ᠮᠠᠯ ᠦᠷᠦᠴᠡᠯᠡᠬᠦ ᠵᠠᠩ ᠦᠢᠯᠡ
ᠨᠡᠶᠢᠲᠡᠯᠡᠭᠰᠡᠨ ᠴᠠᠭ᠄
2019/9/6
    ᠬᠤᠨᠢ ᠨᠢᠲᠤᠯᠬᠤ ᠳᠤ ᠬᠤᠭᠤᠯᠠᠢ ᠶᠢ ᠨᠢ ᠤᠬᠲᠤᠯᠤᠨ ᠬᠡᠷᠴᠢᠵᠤ ᠲᠤᠯᠤᠭᠠᠢ ᠶᠢ ᠨᠢ ᠰᠠᠯᠭᠠᠨ ᠠᠯᠠᠬᠤ ᠶᠢ ᠡᠷᠡᠰ ᠴᠡᠭᠡᠷᠯᠡᠨ᠎ᠡ᠂ ᠬᠤᠶᠢᠲᠤ ᠲᠦᠷᠦᠯ ᠳᠤ ᠪᠠᠨ ᠮᠠᠭᠤ ᠤᠳᠤᠮ ᠳᠤ ᠵᠠᠶᠠᠭᠠᠨ᠎ᠠ ᠭᠡᠳᠡᠭ᠃         ᠮᠤᠩᠭᠤᠯᠴᠤᠳ ᠬᠦᠮᠦᠨ ᠪᠠ ᠮᠠᠯ ᠤᠨ ᠰᠦᠨᠡᠰᠦ ᠴᠦᠮ ᠬᠦᠬᠡ ᠲᠡᠭᠷᠢ ᠳᠤ ᠬᠦᠷᠬᠦ ᠶᠢ ᠬᠠᠮᠤᠭ ᠤᠨ ᠶᠡᠭᠡ ᠬᠦᠰᠡᠯ ᠡᠷᠡᠮᠡᠯᠵᠡᠯ ᠪᠤᠯᠭᠠᠳᠠᠭ᠃ ᠮᠠᠯ ᠤᠨ ᠰᠦᠨᠡᠰᠦ ᠪᠤᠯ ᠶᠡᠷᠦ ᠳᠤ ᠪᠠᠨ ᠨᠢᠳᠤᠨ ᠤ ᠬᠡᠷᠡᠯ ᠢᠶᠠᠨ ᠲᠠᠭᠠᠵᠤ ᠶᠠᠪᠤᠳᠠᠭ ᠃ ᠬᠠᠷᠠᠴᠠ ᠨᠢ ᠬᠠᠮᠢᠭ᠎ᠠ ᠲᠤᠰᠪᠠᠯ᠂ ᠰᠦᠨᠡᠰᠦ ᠨᠢ ᠲᠡᠭᠦᠨ ᠤ ᠴᠢᠭᠯᠡᠯ ᠬᠦᠷᠳᠡᠭ᠃ ᠡᠩ ᠤᠨ ᠦᠶ᠎ᠡ ᠳᠤ ᠮᠠᠯ ᠤᠨ ᠲᠤᠯᠤᠭᠠᠢ ᠲᠤᠷᠤᠬᠰᠢ ᠬᠠᠨᠳᠤᠵᠤ ᠪᠠᠶᠢᠳᠠᠭ ᠲᠤᠯᠠ ᠨᠢᠳᠤ ᠨᠢ ᠬᠡᠵᠢᠶᠡᠳᠡ ᠲᠡᠯᠡᠬᠡᠢ ᠶᠢᠷᠲᠢᠨᠴᠤ ᠶᠢᠨ ᠭᠠᠳᠠᠷᠭᠤ ᠲᠡᠭᠡᠷ᠎ᠡ ᠲᠤᠰᠴᠤ ᠬᠤᠯᠠ ᠶᠢ ᠤᠯᠵᠤ ᠬᠠᠷᠠᠳᠠᠭ ᠦᠭᠡᠢ᠃ ᠮᠠᠯ ᠢ ᠦᠷᠦᠴᠡᠯᠡᠬᠦ ᠳᠤ ᠵᠠᠪᠠᠯ ᠲᠡᠭᠡᠭᠰᠢ ᠬᠠᠨᠳᠤᠭᠤᠯᠵᠤ ᠬᠡᠪᠲᠡᠭᠦᠯᠭᠦ ᠪᠤᠯᠬᠤᠷ ᠨᠢᠳᠤ ᠨᠢ ᠵᠠᠶᠢᠯᠠᠰᠢ ᠦᠭᠡᠢ ᠬᠦᠬᠡ ᠮᠦᠡᠭᠭᠦᠨ ᠲᠡᠭᠷᠢ ᠳᠤ ᠲᠤᠰᠳᠠᠭ᠃ ᠡᠨᠡ ᠦᠶ᠎ᠡ ᠳᠤ ᠠᠮᠢ ᠰᠦᠨᠡᠰᠦ ᠶᠢ ᠨᠢ ᠭᠠᠷᠭᠠᠪᠠᠯ ᠰᠦᠨᠡᠰᠦ ᠨᠢ ᠨᠢᠳᠤᠨ ᠭᠡᠷᠡᠯ ᠢ ᠨᠢ ᠲᠠᠮᠵᠢᠨ ᠰᠢᠭᠤᠳ ᠲᠡᠭᠷᠢ ᠳᠤ ᠬᠦᠷᠴᠦ ᠡᠷᠬᠢᠬᠦ ᠲᠦᠷᠦᠯ ᠳᠤ ᠪᠠᠨ ᠰᠠᠶᠢᠨ ᠲᠦᠷᠦᠯ ᠤᠯᠤᠨ᠎ᠠ ᠭᠡᠳᠡᠭ᠃ ᠡᠶᠢᠮᠤ ᠠᠴᠠ ᠮᠤᠩᠭᠤᠯᠴᠤᠳ ᠮᠠᠯ ᠢ ᠦᠷᠦᠴᠡᠯᠡᠬᠦ ᠶᠢ ᠲᠤᠩ ᠡᠷᠬᠢᠮᠯᠡᠨ᠂ ᠬᠦᠵᠦᠬᠦᠦ ᠬᠤᠭᠤᠯᠠᠢ ᠶᠢ ᠨᠢ ᠤᠬᠲᠤᠯᠬᠤ ᠶᠢ ᠮᠠᠰᠢ ᠴᠡᠭᠡᠷᠯᠡᠵᠤ ᠴᠠᠭᠠᠵᠠᠯᠠᠳᠠᠭ ᠪᠠᠶᠢᠨ᠎ᠠ᠃       1᠂ ᠡᠳᠦᠷ ᠰᠤᠳᠤᠷ ᠦᠵᠡᠨ᠎ᠡ᠃ ᠤᠯᠠᠭᠠᠨ ᠱᠠᠭᠠᠵᠠᠭᠠᠢ ᠡᠳᠦᠷ᠂ ᠵᠤᠯᠠ ᠰᠠᠷ᠎ᠠ ᠶᠢᠨ ᠬᠤᠷᠢᠨ ᠲᠠᠪᠤᠨ᠂ ᠬᠡᠰᠢᠭ ᠡᠳᠦᠷ ᠲᠤ ᠮᠠᠯ ᠨᠢᠳᠤᠯᠬᠤ ᠶᠢ ᠡᠷᠡᠰ ᠴᠡᠭᠡᠷᠯᠡᠨ᠎ᠡ᠃ ᠬᠤᠨᠢ ᠡᠳᠦᠷ ᠲᠤ ᠬᠤᠨᠢ ᠶᠢ᠂ ᠦᠬᠡᠷ ᠡᠳᠦᠷ ᠦᠬᠡᠷ ᠢ᠂ ᠮᠤᠷᠢ ᠡᠳᠦᠷ ᠲᠤ ᠮᠤᠷᠢ ᠶᠢ ᠨᠢᠳᠤᠯᠬᠤ ᠶᠢ ᠴᠡᠭᠡᠷᠯᠡᠨ᠎ᠡ᠃ ᠯᠠ ᠰᠠᠷ᠎ᠠ ᠶᠢᠨ ᠪᠢᠲᠡᠭᠦᠨ᠂ ᠰᠢᠨ᠎ᠡ ᠶᠢᠨ ᠨᠢᠭᠡᠨ ᠠᠴᠠ ᠰᠢᠨ᠎ᠡ ᠶᠢᠨ ᠲᠤᠯᠤᠭᠠᠨ ᠬᠦᠷᠲᠡᠯ᠎ᠡ ᠠᠮᠢ ᠬᠤᠷᠤᠭᠠᠬᠤ ᠶᠢ ᠲᠠᠰᠤ ᠴᠡᠭᠡᠷᠯᠡᠨ᠎ᠡ᠃ ᠮᠠᠯ ᠪᠠᠰᠠ ᠰᠢᠨᠡᠯᠡᠵᠤ ᠪᠠᠶᠢᠬᠤ ᠭᠡᠳᠡᠭ᠃ ᠮᠠᠯ ᠭᠠᠷᠭᠠᠬᠤ ᠰᠠᠶᠢᠨ ᠡᠳᠦᠷ ᠭᠡᠵᠤ ᠭᠤᠷᠪᠠᠨ ᠶᠡᠭᠡ ᠤᠳᠤ ᠬᠤᠷᠮᠤᠰᠳᠠ᠂ ᠰᠦᠯᠳᠡ᠂ ᠲᠡᠭᠷᠢ ᠲᠠᠢ ᠡᠳᠦᠷ ᠲᠤ ᠤᠯᠠᠭᠠᠨ ᠱᠠᠭᠠᠵᠠᠭᠠᠢ ᠡᠳᠦᠷ᠂ ᠵᠤᠯᠠ ᠰᠠᠷ᠎ᠠ ᠶᠢᠨ ᠬᠤᠷᠢᠨ ᠲᠠᠪᠤᠨ᠂ ᠬᠤᠨᠢ ᠡᠳᠦᠷ ᠲᠠᠭᠠᠷᠠᠬᠤ ᠦᠭᠡᠢ ᠪᠤᠯ ᠪᠦᠷ ᠪᠤᠯᠤᠨ᠎ᠠ᠃ ᠤᠨᠴᠠ ᠶᠢᠨ ᠴᠢᠬᠤᠯᠠ ᠠᠴᠠ ᠪᠤᠯᠵᠤ ᠰᠠᠶᠢᠨ ᠡᠳᠦᠷ ᠤᠯᠳᠠᠬᠤ ᠦᠭᠡᠢ ᠪᠤᠯ ᠢᠪᠡᠭᠡᠯ ᠲᠠᠢ᠂ ᠬᠡᠰᠢᠭ ᠪᠤᠶᠠᠨ ᠲᠠᠢ ᠴᠠᠭ ᠢ ᠰᠤᠩᠭᠤᠳᠠᠭ ᠶᠤᠮ᠃       2᠂ ᠮᠠᠯ ᠭᠠᠷᠭᠠᠬᠤ ᠳᠤ ᠡᠷᠬᠡᠪᠰᠢ ᠡᠵᠡᠨ ᠳᠤ ᠪᠠᠨ ᠵᠤᠯᠠ ᠮᠠᠨᠳᠤᠭᠤᠯᠵᠤ ᠰᠠᠩ ᠰᠠᠴᠤᠯᠢ ᠰᠡᠷᠵᠢᠮᠯᠡᠨ ᠬᠤᠲᠠ ᠬᠦᠷᠢᠶ᠎ᠡ ᠪᠠᠨ ᠠᠷᠢᠭᠤᠳᠬᠠᠬᠤ ᠬᠡᠷᠡᠭᠲᠡᠢ᠃      3᠂ ᠡᠷᠬᠡᠪᠰᠢ ᠢᠰᠡᠭᠡᠢ ᠲᠡᠭᠡᠷ᠎ᠡ ᠦᠷᠦᠴᠡ ᠶᠢ ᠨᠢ ᠲᠡᠭᠡᠭᠰᠢ ᠬᠠᠨᠳᠤᠭᠤᠯᠵᠤ᠂ ᠲᠤᠯᠤᠭᠠᠢ ᠶᠢ ᠨᠢ ᠬᠤᠶᠢᠰᠢ ᠵᠦᠭᠯᠡᠭᠦᠯᠭᠦ ᠪᠦᠭᠡᠳ ᠮᠢᠯᠢᠶᠠᠬᠤ ᠪᠠ ᠰᠦᠨᠡᠰᠦ ᠶᠢ ᠨᠢ ᠲᠠᠯᠠᠯᠬᠤ ᠶᠤᠰᠤ ᠵᠢᠷᠤᠮ᠂ ᠦᠴᠢᠯ ᠦᠴᠢᠬᠦ ᠪᠠ ᠰᠢᠪᠰᠢᠯᠭᠡ ᠶᠢᠨ ᠲᠤᠮ ᠢ ᠵᠠᠪᠠᠯ ᠬᠦᠢᠴᠡᠳᠬᠡᠭᠰᠡᠨ ᠦᠷᠦᠴᠡᠯᠡᠬᠦ ᠵᠠᠩᠰᠢᠯ ᠬᠠᠤᠯᠢ ᠶᠢ ᠪᠠᠷᠢᠮᠲᠠᠯᠠᠬᠤ ᠬᠡᠷᠡᠭᠲᠡᠢ᠃       4᠂ ᠨᠢᠲᠤᠯᠬᠤ ᠮᠠᠯ ᠢᠶᠠᠨ ᠡᠪᠡᠷᠳᠡᠵᠤ᠂ ᠰᠢᠭᠢᠷᠠᠳᠡᠵᠤ᠂ ᠵᠤᠮᠠᠭᠠᠬᠤ ᠶᠢ ᠴᠡᠭᠡᠷᠯᠡᠨ᠎ᠡ᠃ ᠵᠠᠪᠠᠯ ᠮᠠᠯ ᠳᠤ ᠪᠠᠨ ᠡᠶᠡᠪᠡᠷᠭᠦᠦ ᠵᠦᠬᠡᠯᠡᠨ ᠢᠶᠠᠷ ᠬᠠᠨᠳᠤᠬᠤ ᠬᠡᠷᠡᠭᠲᠡᠢ᠃      5᠂ ᠨᠢᠳᠤᠯᠬᠤ ᠬᠤᠨᠢ ᠶᠢ ᠰᠦᠷᠦᠭ ᠠᠴᠠ ᠬᠦᠲᠦᠯᠵᠤ ᠭᠠᠷᠭᠠᠬᠤ ᠦᠶ᠎ᠡ ᠳᠤ ᠶᠠᠪᠤᠨ ᠶᠠᠳᠠᠨ ᠭᠤᠷᠪᠠ ᠠᠴᠠ ᠲᠡᠭᠡᠭᠰᠢ ᠤᠳᠠᠭ᠎ᠠ ᠰᠦᠭᠦᠳᠪᠡᠯ ᠡᠵᠡᠨ ᠳᠤ ᠪᠠᠨ ᠮᠦᠷᠭᠦᠵᠤ ᠪᠠᠶᠢᠨ᠎ᠠ ᠬᠡᠳᠡᠭ᠃ ᠬᠡᠰᠢᠭ ᠪᠤᠶᠠᠨ ᠲᠡᠯᠭᠡᠷᠡᠲᠦᠬᠡᠢ ᠬᠡᠵᠤ ᠲᠤᠰ ᠬᠤᠨᠢ ᠶᠢ ᠰᠦᠷᠦᠭ ᠲᠤ ᠨᠢ ᠪᠤᠴᠠᠭᠠᠵᠤ ᠲᠠᠬᠢᠵᠤ ᠦᠭᠡᠷ ᠎ᠡ ᠬᠤᠨᠢ ᠰᠢᠯᠢᠨ ᠰᠤᠩᠭᠤᠳᠠᠭ᠃ ᠢᠡᠭᠭᠢᠪᠡᠯ ᠮᠠᠯ ᠰᠦᠷᠦᠭ ᠦᠨᠢᠷ ᠦᠰᠦᠨ᠎ᠡ ᠭᠡᠳᠡᠭ᠃       6᠂ ᠤᠶᠠᠭ᠎ᠠ ᠲᠠᠢ ᠬᠤᠨᠢ ᠶᠢ ᠨᠢᠳᠤᠯᠬᠤ ᠳᠤ ᠤᠷᠢᠳ ᠢᠶᠠᠷ ᠬᠦᠵᠦᠭᠦᠨ ᠳᠠᠬᠢ ᠲᠡᠭᠡᠰᠦ ᠶᠢ ᠨᠢ ᠠᠯᠳᠠᠷᠠᠭᠠᠬᠤ ᠬᠡᠷᠡᠭᠲᠡᠢ᠃ ᠡᠰᠡᠪᠡᠯ ᠰᠦᠨᠡᠰᠦ ᠨᠢ ᠲᠡᠭᠷᠢ ᠳᠤ ᠭᠠᠷᠴᠤ ᠲᠡᠶᠢᠯᠬᠦ ᠦᠬᠡᠢ ᠠᠴᠠ ᠪᠤᠯᠵᠤ ᠲᠠᠬᠢᠵᠤ ᠲᠦᠷᠦᠯ ᠤᠯᠵᠤ ᠲᠡᠶᠢᠯᠳᠡᠭ ᠦᠭᠡᠢ ᠬᠡᠵᠤ ᠦᠵᠡᠳᠡᠭ ᠵᠠᠩᠰᠢᠯ ᠲᠠᠢ᠃       7᠂ ᠮᠠᠯ ᠭᠠᠷᠭᠠᠬᠤ ᠦᠶ᠎ᠡ ᠳᠤ ᠬᠦᠬᠡᠷᠦᠬᠦᠢ ᠮᠠᠯ ᠪᠠᠶᠢᠨ᠎ᠠ᠂ ᠬᠠᠶᠢᠷᠠᠨ ᠮᠠᠯ ᠪᠠᠶᠢᠨ᠎ᠠ ᠬᠡᠬᠦ ᠮᠡᠲᠦ ᠶᠢᠨ ᠦᠬᠡ ᠬᠡᠯᠡᠵᠤ ᠪᠤᠯᠬᠤ ᠦᠭᠡᠢ᠃ ᠲᠡᠭᠡᠪᠡᠯ ᠰᠦᠨᠡᠰᠦ ᠨᠢ ᠲᠡᠭᠷᠢ ᠳᠤ ᠭᠠᠷᠴᠤ ᠲᠡᠶᠢᠯᠭᠦ ᠦᠭᠡᠢ᠂ ᠲᠠᠬᠢᠨ ᠲᠦᠷᠦᠯ ᠤᠯᠵᠤ ᠴᠢᠳᠠᠬᠤ ᠦᠭᠡᠢ ᠪᠤᠯᠳᠠᠭ ᠬᠡᠨ᠎ᠡ᠃ ᠢᠳᠡᠶ᠎ᠡ ᠤᠤᠭᠤᠶ ᠎ᠠ ᠬᠡᠵᠤ ᠬᠡᠯᠡᠬᠦ ᠶᠢ ᠴᠤ ᠲᠠᠰᠤ ᠴᠡᠭᠡᠷᠯᠡᠨ᠎ᠡ᠃       8᠂ ᠬᠢᠲᠤᠭ᠎ᠠ ᠪᠠᠨ ᠬᠤᠷᠴᠠ ᠪᠢᠯᠡᠭᠦᠳᠡᠭᠰᠡᠨ ᠪᠠᠶᠢᠬᠤ ᠬᠡᠷᠡᠭᠲᠡᠢ ᠪᠦᠭᠡᠳ ᠬᠤᠲᠠ ᠳᠤ ᠪᠠᠨ ᠠᠪᠴᠤ ᠤᠷᠤᠵᠤ ᠪᠤᠯᠬᠤ ᠦᠭᠡᠢ᠃ ᠨᠢᠳᠤᠯᠬᠤ ᠬᠤᠨᠢᠨ ᠳᠤ ᠨᠡᠩ ᠴᠤ ᠦᠵᠡᠭᠦᠯᠵᠤ ᠪᠤᠯᠬᠤ ᠦᠭᠡᠢ᠃ ᠭᠠᠷ ᠢᠶᠠᠨ ᠴᠡᠪᠡᠷ ᠤᠬᠢᠶᠠᠬᠤ ᠬᠡᠷᠡᠭᠲᠡᠢ᠃ ᠡᠷᠬᠡᠪᠰᠢ ᠪᠤᠰᠤᠳ ᠮᠠᠯ ᠠᠴᠠ ᠪᠠᠨ ᠲᠠᠯᠳᠠ ᠭᠠᠵᠠᠷ ᠨᠢᠳᠤᠯᠬᠤ ᠬᠡᠷᠡᠭᠲᠡᠢ᠃       9᠂ ᠬᠤᠨᠢ ᠭᠠᠷᠭᠠᠬᠤ ᠳᠤ ᠪᠠᠨ ᠲᠤᠯᠤᠭᠠᠢ ᠶᠢ ᠨᠢ ᠭᠡᠷ ᠤᠨ ᠡᠭᠦᠳᠡ ᠵᠦᠭ ᠬᠠᠨᠳᠤᠭᠤᠯᠪᠠᠯ ᠦᠭᠦᠯ ᠤᠨ ᠠᠮᠠ ᠨᠡᠭᠡᠭᠡᠭᠳᠡᠨ᠎ᠡ ᠬᠡᠵᠤ ᠴᠡᠭᠡᠷᠯᠡᠳᠡᠭ᠃      ᠢᠷᠡᠯᠲᠡ᠄ ᠣᠷᠳᠣᠰ ᠮᠣᠩᠭᠤᠯ ᠰᠦᠯᠵᠢᠶ᠎ᠡ  ᠬᠢᠨᠠᠭᠴᠢ᠄ ᠰᠢ᠊ · ᠪᠠᠶᠠᠷᠲᠤ    ᠨᠠ᠊ · ᠨᠠᠷᠠᠨᠪᠠᠲᠤ  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号