᠃ ᠬᠡᠬᠦ ᠳᠤ ᠤᠯᠠᠩᠭᠢ ᠬᠡᠤᠬᠡᠳ ᠠᠩᠬ᠎ᠠ ᠲᠤᠮᠳᠠᠳᠦ ᠳᠤ ᠤᠷᠤᠭᠰᠠᠨ ᠤ ᠲᠠᠷᠠᠭ᠎ᠠ ᠦᠰᠦᠳ ᠦᠭᠡᠷ᠎ᠡ | ᠬᠦᠮᠦᠨ ᠪᠤᠯᠵᠦ ᠬᠤᠪᠢᠷᠠᠭᠰᠠᠨ ᠰᠢᠭ᠋ ᠪᠤᠯᠵᠦ᠂ ᠡᠵᠢ ᠠᠪᠤ ᠲᠠᠢ ᠪᠠᠨ ᠠᠮᠠ ᠵᠦᠷᠢᠯᠳᠦᠨ ᠬᠡᠷᠡᠯᠳᠦᠵᠦ ᠡᠭᠢᠯᠡᠳᠡᠭ᠃ | ᠡᠨᠡ ᠪᠤᠯ ᠲᠡᠷᠰᠯᠡᠬᠦ ᠬᠤᠭᠤᠴᠠᠭᠠᠨ ᠤ ᠨᠢᠭᠡᠨ ᠶᠡᠷᠦᠳᠡ ᠶᠢᠨ ᠢᠯᠡᠷᠡᠯ ᠪᠤᠯᠤᠨ᠎ᠠ᠃ ᠵᠠᠷᠢᠮ ᠭᠡᠷ ᠤᠨ ᠠᠬᠠᠮᠠᠳ᠄ ︽ | ᠡᠨᠡ ᠬᠡᠤᠬᠡᠳ ᠢ ᠴᠢᠨᠢ ᠬᠠᠷᠢᠶᠠᠵᠦ ᠵᠤᠳᠤᠵᠦ ᠴᠤ ᠪᠤᠯᠬᠤ ᠦᠭᠡᠢ᠂ ᠠᠶ᠎ᠠ ᠪᠠᠷ ᠨᠢ ᠲᠠᠯᠪᠢᠵᠦ ᠴᠤ ᠪᠤᠯᠬᠤ ᠦᠭᠡᠢ᠂ | ᠬᠡᠯᠡᠵᠦ ᠰᠤᠷᠭᠠᠭᠠᠳ ᠨᠡᠩ ᠴᠤ ᠰᠤᠨᠤᠰᠬᠤ ᠦᠭᠡᠢ᠂ ᠶᠠᠭᠠᠬᠢᠯᠲᠡᠢ ᠴᠤ ᠪᠢᠯᠡ ᠳ᠋ᠧ︖︾ ᠭᠡᠵᠦ ᠠᠷᠭ᠎ᠠ ᠪᠠᠨ | ᠪᠠᠷᠠᠳᠠᠭ᠃ ᠦᠨᠡᠨᠳᠡᠭᠡᠨ ᠭᠡᠷ ᠤᠨ ᠠᠬᠠᠮᠠᠳ ᠪᠤᠯᠤᠭᠰᠠᠳ ᠬᠡᠤᠬᠡᠳ ᠤᠨ ︽ᠲᠡᠷᠰᠯᠡᠬᠦ︾ ᠠᠰᠠᠭᠤᠳᠠᠯ ᠳᠤ ᠬᠡᠳᠦ | ᠶᠡᠭᠡ ᠰᠠᠨᠠᠭᠠᠰᠢᠷᠠᠬᠤ ᠴᠢᠬᠤᠯᠠ ᠦᠭᠡᠢ ᠶᠤᠮ᠂ ᠬᠠᠷᠢᠨ ᠬᠡᠤᠬᠡᠳ ᠤᠨ ᠢᠶᠠᠨ ᠰᠡᠳᠬᠢᠯ ᠳᠡᠭᠡᠨ ᠶᠠᠭᠤ ᠪᠤᠳᠤᠵᠦ᠂ | ᠶᠠᠭᠤ ᠶᠢ ᠬᠦᠰᠡᠵᠦ ᠪᠠᠶᠢᠬᠤ ᠶᠢ ᠤᠢᠢᠯᠠᠭᠠᠬᠤ ᠨᠢ ᠶᠠᠭᠤᠨ ᠠᠴᠠ ᠴᠤ ᠴᠢᠬᠤᠯᠠ ᠶᠤᠮ᠃ ᠲᠠᠷᠤᠢ ᠡᠨᠡ ᠪᠤᠯ ᠭᠡᠷ ᠤᠨ | ᠠᠬᠠᠮᠠᠳ ᠤᠨ ᠬᠡᠤᠬᠡᠳ ᠲᠠᠢ ᠪᠠᠨ ᠵᠦᠪ ᠬᠠᠷᠢᠴᠠᠬᠤ ᠠᠷᠭ᠎ᠠ ᠶᠢᠨ ᠰᠢᠯᠭᠠᠯᠲᠠ ᠮᠦᠨ᠃ ᠲᠤᠤᠷ᠎ᠠ ᠬᠡᠤᠭᠡᠳ ᠤᠨ ᠨᠢᠭᠡ | ᠨᠠᠰᠦᠨ ᠳᠤ ᠡᠷᠭᠡᠪᠰᠢ ᠲᠤᠬᠢᠶᠠᠯᠳᠤᠬᠤ 3 ᠲᠡᠷᠰᠯᠡᠬᠦ ᠬᠤᠭᠤᠴᠠᠭ᠎ᠠ ᠵᠢᠴᠢ ᠬᠡᠷᠭᠢᠨ ᠰᠢᠢᠳᠪᠦᠷᠢᠯᠡᠬᠦ ᠠᠷᠭ᠎ᠠ ᠶᠢᠨ | ᠲᠤᠬᠠᠢ ᠲᠦᠭᠦᠮᠭᠡᠨ ᠲᠠᠨᠢᠯᠴᠠᠭᠤᠯᠤᠶ᠎ᠠ᠃ ᠨᠢᠭᠡᠳᠦᠭᠡᠷ ᠲᠡᠷᠰᠯᠡᠬᠦ ᠬᠤᠭᠤᠴᠠᠭ᠎ᠠ ︵2-3 ᠨᠠᠰᠦ︶ ᠬᠡᠤᠬᠡᠳ ᠤᠨ | ᠨᠢᠭᠡᠳᠦᠭᠡᠷ ᠲᠡᠷᠰᠯᠡᠬᠦ ᠬᠤᠭᠤᠴᠠᠭ᠎ᠠ ᠪᠤᠯ 2-3 ᠨᠠᠰᠤᠨ ᠤ ᠬᠤᠭᠤᠷᠤᠨᠳᠦ ᠪᠠᠶᠢᠳᠠᠭ᠃ ᠬᠡᠤᠬᠡᠳ 2 ᠨᠠᠰᠤᠨ ᠠᠴᠠ | ᠡᠮᠦᠨ᠎ᠡ ᠶᠡᠷᠦᠳᠡᠭᠡᠨ ᠲᠤᠮᠤᠴᠤᠤᠯ ᠤᠨ ᠦᠭᠡ ᠶᠢ ᠰᠤᠨᠤᠰᠲᠠᠭ ᠬᠦᠭᠡᠷᠦᠭᠦᠨ ᠬᠡᠤᠭᠡᠳ ᠪᠠᠶᠢᠭᠰᠠᠨ ᠪᠤᠯ᠂ 2 ᠨᠠᠰᠤ | ᠬᠦᠷᠦᠭᠰᠡᠨ ᠤ ᠲᠠᠷᠠᠭ᠎ᠠ ᠬᠠᠷᠢᠨ ᠭᠡᠷ ᠤᠨ ᠠᠬᠠᠮᠠᠳ ᠲᠠᠢ ᠪᠠᠨ ᠡᠰᠡᠷᠭᠦᠴᠡᠯᠳᠦᠵᠦ᠂ ᠶᠠᠭᠤ ᠶᠢ ᠬᠢᠯᠭᠡᠬᠦ ᠬᠡᠪᠡᠯ | ᠶᠠᠭᠤ ᠶᠢ ᠨᠢ ᠵᠠᠪᠠᠯ ᠬᠢᠬᠦ ᠦᠭᠡᠢ ᠭᠡᠵᠦ ᠵᠦᠷᠢᠭᠦᠯᠡᠵᠦ᠂ ᠦᠪᠡᠷ ᠤᠨ ᠭᠡᠰᠡᠨ ᠤᠯᠠᠨ ᠦᠵᠡᠯᠲᠡ ᠪᠤᠳᠤᠯ ᠲᠠᠢ ᠪᠤᠯᠵᠦ᠂ | ᠠᠷᠭ᠎ᠠ ᠪᠦᠬᠦᠨ ᠢ ᠰᠡᠳᠦᠵᠦ ᠦᠪᠡᠷ ᠤᠨ ᠰᠠᠨᠠᠭ᠎ᠠ ᠪᠠᠨ ᠪᠡᠶᠡᠯᠡᠭᠦᠯᠳᠡᠭ᠃ ᠲᠡᠷᠡᠴᠢᠯᠡᠨ ᠪᠠᠭ᠎ᠠ ᠤᠴᠢᠷ ᠲᠡᠭᠡᠷ᠎ᠡ ᠴᠤ | ᠶᠡᠭᠡᠪᠡᠷ ᠠᠭᠤᠷᠯᠠᠵᠦ ᠤᠬᠢᠯᠠᠬᠤ ᠵᠡᠷᠭᠡ ᠢᠯᠡᠷᠡᠯ ᠭᠠᠷᠳᠠᠭ᠃ ᠨᠢᠭᠡ ᠵᠢᠯ ᠤᠨ ᠬᠤᠭᠤᠴᠠᠭ᠎ᠠ ᠶᠢ ᠦᠡᠭᠭᠡᠷᠡᠭᠦᠯᠦᠭᠡᠳ᠂ | ᠲᠡᠷᠰᠯᠡᠬᠦ ᠢᠯᠡᠷᠡᠯ ᠨᠢ 3 ᠨᠠᠰᠦ ᠬᠦᠷᠬᠦ ᠳᠤ ᠤᠷᠬᠢᠯ ᠳᠠᠭᠠᠨ ᠲᠤᠯᠳᠠᠭ᠃ ᠬᠤᠶᠠᠷ ᠭᠤᠷᠪᠠᠨ ᠨᠠᠰᠤᠨ ᠤ ᠬᠡᠤᠬᠡᠳ | ᠦᠭᠡ ᠰᠤᠨᠤᠰᠬᠤ ᠦᠭᠡᠢ᠂ ᠬᠠᠮᠢᠶᠠᠷᠬᠤ ᠳᠤ ᠬᠦᠴᠢᠷ ᠤᠴᠢᠷ ᠲᠤ ᠤᠯᠠᠩᠭᠢ ᠭᠡᠷ ᠤᠨ ᠠᠬᠠᠮᠠᠳ ᠶᠠᠭᠠᠬᠢᠬᠤ ᠪᠠᠨ | ᠮᠡᠳᠡᠬᠦ ᠦᠭᠡᠢ ᠪᠤᠯᠵᠦ᠂ ᠬᠦᠡᠭᠭᠡᠨ ᠳᠡᠭᠡᠨ ᠵᠢᠮᠡᠯᠡᠨ ᠰᠤᠷᠭᠠᠵᠦ᠂ ᠠᠬᠠᠳᠠᠪᠠᠯ ᠵᠤᠳᠤᠳᠠᠭ᠃ ᠦᠨᠡᠨᠳᠡᠭᠡᠨ 2 ᠨᠠᠰᠦ | ᠪᠤᠯ ᠨᠢᠭᠡᠨ ᠡᠷᠭᠢᠯᠲᠡ ᠶᠢᠨ ᠦᠶ᠎ᠡ ᠪᠠᠶᠢᠵᠦ᠂ ᠲᠡᠷᠰᠯᠡᠵᠦ ᠪᠠᠶᠢᠭ᠎ᠠ ᠨᠢ ᠮᠦᠨᠴᠦ ᠬᠡᠤᠬᠡᠳ ᠤᠨ ᠦᠰᠦᠨ | ᠪᠤᠶᠢᠵᠢᠯᠲᠠ ᠶᠢᠨ ᠤᠨᠴᠠᠭᠠᠢ ᠢᠯᠡᠷᠡᠯ ᠪᠠᠶᠢᠵᠦ᠂ ᠬᠡᠤᠬᠡᠳ ᠲᠤ ᠦᠪᠡᠷ ᠤᠨ ᠬᠡᠰᠡᠨ ᠦᠵᠡᠯᠲᠡ ᠪᠤᠳᠤᠯ ᠪᠠ ᠪᠡᠶ᠎ᠡ ᠪᠠᠨ | ᠲᠠᠭᠠᠭᠠᠬᠤ ᠤᠬᠠᠮᠰᠠᠷ ᠪᠤᠢ ᠪᠤᠯᠵᠦ ᠪᠠᠶᠢᠭ᠎ᠠ ᠶᠤᠮ᠃ ᠡᠶᠢᠮᠦ ᠠᠴᠠ ᠭᠡᠷ ᠤᠨ ᠠᠬᠠᠮᠠᠳ ᠡᠷᠭᠡᠪᠰᠢ ᠲᠡᠰᠪᠦᠷᠢ | ᠲᠡᠪᠴᠢᠶᠡᠷᠢ ᠲᠠᠢ ᠪᠠᠶᠢᠬᠤ ᠬᠡᠷᠡᠭᠲᠡᠢ᠃ ● ᠭᠡᠷ ᠤᠨ ᠠᠬᠠᠮᠠᠳ ᠬᠡᠷᠭᠢᠨ ᠬᠢᠪᠡᠯ ᠵᠤᠬᠢᠬᠤ ᠪᠤᠢ︖ 1. ᠬᠡᠤᠬᠡᠳ ᠢ | ᠬᠡᠳᠦ ᠡᠷᠭᠡᠯᠡᠭᠦᠯᠵᠦ ᠪᠤᠯᠬᠤ ᠦᠭᠡᠢ ᠬᠡᠤᠬᠡᠳ ᠦᠪᠡᠷ ᠤᠨ ᠬᠢᠨᠢ ᠶᠠᠮᠠᠷ ᠨᠢᠭᠡᠨ ᠱᠠᠭᠠᠷᠳᠠᠯᠭ᠎ᠠ ᠪᠤᠶᠤ ᠬᠦᠰᠡᠯ ᠨᠢ | ᠪᠡᠶᠡᠯᠡᠭᠳᠡᠵᠦ ᠲᠡᠶᠢᠯᠦᠭᠰᠡᠨ ᠦᠭᠡᠢ ᠠᠴᠠ ᠪᠤᠯᠵᠦ ᠤᠬᠢᠯᠡᠵᠦ ᠪᠠᠷᠬᠢᠷᠠᠪᠠᠯ᠂ ᠭᠡᠷ ᠤᠨ ᠠᠬᠠᠮᠠᠳ ᠰᠡᠳᠬᠢᠯ ᠵᠦᠭᠡᠯᠡᠷᠡᠨ | ᠠᠶᠠᠳᠠᠨ ᠳᠠᠭᠠᠵᠤ ᠪᠤᠯᠬᠤ ᠦᠭᠡᠢ᠂ ᠬᠠᠷᠢᠨ ᠦᠪᠡᠷ ᠤᠨ ᠵᠤᠭᠰᠤᠴᠠ ᠪᠠᠨ ᠪᠠᠲᠦ ᠪᠠᠷᠢᠮᠲᠠᠯᠠᠵᠦ᠂ ᠬᠡᠤᠬᠡᠳ ᠢᠶᠠᠨ | ᠬᠡᠳᠦ ᠡᠷᠭᠡᠯᠡᠭᠦᠯᠵᠦ ᠪᠤᠯᠬᠤ ᠦᠭᠡᠢ᠃ ᠤᠴᠢᠷ ᠨᠢ ᠬᠡᠤᠬᠡᠳ ᠤᠬᠢᠯᠠᠵᠦ ᠠᠭᠠᠰᠢᠯᠠᠬᠤ ᠨᠢ ᠦᠪᠡᠷ ᠤᠨ ᠰᠠᠨᠠᠭ᠎ᠠ | ᠵᠤᠷᠢᠯᠲᠠ ᠳᠤ ᠬᠦᠷᠴᠦ ᠪᠤᠯᠬᠤ ᠶᠢ ᠮᠡᠳᠡᠮᠡᠭᠴᠡ ᠡᠭᠦᠪᠡᠷ ᠡᠵᠢ ᠠᠪᠤ ᠪᠠᠨ ᠰᠦᠷᠳᠡᠭᠦᠯᠬᠦ ᠠᠷᠭ᠎ᠠ ᠠᠪᠴᠠᠯ ᠢᠶᠠᠨ | ᠪᠤᠯᠭᠠᠳᠠᠭ᠃ 2. ᠬᠡᠤᠬᠡᠳ ᠤᠨ ᠤᠷᠮ᠎ᠠ ᠰᠡᠳᠬᠢᠯᠭᠡ ᠪᠠᠨ ᠵᠦᠪ ᠢᠶᠠᠷ ᠢᠯᠡᠳᠭᠡᠬᠦ ᠶᠢ ᠵᠤᠷᠢᠭᠵᠢᠭᠤᠯᠤᠨ᠎ᠠ | ᠬᠡᠤᠬᠡᠳ ᠤᠨ 3 ᠨᠠᠰᠦ ᠪᠤᠯ ᠶᠠᠭ ᠰᠠᠶᠢᠬᠠᠨ ᠪᠡᠶ᠎ᠡ ᠪᠠᠨ ᠲᠠᠭᠠᠭᠠᠬᠤ ᠶᠢᠨ ᠡᠭᠢᠯᠡᠯᠲᠡ ᠪᠠᠶᠢᠵᠦ᠂ ᠬᠡᠤᠬᠡᠳ ᠡᠨᠡᠬᠦ | ᠠᠯᠬᠤᠮ ᠢ ᠠᠯᠬᠤᠬᠤ ᠳᠤ ᠰᠡᠳᠬᠢᠴᠡ ᠶᠢᠨ ᠲᠠᠯ᠎ᠠ ᠳᠤ ᠵᠦᠷᠢᠴᠡᠯ ᠮᠦᠷᠭᠦᠯᠳᠦᠭᠡᠨ ᠲᠠᠢ ᠪᠠᠶᠢᠵᠦ᠂ ᠠᠮᠠᠷᠬᠠᠨ | ᠠᠭᠤᠷᠯᠠᠵᠦ ᠪᠠᠴᠢᠮᠳᠠᠬᠤ᠂ ᠡᠵᠢ ᠠᠪᠤ ᠳᠠᠭᠠᠨ ᠦᠭᠡ ᠶᠠᠷᠢᠶᠠᠨ ᠤ ᠲᠠᠭᠠᠷᠢᠯᠲᠠ ᠶᠠᠪᠤᠭᠤᠯᠬᠤ᠂ ᠵᠢᠱᠢᠶᠡᠯᠡᠪᠡᠯ ︽ᠡᠵᠢ | ᠮᠠᠭᠤ ᠬᠦᠮᠦᠨ︾ ᠭᠡᠬᠦ᠂ ᠲᠡᠷᠡᠴᠢᠯᠡᠨ ᠲᠤᠭᠯᠠᠭᠠᠮ ᠢᠶᠠᠨ ᠰᠢᠳᠡᠬᠦ᠂ ᠬᠦᠮᠦᠨ ᠢ ᠬᠠᠵᠠᠬᠤ᠂ ᠵᠤᠳᠤᠬᠤ ᠵᠡᠷᠭᠡ ᠢᠯᠡᠷᠡᠯ | ᠭᠠᠷᠳᠠᠭ᠃ ᠬᠡᠷ ᠤᠨ ᠠᠬᠠᠮᠠᠳ ᠤᠷᠢᠳᠠᠪᠠᠷ ᠦᠪᠡᠷ ᠤᠨ ᠠᠭᠤᠷ ᠢᠶᠠᠨ ᠲᠠᠷᠤᠵᠦ᠂ ᠲᠠᠷᠠᠭ᠎ᠠ ᠨᠢ ᠬᠡᠤᠬᠡᠳ ᠢᠶᠠᠨ | ᠲᠠᠶᠢᠪᠤᠷᠢᠰᠢᠭᠤᠯᠵᠦ᠂ ᠬᠡᠤᠬᠡᠳ ᠤᠨ ᠤᠷᠮ᠎ᠠ ᠰᠡᠳᠬᠢᠯᠭᠡ ᠪᠠᠨ ᠵᠦᠪ ᠢᠶᠠᠷ ᠢᠯᠡᠳᠭᠡᠬᠦ ᠶᠢ ᠵᠤᠷᠢᠭᠵᠢᠭᠤᠯᠵᠦ᠂ | ᠬᠡᠤᠬᠡᠳ ᠲᠤ ᠠᠭᠤᠷᠯᠠᠬᠤ᠂ ᠵᠤᠪᠠᠭ᠋ᠤ᠂ ᠪᠠᠶᠠᠷᠯᠠᠬᠤ ᠵᠡᠷᠭᠡ ᠨᠢ ᠶᠠᠮᠠᠷ ᠤᠷᠮ᠎ᠠ ᠰᠡᠳᠬᠢᠯᠭᠡ ᠪᠤᠯᠬᠤ ᠶᠢ ᠮᠡᠳᠡᠭᠦᠯᠦᠨ᠎ᠡ᠃ | ᠬᠡᠤᠬᠡᠳ ᠠᠭᠤᠷᠯᠠᠬᠤ ᠦᠶᠡᠰ ︽ᠪᠢ ᠠᠭᠤᠷᠯᠠᠯ᠎ᠠ ᠰᠢᠦ︕︾ ᠭᠡᠵᠦ ᠬᠡᠯᠡᠬᠦ ᠠᠴᠠ ᠪᠢᠰᠢ᠂ ᠬᠠᠷᠢᠨ ᠬᠦᠴᠦ ᠪᠠᠷ | ᠪᠤᠶᠤ ᠦᠭᠡᠷ᠎ᠡ ᠪᠤᠯᠪᠠᠰᠤᠨ ᠪᠤᠰᠤ ᠦᠭᠡ ᠶᠠᠷᠢᠶ᠎ᠠ ᠪᠠᠷ ᠢᠯᠡᠳᠭᠡᠵᠦ ᠪᠤᠯᠬᠤ ᠦᠭᠡᠢ ᠭᠡᠳᠡᠭ ᠢ ᠲᠠᠨᠢᠭᠤᠯᠬᠤ ᠬᠡᠷᠡᠭᠲᠡᠢ᠃ | 3. ᠬᠡᠤᠬᠡᠳ ᠤᠨ ᠪᠡᠶ᠎ᠡ ᠪᠠᠨ ᠲᠠᠭᠠᠭᠠᠬᠤ ᠶᠢ ᠵᠤᠷᠢᠭᠵᠢᠭᠤᠯᠤᠨ᠎ᠠ 2 ᠨᠠᠰᠤᠲᠠᠢ ᠬᠡᠤᠬᠡᠳ ᠨᠢᠭᠡᠨᠲᠡ ᠠᠭᠠᠵᠢᠮ ᠢᠶᠠᠷ | ᠦᠪᠡᠷ ᠪᠢ ᠶᠢᠨ ᠤᠬᠠᠮᠰᠠᠷ ᠲᠠᠢ ᠪᠤᠯᠵᠦ᠂ ᠦᠪᠡᠷ ᠤᠨ ᠰᠠᠨᠠᠭ᠎ᠠ ᠪᠠᠷ ᠢᠶᠠᠨ ᠶᠠᠪᠤᠬᠤ ᠲᠤᠷᠠᠲᠠᠢ ᠪᠠᠶᠢᠳᠠᠭ᠃ ᠡᠵᠢ | ᠠᠪᠤ ᠪᠤᠯᠤᠭᠰᠠᠳ ᠪᠦᠷᠢᠮᠦᠰᠦᠨ ᠦᠪᠡᠷ ᠤᠨ ᠪᠤᠳᠤᠯ ᠢᠶᠠᠷ ᠬᠡᠤᠬᠡᠳ ᠢᠶᠠᠨ ᠠᠯᠪᠠᠳᠠᠨ ᠱᠠᠭᠠᠷᠳᠠᠵᠦ ᠪᠤᠯᠬᠤ ᠦᠭᠡᠢ᠂ | ᠬᠠᠷᠢᠨ ᠵᠤᠬᠢᠬᠤ ᠬᠡᠮᠵᠢᠶᠡᠨ ᠳᠤ ᠬᠡᠤᠬᠡᠳ ᠤᠨ ᠢᠶᠠᠨ ᠦᠪᠡᠰᠦᠪᠠᠨ ᠰᠢᠢᠳᠪᠦᠷᠢ ᠭᠠᠷᠭᠠᠨ᠂ ᠭᠠᠷ ᠬᠦᠳᠡᠯᠵᠦ ᠬᠢᠬᠦ ᠶᠢ | ᠵᠤᠷᠢᠭᠵᠢᠭᠤᠯᠤᠨ᠎ᠠ᠃ ᠵᠢᠱᠢᠶᠡᠯᠡᠪᠡᠯ ᠬᠡᠦᠬᠡᠳ ᠡᠮᠦᠰᠬᠦ ᠳᠤᠷᠠᠲᠠᠢ ᠬᠤᠪᠴᠠᠰᠦ ᠪᠠᠨ ᠰᠤᠩᠭᠤᠵᠦ ᠡᠮᠦᠰᠬᠦ ᠵᠡᠷᠭᠡ᠃ | ᠬᠤᠶᠠᠳᠤᠭᠠᠷ ᠲᠡᠷᠰᠯᠡᠬᠦ ᠬᠤᠭᠤᠴᠠᠭ᠎ᠠ ︵7-9 ᠨᠠᠰᠦ︶ ᠮᠠᠰᠢ ᠴᠢᠩᠭ᠎ᠠ ᠲᠡᠷᠰᠯᠡᠬᠦ ᠰᠡᠳᠬᠢᠴᠡ ᠲᠠᠢ ᠪᠠᠶᠢᠬᠤ ᠪᠤᠯ | ᠡᠨᠡᠬᠦ ᠱᠠᠲᠦ ᠦᠶ᠎ᠡ ᠶᠢᠨ ᠬᠡᠤᠬᠡᠳ ᠲᠤ ᠦᠷᠭᠦᠯᠵᠢ ᠲᠤᠬᠢᠶᠠᠯᠳᠤᠳᠠᠭ ᠦᠵᠡᠭᠳᠡᠯ ᠪᠠᠶᠢᠵᠦ᠂ ᠡᠷᠲᠡ ᠪᠤᠰᠬᠤ ᠲᠤᠷ᠎ᠠ | ᠦᠭᠡᠢ᠂ ᠭᠡᠷ ᠢᠶᠠᠨ ᠲᠢᠭᠯᠡᠬᠦ ᠦᠭᠡᠢ᠂ ᠬᠤᠭᠤᠯᠠ ᠭᠤᠯᠤᠬᠤ᠂ ᠲᠠᠰᠬᠠᠯ ᠢᠶᠠᠨ ᠬᠢᠬᠦ ᠦᠭᠡᠢ᠂ ᠲᠧᠯᠸᠢᠰ ᠦᠵᠡᠬᠦ ᠳᠤ | ᠰᠢᠨᠤᠬᠠᠢᠢᠷᠠᠬᠤ᠂ ᠰᠤᠷᠬᠤ ᠠᠴᠠ ᠬᠠᠯᠠᠰᠢᠷᠠᠬᠤ᠂ ᠡᠵᠢ ᠠᠪᠤ ᠲᠠᠢ ᠪᠠᠨ ᠵᠦᠷᠢᠭᠦᠳᠯᠡᠬᠦ ᠵᠡᠷᠭᠡ ᠦᠵᠡᠭᠳᠡᠯ ᠵᠦᠡᠭᠳᠡᠭᠡᠨ | ᠲᠤᠬᠢᠶᠠᠯᠳᠤᠳᠠᠭ᠃ ᠡᠨᠡ ᠪᠤᠯ ᠲᠡᠳᠡ ᠰᠤᠷᠭᠠᠭᠤᠯᠢ ᠳᠤ ᠤᠷᠤᠵᠦ ᠤᠯᠠᠨ ᠮᠡᠳᠡᠯᠭᠡ ᠡᠵᠡᠮᠰᠢᠭᠰᠡᠨ ᠤ ᠲᠠᠷᠠᠭ᠎ᠠ ᠮᠠᠰᠢ | ᠴᠢᠩᠭ᠎ᠠ ᠪᠡᠶ᠎ᠡ ᠪᠠᠨ ᠲᠠᠭᠠᠭᠠᠬᠤ ᠶᠢᠨ ᠦᠵᠡᠯ ᠤᠬᠠᠮᠰᠠᠷ ᠲᠠᠢ ᠪᠤᠯᠵᠦ᠂ ᠦᠪᠡᠷ ᠢ ᠪᠠᠨ ︽ᠪᠢ ᠲᠤᠮᠦ ᠬᠦᠮᠦᠨ | ᠪᠤᠯᠴᠢᠬᠠᠵᠠᠢ᠂ ᠬᠡᠤᠬᠡᠳ ᠪᠢᠰᠢ ᠡ︕︾ ᠭᠡᠵᠦ ᠦᠵᠡᠵᠦ᠂ ᠡᠵᠢ ᠠᠪᠤ ᠶᠢᠨ ᠢᠶᠠᠨ ᠬᠠᠮᠢᠶᠠᠷᠤᠯᠲᠠ ᠠᠴᠠ | ᠮᠤᠯᠲᠤᠷᠠᠬᠤ ᠶᠢ ᠶᠠᠭᠠᠷᠠᠵᠦ᠂ ᠦᠷᠭᠦᠯᠵᠢ ᠡᠵᠢ ᠠᠪᠤ ᠲᠠᠢ ᠪᠠᠨ ᠡᠰᠡᠷᠭᠦᠴᠡᠯᠳᠦᠳᠡᠭ᠃ ● ᠭᠡᠷ ᠤᠨ ᠠᠬᠠᠮᠠᠳ | ᠬᠡᠷᠭᠢᠨ ᠬᠢᠪᠡᠯ ᠵᠤᠬᠢᠬᠤ ᠪᠤᠢ︖ 1. ᠬᠡᠤᠬᠡᠳ ᠲᠤ ᠵᠤᠬᠢᠰᠲᠠᠢ ᠤᠷᠤᠨ ᠵᠠᠢ ᠪᠠ ᠡᠷᠭᠡ ᠴᠢᠯᠦᠭᠡ ᠤᠯᠭᠤᠨ᠎ᠠ 7-9 | ᠨᠠᠰᠦ ᠪᠤᠯ ᠬᠡᠤᠬᠡᠳ ᠤᠨ ᠨᠠᠭᠠᠳᠴᠦ ᠲᠤᠭᠯᠠᠬᠤ ᠲᠤᠷᠠᠲᠠᠢ ᠦᠶ᠎ᠡ ᠪᠠᠶᠢᠵᠦ᠂ ᠭᠡᠷ ᠤᠨ ᠠᠬᠠᠮᠠᠳ ᠬᠡᠷᠪᠡ | ᠬᠡᠤᠬᠡᠳ ᠤᠨ ᠨᠠᠭᠠᠳᠬᠤ ᠶᠢ ᠬᠡᠲᠦᠷᠭᠡᠢ ᠬᠢᠵᠠᠭᠠᠷᠯᠠᠪᠠᠯ᠂ ᠬᠡᠤᠬᠡᠳ ᠲᠤ ᠬᠦᠯᠢᠶᠡᠰᠦᠯᠡᠭᠳᠡᠵᠦ ᠪᠠᠶᠢᠭ᠎ᠠ ᠪᠤᠳᠤᠯ | ᠲᠦᠷᠦᠭᠳᠡᠵᠦ᠂ ᠡᠩ ᠲᠡᠷᠢᠭᠦᠨ ᠳᠤ ᠡᠵᠢ ᠠᠪᠤ ᠲᠠᠢ ᠪᠠᠨ ᠡᠰᠡᠷᠭᠦᠴᠡᠯᠳᠦᠵᠦ᠂ ︽ᠲᠠ ᠬᠡᠷᠪᠡ ᠨᠠᠮ᠎ᠠ ᠶᠢ ᠬᠢᠯᠭᠡᠬᠦ | ᠦᠭᠡᠢ ᠭᠡᠪᠡᠯ ᠪᠢ ᠵᠠᠪᠠᠯ ᠬᠢᠨ᠎ᠡ︾ ᠬᠡᠮᠡᠨ ᠵᠦᠷᠢᠭᠦᠳᠯᠡᠨ᠎ᠡ︔ ᠡᠰᠡᠪᠡᠯ ᠲᠤᠭᠤᠢ ᠲᠤᠮᠪᠤᠶᠢᠵᠦ᠂ ᠲᠤᠭᠤᠢ ᠪᠠᠷ ᠢᠶᠠᠨ | ᠡᠵᠢ ᠠᠪᠤ ᠶᠢᠨ ᠢᠶᠠᠨ ᠡᠷᠭᠡ ᠰᠦᠷ ᠢ ᠲᠠᠷᠤᠬᠤ ᠭᠡᠵᠦ ᠤᠷᠤᠯᠳᠤᠨ᠎ᠠ᠃ ᠢᠡᠭᠭᠢᠬᠦ ᠨᠢ ᠡᠵᠢ ᠠᠪᠤ ᠪᠠ ᠬᠡᠤᠬᠡᠳ ᠤᠨ | ᠬᠤᠭᠤᠷᠤᠨᠳᠤᠬᠢ ᠬᠠᠷᠢᠴᠠᠭ᠎ᠠ ᠶᠢ ᠤᠯᠠᠮ ᠮᠠᠭᠤᠳᠠᠭᠤᠯᠳᠠᠭ᠃ ᠡᠶᠢᠮᠦ ᠠᠴᠠ ᠡᠵᠢ ᠠᠪᠤ ᠪᠤᠯᠤᠭᠰᠠᠳ ᠬᠡᠤᠬᠡᠳ ᠲᠤ | ᠵᠤᠬᠢᠰᠲᠠᠢ ᠤᠷᠤᠨ ᠵᠠᠢ ᠪᠠ ᠡᠷᠭᠡ ᠴᠢᠯᠦᠭᠡ ᠤᠯᠭᠤᠪᠠᠯ ᠵᠤᠬᠢᠨ᠎ᠠ᠃ 2. ᠬᠡᠤᠬᠡᠳ ᠤᠨ ᠰᠤᠷᠤᠯᠴᠠᠬᠤ ᠤᠷᠮ᠎ᠠ | ᠪᠠᠬ᠎ᠠ ᠶᠢ ᠬᠦᠮᠦᠵᠢᠭᠦᠯᠦᠨ᠎ᠡ ᠰᠤᠷᠤᠯᠴᠠᠬᠤ ᠤᠷᠮ᠎ᠠ ᠪᠠᠬ᠎ᠠ ᠶᠢ ᠬᠦᠭᠵᠢᠭᠡᠬᠦ ᠳᠤ ᠲᠡᠮ ᠬᠡᠷᠡᠭ ᠲᠠᠢ᠃ ᠵᠢᠱᠢᠶᠡᠯᠡᠪᠡᠯ᠂ | ᠬᠡᠤᠬᠡᠳ ᠰᠤᠷᠤᠯᠴᠠᠬᠤ ᠬᠠᠯᠠᠭᠤᠨ ᠤᠷᠮᠠᠰ ᠦᠭᠡᠢ ᠦᠶᠡᠰ᠂ ᠭᠡᠷ ᠤᠨ ᠠᠬᠠᠮᠠᠳ ᠬᠡᠤᠬᠡᠳ ᠲᠠᠢ ᠪᠠᠨ ᠲᠡᠳᠡᠨ ᠤ | ᠬᠤᠵᠢᠮ ᠢᠷᠡᠭᠡᠳᠦᠢ ᠶᠢᠨ ᠳᠤᠬᠠᠢ ᠶᠠᠷᠢᠯᠴᠠᠵᠦ᠂ ᠬᠦᠰᠡᠯ ᠡᠷᠡᠮᠡᠯᠵᠡᠯ ᠢᠶᠠᠷ ᠰᠤᠷᠤᠯᠴᠠᠬᠤ ᠲᠤᠷ᠎ᠠ ᠪᠠᠬ᠎ᠠ ᠶᠢ ᠨᠢ | ᠬᠦᠭᠵᠢᠭᠡᠵᠦ ᠪᠤᠯᠤᠨ᠎ᠠ︔ ᠬᠡᠤᠬᠡᠳ ᠨᠤᠮ ᠤᠡᠭᠰᠢᠬᠤ ᠲᠤᠷ᠎ᠠ ᠦᠭᠡᠢ ᠪᠠᠶᠢᠪᠠᠯ᠂ ᠭᠡᠷ ᠤᠨ ᠠᠬᠠᠮᠠᠳ ᠪᠡᠶ᠎ᠡ ᠪᠠᠷ ᠢᠶᠠᠨ | ᠲᠠᠭᠤᠷᠢᠶᠠᠯ ᠪᠤᠯᠬᠤ ᠠᠴᠠ ᠭᠠᠳᠠᠨ᠎ᠠ᠂ ᠬᠡᠤᠬᠡᠳ ᠢᠶᠠᠨ ᠦᠷᠭᠦᠯᠵᠢ ᠨᠤᠮ ᠤᠨ ᠲᠡᠯᠭᠡᠭᠦᠷ᠂ ᠨᠤᠮ ᠤᠨ ᠰᠠᠩ ᠵᠡᠷᠭᠡ | ᠭᠠᠵᠠᠷ ᠢᠶᠠᠷ ᠠᠪᠠᠴᠢᠵᠦ ᠲᠤᠭᠤᠷᠢᠭᠤᠯᠤᠨᠠ︔ ᠬᠡᠤᠬᠡᠳ ᠰᠢᠯᠭᠠᠯᠲᠠ ᠳᠠᠭᠠᠨ ᠮᠠᠭᠤ ᠰᠢᠯᠭᠠᠴᠢᠬᠠᠪᠠᠯ᠂ ᠬᠡᠤᠬᠡᠳ ᠢᠶᠠᠨ | ᠵᠢᠮᠡᠯᠡᠬᠦ ᠪᠢᠰᠢ ᠬᠠᠷᠢᠨ ᠲᠠᠶᠢᠳᠬᠤᠷᠠᠭᠤᠯᠤᠨ᠎ᠠ︔ ᠬᠡᠤᠬᠡᠳ ᠪᠠᠭ᠎ᠠ ᠴᠤ ᠬᠡᠰᠡᠨ ᠲᠠᠪᠰᠢᠯᠲᠠ ᠲᠠᠢ ᠪᠠᠶᠢᠪᠠᠯ ᠮᠠᠭᠲᠠᠨ | ᠰᠠᠶᠢᠰᠢᠶᠠᠬᠤ ᠬᠡᠷᠡᠭᠲᠡᠢ᠃ 3. ᠠᠷᠠᠳᠴᠢᠯᠠᠯ ᠢ ᠲᠡᠭᠡᠳᠦᠯᠡᠨᠡ 7-9 ᠨᠠᠰᠤᠨ ᠤ ᠬᠡᠤᠬᠡᠳ ᠨᠢᠭᠡᠨᠲᠡ ᠪᠡᠶ᠎ᠡ ᠪᠠᠨ | ᠲᠠᠭᠠᠭᠠᠵᠦ ᠰᠡᠳᠬᠢᠨ ᠪᠤᠳᠤᠬᠤ ᠴᠢᠳᠠᠪᠤᠷᠢ ᠲᠠᠢ ᠪᠤᠯᠤᠭᠰᠠᠨ ᠠᠴᠠ᠂ ᠭᠡᠷ ᠤᠨ ᠠᠬᠠᠮᠠᠳ ᠡᠵᠡᠨ ᠮᠡᠳᠡᠬᠦ ᠡᠷᠭᠡ ᠶᠢ | ᠠᠯᠭᠤᠷ ᠠᠯᠭᠤᠷ ᠢᠶᠠᠷ ᠬᠡᠤᠬᠡᠳ ᠲᠤ ᠲᠤᠰᠢᠶᠠᠵᠦ᠂ ᠬᠡᠷ ᠪᠦᠯᠢ ᠶᠢᠨ ᠤᠴᠢᠷ ᠡᠰᠡᠭᠦᠯ᠎ᠡ ᠬᠡᠤᠬᠡᠳ ᠤᠨ ᠤᠴᠢᠷ ᠲᠤ | ᠢᠯᠡᠭᠦᠭᠡᠨ ᠬᠡᠦᠬᠡᠳ ᠲᠠᠢ ᠪᠠᠨ ᠰᠠᠨᠠᠯ ᠢᠶᠠᠨ ᠰᠤᠯᠢᠯᠴᠠᠵᠦ ᠵᠦᠪᠳᠡᠯᠴᠡᠨ᠎ᠡ᠃ ᠭᠤᠷᠪᠠᠳᠤᠭᠠᠷ ᠲᠡᠷᠰᠯᠡᠬᠦ ᠬᠤᠭᠤᠴᠠᠭ᠎ᠠ | ︵12-15 ᠨᠠᠰᠦ︶ ᠵᠠᠯᠠᠭᠤ ᠨᠠᠰᠤᠨ ᠤ ᠦᠶ᠎ᠡ ᠡᠬᠢᠯᠡᠮᠡᠭᠴᠡ ᠬᠦᠦ ᠬᠡᠤᠬᠡᠨ ᠰᠤᠷᠤᠭᠴᠢ ᠬᠡᠰᠡᠨ ᠦᠭᠡᠢ᠂ ᠪᠤᠳᠤᠯ | ᠰᠡᠳᠬᠢᠯ ᠪᠠ ᠦᠢᠯᠡ ᠠᠵᠢᠯᠯᠠᠭ᠎ᠠ ᠶᠢᠨ ᠲᠠᠯ᠎ᠠ ᠳᠤᠨᠢ ᠮᠠᠰᠢ ᠶᠡᠭᠡ ᠬᠤᠪᠢᠷᠠᠯᠲᠠ ᠭᠠᠷᠳᠠᠭ᠃ ᠡᠨᠡᠬᠦ ᠬᠤᠭᠤᠴᠠᠭᠠᠨ ᠳᠤ | ᠲᠡᠳᠡ ᠡᠳᠡᠭᠡᠳ ᠵᠦᠷᠢᠭᠦᠦ ᠪᠠᠶᠢᠵᠦ᠂ ᠦᠪᠡᠷ ᠤᠨ ᠬᠢ ᠪᠠᠷ ᠲᠦᠪ ᠪᠤᠯᠭᠠᠵᠦ᠂ ᠠᠮᠠᠷᠬᠠᠨ ᠠᠭᠤᠷᠯᠠᠵᠦ᠂ ᠦᠭᠡ | ᠰᠤᠨᠤᠰᠬᠤ ᠦᠭᠡᠢ ᠪᠤᠯᠳᠠᠭ᠃ ᠡᠨᠡ ᠨᠢ ᠬᠤᠷᠮᠤᠨ ᠠᠴᠠ ᠪᠤᠯᠤᠭᠰᠠᠨ ᠭᠡᠵᠦ ᠰᠢᠨᠵᠢᠯᠡᠬᠦ ᠤᠬᠠᠭᠠᠨᠳᠠᠳ ᠦᠵᠡᠵᠦ ᠪᠤᠢ | ᠃ ᠤᠶᠤᠨ ᠤᠬᠠᠭᠠᠨ ᠪᠠ ᠰᠢᠢᠳᠪᠦᠷᠢ ᠭᠠᠷᠭᠠᠬᠤ ᠶᠢ ᠡᠵᠡᠮᠳᠡᠵᠦ ᠪᠠᠶᠢᠭ᠎ᠠ ᠶᠡᠭᠡ ᠲᠡᠷᠢᠬᠢᠨ ᠤ ᠮᠠᠩᠨᠠᠢ ᠶᠢᠨ ᠬᠡᠯᠳᠡᠰ ᠨᠢ | ᠶᠡᠷᠦᠳᠡᠭᠡᠨ 20 ᠠᠴᠠ 25 ᠨᠠᠰᠦ ᠬᠦᠷᠦᠭᠡᠳ ᠪᠤᠯᠪᠠᠰᠤᠷᠠᠳᠠᠭ᠃ ᠡᠶᠢᠮᠦ ᠠᠴᠠ ᠵᠠᠯᠠᠭᠤ ᠨᠠᠰᠤᠨ ᠤ ᠦᠶ᠎ᠡ ᠶᠢᠨ | ᠬᠡᠤᠬᠡᠳ ᠤᠨ ᠤᠷᠮ᠎ᠠ ᠰᠡᠳᠬᠢᠯᠭᠡ ᠨᠢ ᠠᠮᠠᠷᠬᠠᠨ ᠬᠤᠷᠮᠤᠨ ᠤ ᠨᠦᠯᠦᠭᠡ ᠶᠢ ᠬᠦᠷᠳᠡᠵᠦ᠂ ᠴᠦᠯᠢᠰ ᠵᠠᠩ ᠲᠠᠢ ᠪᠤᠯᠳᠠᠭ | ᠃ ● ᠭᠡᠷ ᠤᠨ ᠠᠬᠠᠮᠠᠳ ᠬᠡᠷᠭᠢᠨ ᠬᠢᠪᠡᠯ ᠵᠤᠬᠢᠬᠤ ᠪᠤᠢ︖ ᠭᠡᠷ ᠤᠨ ᠠᠬᠠᠮᠠᠳ ᠬᠡᠷᠪᠠ ᠬᠡᠤᠬᠡᠳ ᠢᠶᠠᠨ ᠠᠯᠪᠠ ᠪᠠᠷ | ᠬᠠᠮᠢᠶᠠᠷᠴᠦ ᠰᠤᠷᠭᠠᠪᠠᠯ᠂ ᠲᠦᠰᠦᠭᠡᠯᠡᠭᠰᠡᠨ ᠦᠷ᠎ᠡ ᠪᠦᠲᠦᠮᠵᠢ ᠳᠤ ᠬᠦᠷᠴᠦ ᠲᠡᠶᠢᠯᠬᠦ ᠦᠭᠡᠢ ᠮᠦᠷᠳᠡᠭᠡᠨ | ᠬᠡᠤᠬᠡᠳ ᠤᠨ ᠲᠡᠷᠰᠯᠡᠬᠦ ᠰᠡᠳᠬᠢᠴᠡ ᠤᠯᠠᠮ ᠬᠡᠴᠡᠭᠦᠳᠡᠬᠦ ᠪᠤᠯᠤᠨ᠎ᠠ᠃ ᠡᠶᠢᠮᠦ ᠠᠴᠠ ᠭᠡᠷ ᠤᠨ ᠠᠬᠠᠮᠠᠳ ᠦᠪᠡᠷ ᠤᠨ | ᠰᠡᠳᠬᠢᠯ ᠢᠶᠠᠨ ᠲᠠᠯᠪᠢᠭᠤᠨ ᠪᠠᠶᠢᠯᠭᠠᠵᠦ᠂ ᠲᠤᠳᠠᠭᠤ ᠰᠢᠭᠦᠮᠵᠢᠯᠡᠵᠦ᠂ ᠢᠯᠡᠭᠦᠭᠡᠨ ᠠᠭᠤᠴᠢᠯᠠᠵᠦ ᠪᠠᠭᠳᠠᠭᠠᠪᠠᠯ | ᠵᠤᠬᠢᠨ᠎ᠠ᠃ ᠵᠠᠯᠠᠭᠤ ᠨᠠᠰᠤᠨ ᠤ ᠦᠶ᠎ᠡ ᠶᠢᠨ ᠬᠡᠤᠬᠡᠳ ᠲᠠᠢ ᠰᠠᠶᠢᠨ ᠰᠠᠶᠢᠬᠠᠨ ᠬᠠᠷᠢᠴᠠᠭ᠎ᠠ ᠪᠠᠶᠢᠭᠤᠯᠬᠤ ᠶᠢᠨ | ᠬᠠᠮᠤᠭ ᠤᠨ ᠰᠠᠶᠢᠨ ᠠᠷᠭ᠎ᠠ ᠪᠤᠯ ᠡᠷᠭᠡ ᠲᠡᠭᠰᠢ ᠪᠠᠶᠢᠵᠦ᠂ ᠬᠡᠤᠬᠡᠳ ᠢᠶᠠᠨ ᠬᠦᠨᠳᠦᠳᠭᠡᠵᠦ᠂ ᠬᠡᠤᠬᠡᠳ ᠲᠠᠢ ᠪᠠᠨ | ᠵᠦᠪ ᠢᠶᠠᠷ ᠬᠠᠷᠢᠴᠠᠬᠤ ᠶᠢ ᠪᠠᠲᠤᠯᠠᠬᠤ ᠶᠠᠪᠤᠳᠠᠯ ᠪᠤᠯᠤᠨ᠎ᠠ᠃ ᠬᠡᠤᠬᠡᠳ ᠲᠤ ᠵᠤᠬᠢᠬᠤ ᠤᠷᠤᠨ ᠵᠠᠢ ᠬᠠᠨᠭ᠍ᠭᠠᠵᠦ᠂ | ᠬᠡᠲᠦᠷᠭᠡᠢ ᠶᠡᠭᠡᠪᠡᠷ ᠬᠠᠷᠰᠢᠯᠠᠵᠦ ᠪᠤᠯᠬᠤ ᠦᠭᠡᠢ᠃ ᠲᠡᠷᠰᠯᠡᠬᠦ ᠪᠤᠯ ᠬᠡᠤᠬᠡᠳ ᠤᠨ ᠪᠤᠷᠤᠭᠤ ᠪᠢᠰᠢ ᠭᠡᠳᠡᠭ ᠢ ᠬᠡᠷ ᠤᠨ | ᠠᠬᠠᠮᠠᠳ ᠵᠠᠪᠠᠯ ᠮᠡᠳᠡᠬᠦ ᠴᠢᠬᠤᠯᠠᠲᠠᠢ ᠶᠤᠮ᠃ ᠬᠡᠤᠬᠡᠳ ᠤᠨ ᠲᠡᠷᠰᠯᠡᠬᠦ ᠶᠢ ᠰᠢᠢᠳᠪᠦᠷᠢᠯᠡᠬᠦ ᠶᠢᠨ ᠬᠠᠮᠤᠭ ᠤᠨ | ᠵᠠᠩᠭᠢᠯᠠᠭ᠎ᠠ ᠨᠢ ᠬᠡᠷ ᠤᠨ ᠠᠬᠠᠮᠠᠳ ᠤᠨ ᠰᠤᠷᠭᠠᠬᠤ ᠠᠷᠭ᠎ᠠ ᠳᠤ ᠪᠤᠢ︔ ᠬᠡᠤᠬᠡᠳ ᠤᠷᠪᠠᠨ ᠲᠡᠷᠰᠯᠡᠪᠡᠯ᠂ ᠭᠡᠷ ᠤᠨ | ᠠᠬᠠᠮᠠᠳ ᠴᠢᠳᠠᠬᠤ ᠶᠢᠨ ᠲᠤᠲᠤᠷ᠎ᠠ ᠵᠤᠳᠤᠬᠤ ᠦᠭᠡᠢ ᠬᠠᠷᠢᠶᠠᠬᠤ ᠦᠭᠡᠢ ᠪᠠᠶᠢᠬᠤ ᠶᠢ ᠬᠢᠵᠦ ᠲᠡᠶᠢᠯᠦᠭᠰᠡᠨ ᠪᠠᠶᠢᠪᠠᠯ | ᠵᠤᠬᠢᠨ᠎ᠠ᠃ | |