ᠬᠦᠯᠥᠰᠥᠨ ᠳᠤ ᠤᠮᠳᠠᠯᠠᠭᠳᠠᠭᠰᠠᠨ ᠬᠦᠳᠡᠯᠮᠥᠷᠢ ᠶᠢᠨ ᠢᠷᠭᠤᠢ — ᠪᠦᠬᠦ ᠤᠯᠤᠰ ᠤᠨ ᠬᠦᠳᠡᠭᠡ ᠲᠤᠰᠬᠤᠨ ᠤ ᠵᠠᠯᠠᠭᠤ ᠪᠠᠶᠠᠵᠢᠯ ᠤᠨ ᠳᠠᠭᠠᠭᠤᠯᠤᠭᠴᠢ ᠪᠦᠬᠦ ᠤᠯᠤᠰ ᠤᠨ ᠠᠷᠪᠠᠨ ᠰᠤᠳᠥᠨ ᠥᠢᠯᠡᠰ ᠪᠤᠰᠬᠠᠭᠴᠢ ᠪᠦᠬᠦ ᠤᠷᠤᠨ ᠤ ᠶᠠᠳᠠᠭᠤ ᠠᠴᠠ ᠠᠩᠬᠢᠵᠢᠷᠠᠭᠤᠯᠬᠤ ᠪᠤᠭᠤᠮᠳᠠ ᠰᠢᠪᠳᠤᠯᠬᠤ ᠳᠠᠶᠢᠯᠠᠯᠳᠤᠭᠠᠨ ᠤ ᠳᠡᠷᠢᠬᠦᠨ ᠤ ᠬᠤᠪᠢ ᠬᠦᠮᠥᠨ ᠴᠢ ᠰᠢᠶᠥᠥ ᠵᠢᠩ ᠢ ᠳᠡᠮᠳᠡᠭᠯᠡᠪᠡ
ᠨᠡᠶᠢᠲᠡᠯᠡᠭᠰᠡᠨ ᠴᠠᠭ᠄
2021/5/20
           ● ᠰᠤᠷᠪᠤᠯᠵᠢᠯᠠᠭᠴᠢ ᠤᠷᠠᠨᠳᠤᠳᠢ ᠯᠢ ᠴᠢᠥ ᠰᠢᠶᠠᠩ   2018 ᠤᠨ ᠤ ᠪᠦᠬᠦ ᠤᠷᠤᠨ ᠤ ︽ᠲᠦᠮᠡᠨ ᠨᠡᠷᠡᠰ ᠠᠷᠠᠳ ᠤᠨ ᠲᠦᠯᠥᠭᠡᠯᠡᠭᠴᠢᠳ ᠤᠨ ᠶᠡᠭᠡ ᠬᠤᠷᠠᠯ ᠤᠨ ᠲᠦᠯᠥᠭᠡᠯᠡᠭᠴᠢ ᠤᠨᠢᠨ ᠳᠡᠭᠡᠷ᠎ᠡ ᠨᠢ ᠶᠠᠳᠠᠭᠤ ᠶᠢ ᠳᠡᠳᠬᠦᠭᠰᠡᠨ ᠳᠡᠷᠢᠬᠦᠨ ᠤ ᠬᠤᠪᠢ ᠬᠦᠮᠥᠨ︾ 2018 ᠤᠨ ᠤ ᠪᠦᠬᠦ ᠤᠷᠤᠨ ᠤ ᠶᠠᠳᠠᠭᠤ ᠠᠴᠠ ᠠᠩᠬᠢᠵᠢᠷᠠᠭᠤᠯᠬᠤ ᠪᠤᠭᠤᠮᠳᠠ ᠰᠢᠪᠳᠤᠯᠬᠤ ᠳᠠᠶᠢᠯᠠᠯᠳᠤᠭᠠᠨ ᠤ ᠰᠢᠯᠢᠳᠡᠭ ᠪᠠᠶᠠᠵᠢᠯ ᠤᠨ ᠳᠠᠭᠠᠭᠤᠯᠤᠭᠴᠢ 2019 ᠤᠨ ᠤ ᠪᠦᠬᠦ ᠤᠯᠤᠰ ᠤᠨ ᠬᠦᠳᠡᠭᠡ ᠲᠤᠰᠬᠤᠨ ᠤ ᠵᠠᠯᠠᠭᠤ ᠪᠠᠶᠠᠵᠢᠯ ᠤᠨ ᠳᠠᠭᠠᠭᠤᠯᠤᠭᠴᠢ 2019 ᠤᠨ ᠤ ᠲᠦᠪ ᠤᠨ ᠤᠬᠠᠭᠤᠯᠬᠤ ᠬᠡᠯᠳᠡᠰ ᠠᠴᠠ ᠤᠯᠭᠤᠭᠰᠠᠨ ︽ᠬᠠᠮᠤᠭ ᠭᠤᠶᠤ ᠦᠨᠳᠥᠰᠥᠨ ᠱᠠᠳᠥᠨ ᠤ ᠤᠶᠤᠳᠠᠨ︾ 2019 ᠤᠨ ᠤ ᠪᠦᠬᠦ ᠤᠯᠤᠰ ᠤᠨ ᠡᠭᠡ ᠤᠷᠤᠨᠴᠢ ᠦᠵᠡᠯ ᠤᠨ ᠭᠠᠪᠢᠶ᠎ᠠ ᠪᠠᠶᠢᠭᠤᠯᠤᠭᠰᠠᠨ ᠪᠢᠶᠥᠥᠪᠢᠩ 2019 ᠤᠨ ᠤ ᠪᠦᠬᠦ ᠤᠷᠤᠨ ᠤ ᠬᠦᠳᠡᠭᠡ ᠲᠤᠰᠬᠤᠨ ᠮᠠᠯᠵᠢᠬᠤ ᠤᠷᠤᠨ ᠤ ᠵᠠᠯᠠᠭᠤ ᠪᠠᠶᠠᠵᠢᠯ ᠤᠨ ᠳᠠᠭᠠᠭᠤᠯᠤᠭᠴᠢ 2019 ᠤᠨ ᠤ ︽ᠰᠢᠨ᠎ᠡ ᠡᠷᠡᠨ ᠤ ᠤᠮᠠᠷᠠᠳᠥ ᠬᠢᠯᠢ ᠶᠢᠨ ᠰᠤᠳᠥᠨ ᠡᠮᠡᠭᠳᠡᠢ︾ ᠬᠦᠮᠥᠨ ᠦᠪᠡᠷ ᠤᠨ ᠭᠡᠰᠡᠨ ᠬᠦᠰᠡᠯ ᠬᠦᠭᠡᠭᠡᠴᠡᠯᠳᠥᠯ ᠲᠠᠢ ᠪᠠᠶᠢᠵᠤ᠂ ᠳᠡᠷᠡᠬᠦ ᠬᠦᠰᠡᠯ ᠬᠦᠭᠡᠭᠡᠴᠡᠯᠳᠥᠯ ᠢᠶᠠᠨ ᠤᠷᠤᠭᠰᠢᠳᠠᠢ᠂ ᠠᠮᠵᠢᠯᠳᠠ ᠲᠠᠢ ᠪᠡᠶᠡᠯᠡᠬᠦᠯᠵᠤ ᠶᠠᠪᠤᠨ᠎ᠠ ᠭᠡᠭᠴᠢ ᠠᠵᠠ ᠵᠢᠷᠭᠠᠯ ᠲᠠᠢ ᠪᠦᠭᠡᠳ ᠢᠷᠠᠭᠤ ᠠᠯᠳᠠᠷ ᠲᠠᠢ ᠶᠠᠪᠤᠳᠠᠯ ᠶᠤᠮ᠃ ᠠᠳᠠᠯ ᠠᠮᠢᠳᠤᠷᠠᠯ ᠢᠶᠠᠨ ᠦᠭᠡᠳᠡᠯᠡᠭᠦᠯᠦᠨ ᠲᠤᠳᠤᠮᠳᠠᠵᠤ᠂ ᠠᠵᠢᠯ ᠦᠢᠯᠡᠰ ᠢᠶᠠᠨ ᠠᠮᠵᠢᠯᠳᠠ ᠪᠠᠷ ᠮᠢᠯᠢᠶᠠᠯᠭᠠᠵᠤ᠂ ᠠᠷᠠᠳ ᠤᠯᠠᠨ ᠢᠶᠠᠨ ᠪᠠᠶᠠᠵᠢᠯ ᠤᠨ ᠵᠠᠮ ᠢᠶᠠᠷ ᠳᠠᠭᠠᠭᠤᠯᠤᠭᠰᠠᠨ ᠴᠢ ᠰᠢᠶᠤᠤ ᠵᠢᠩ ᠤᠷᠤᠯᠳᠤᠯᠭ᠎ᠠ ᠴᠢᠷᠮᠠᠶᠢᠯᠭ᠎ᠠ ᠪᠠᠷ ᠢᠶᠠᠨ ᠤᠯᠤᠰ ᠤᠷᠤᠨ ᠳᠤ ᠱᠠᠩᠨᠠᠭᠳᠠᠨ ᠬᠦᠬᠢᠭᠦᠯᠦᠭᠳᠡᠵᠤ᠂ ᠤᠯᠠᠨ ᠤ ᠪᠠᠨ ᠳᠤᠮᠳᠠ ᠤᠳᠤᠨ ᠰᠤᠳᠤᠨ ᠪᠤᠯᠵᠤ ᠬᠢᠯᠡᠷᠡᠭᠤᠯᠤᠨ᠎ᠠ᠃    ᠲᠦᠷᠥᠬᠦᠭᠡᠨ ᠰᠤᠷᠪᠤᠯᠵᠢᠯᠠᠭᠴᠢ ᠬᠤᠷᠴᠢᠨ ᠪᠠᠷᠠᠭᠤᠨ ᠭᠠᠷᠥᠨ ᠡᠮᠥᠨᠡᠳᠥ ᠬᠤᠰᠢᠭᠤᠨ ᠤ ᠬᠤᠷᠴᠢᠨ ᠪᠠᠯᠭᠠᠰᠥᠨ ᠤ ᠫᠢᠩ ᠠᠨ ᠲᠤᠰᠬᠤᠨ ᠳᠤ ᠬᠦᠷᠴᠥ᠂ ︽ᠵᠠᠨ ᠢ ᠳᠠᠷᠢᠶᠠᠴᠢᠳ ᠤᠨ ᠲᠤᠰᠬᠠᠢ ᠬᠤᠷᠰᠢᠶᠠᠵᠢᠯ︾ ᠢ ᠡᠬᠦᠳᠥᠨ ᠪᠠᠶᠢᠭᠤᠯᠤᠭᠴᠢ᠂ ᠬᠦᠳᠡᠭᠡ ᠲᠤᠰᠬᠤᠨ ᠤ ᠴᠢᠳᠠᠪᠤᠷᠢᠳᠡᠨ ᠬᠦᠮᠥᠵᠢᠬᠦᠯᠬᠦ ᠲᠦᠪ ᠤᠨ ᠡᠷᠬᠢᠯᠡᠭᠴᠢ ᠶᠢᠨ ᠳᠤᠰᠢᠶᠠᠯ ᠲᠠᠢ ᠠᠵᠢᠯᠴᠢ ᠪᠤᠷᠤᠭᠵᠢᠭᠤᠨ᠂ ᠯᠠᠪᠳᠠᠭᠤᠨ ᠬᠢᠴᠢᠶᠡᠩᠬᠦᠢ ᠮᠤᠩᠭᠤᠯ ᠤᠶᠤᠳᠠᠨ ᠴᠢ ᠰᠢᠶᠥᠥ ᠵᠢᠩ ᠢ ᠰᠤᠷᠪᠤᠯᠵᠢᠯᠠᠭᠰᠠᠨ ᠶᠤᠮ᠃ ᠳᠡᠷᠡ ᠪᠢᠳᠡᠨ ᠢ ᠳᠠᠭᠠᠭᠤᠯᠤᠨ ᠬᠤᠷᠰᠢᠶᠠᠵᠢᠯ ᠤᠨ ᠦᠵᠡᠭᠦᠯᠦᠯᠭᠡ ᠶᠢᠨ ᠲᠢᠩᠭᠢᠮ ᠳᠤ ᠪᠠᠨ ᠤᠷᠤᠬᠤ ᠶᠢᠨ ᠵᠠᠷᠭᠡᠪᠡᠷ ᠰᠢᠷᠡᠭᠡᠨ ᠳᠡᠭᠡᠷ᠎ᠡ ᠤᠪᠤᠭᠠᠯᠠᠨ ᠳᠠᠯᠪᠢᠭᠠᠰᠤᠳᠠᠢ ᠢᠳᠡᠰᠢᠨ ᠨᠤᠭᠤᠭ᠎ᠠ ᠪᠠᠨ ᠵᠢᠭᠠᠭᠠᠳ᠄ ︽ᠡᠳᠡᠭᠡᠷ ᠦᠵᠥᠮ᠂ ᠠᠭᠠᠯᠢᠭ ᠠᠯᠢᠮ᠎ᠠ᠂ ᠳᠦᠪᠡᠳ ᠬᠠᠰᠢ ᠵᠡᠷᠭᠡ ᠪᠤᠯ ᠮᠠᠨ ᠤ ᠳᠤᠰᠬᠤᠨ ᠤ ᠳᠠᠷᠢᠶᠠᠴᠢᠳ ᠤᠨ ᠳᠠᠷᠢᠭᠰᠠᠨ ᠤᠷᠭᠠᠨᠢᠭ ᠪᠤᠬᠢᠷᠳᠤᠯ ᠦᠬᠡᠢ ᠪᠦᠳᠥᠭᠡᠭᠳᠡᠬᠦᠨ᠂ ᠡᠬᠦᠨ ᠢ ᠪᠠᠨ ᠤᠳᠠᠯ ᠦᠬᠡᠢ ᠪᠡᠭᠡᠵᠢᠩ ᠬᠤᠳᠠ ᠳᠤ ᠵᠠᠬᠢᠶᠠᠯᠠᠨ ᠶᠠᠪᠤᠭᠤᠯᠬᠤ ᠪᠠᠷ ᠪᠤᠢ᠂ ᠨᠤᠭᠤᠭ᠎ᠠ ᠪᠠᠨ ᠬᠠᠶᠢᠷᠴᠠᠭᠯᠠᠵᠤ ᠪᠡᠯᠡᠭᠡᠨ ᠪᠤᠯᠤᠭᠰᠠᠨ ᠤ ᠳᠠᠷᠠᠭ᠎ᠠ ᠪᠢ ᠳᠡᠷᠭᠡ ᠪᠠᠨ ᠳᠠᠭᠠᠵᠤ ᠦᠪᠡᠰᠦᠪᠡᠨ ᠬᠦᠷᠭᠡᠨ ᠤᠴᠢᠨ᠎ᠠ︾ ᠭᠡᠵᠤ ᠰᠤᠷᠪᠤᠯᠵᠢᠯᠠᠭ᠎ᠠ ᠶᠢᠨ ᠡᠬᠢᠨ ᠳᠤ ᠤᠷᠴᠢᠮ ᠤᠨ ᠠᠵᠢᠯ ᠢᠶᠠᠨ ᠲᠦᠬᠦᠮᠭᠡᠨ ᠲᠠᠨᠢᠯᠴᠠᠭᠤᠯᠵᠤ ᠭᠠᠷᠤᠯ᠎ᠠ ᠁    ᠮᠤᠩᠭᠤᠯ ᠤᠶᠤᠳᠡᠨ ᠤ ᠦᠢᠯᠡᠰ ᠤᠨ ᠮᠦᠷ    ᠴᠢ ᠰᠢᠶᠥᠥ ᠵᠢᠩ 2008 ᠤᠨ ᠳᠤ ᠦᠪᠤᠷ ᠮᠤᠩᠭᠤᠯ ᠤᠨ ᠰᠢᠨᠵᠢᠯᠡᠬᠦ ᠤᠬᠠᠭᠠᠨ ᠮᠡᠷᠭᠡᠵᠢᠯ ᠤᠨ ᠶᠡᠭᠡ ᠰᠤᠷᠭᠠᠭᠤᠯᠢ ᠠᠴᠠ ᠳᠡᠬᠦᠰᠴᠤ᠂ ᠨᠤᠳᠤᠭ ᠲᠤ ᠪᠠᠨ ᠬᠠᠷᠢᠵᠤ ᠠᠵᠢᠯ ᠤᠯᠬᠤ ᠰᠢᠯᠭᠠᠯᠳᠠ ᠪᠠᠷ ᠳᠠᠮᠵᠢᠨ 2009 ᠤᠨ ᠳᠤ ᠬᠤᠷᠴᠢᠨ ᠪᠠᠯᠭᠠᠰᠥᠨ ᠤ ᠶᠤᠸᠠᠨ ᠹᠧᠩ ᠲᠤᠰᠬᠤᠨ ᠳᠤ ᠤᠶᠤᠳᠠᠨ ᠲᠤᠰᠬᠤᠨ ᠳᠠᠷᠤᠭ᠎ᠠ ᠪᠠᠷ ᠰᠢᠯᠭᠠᠭᠳᠠᠨ ᠤᠷᠤᠪᠠ᠃ 4 ᠵᠢᠯ ᠤᠨ ᠬᠤᠭᠤᠴᠠᠭᠠᠨ ᠳᠤ ᠦᠨᠳᠥᠰᠥᠨ ᠱᠠᠳᠥᠨ ᠤ ᠦᠢᠯᠡᠳᠦᠯᠭᠡ ᠳᠤᠷᠰᠢᠯᠭ᠎ᠠ ᠪᠠᠷ ᠦᠪᠠᠷ ᠢ ᠪᠠᠨ ᠳᠠᠪᠳᠠᠨ ᠪᠤᠯᠪᠠᠰᠤᠷᠠᠭᠤᠯᠵᠤ᠂ ᠰᠤᠷᠭᠠᠭᠤᠯᠢ ᠶᠢᠨ ᠬᠦᠷᠢᠶᠡᠨ ᠤ ᠤᠶᠤᠳᠠᠨ ᠬᠡᠥᠭᠡᠨ ᠪᠠᠶᠢᠭᠰᠠᠨ ᠠᠴᠠ ᠪᠠᠨ ᠠᠷᠴᠢᠭᠤᠷ ᠮᠦᠷᠥᠯᠡᠵᠤ ᠱᠠᠯᠠᠮᠠᠭᠠᠢᠢᠯᠠᠨ ᠠᠵᠢᠯᠯᠠᠳᠠᠭ ︽ᠳᠠᠭᠠᠭᠤᠯᠤᠭᠴᠢ︾ ᠪᠤᠯᠵᠠᠢ᠃ ᠤᠶᠤᠳᠠᠨ ᠲᠤᠰᠬᠤᠨ ᠳᠠᠷᠤᠭ᠎ᠠ ᠶᠢᠨ ᠠᠵᠢᠯ ᠤᠨ ᠬᠤᠭᠤᠴᠠᠭ᠎ᠠ ᠨᠢ ᠲᠠᠭᠤᠰᠤᠬᠰᠠᠨ ᠴᠤ ᠳᠡᠷᠡ ᠤᠯᠤᠰ ᠤᠨ ᠠᠯᠪᠠᠳᠠᠨ ᠪᠤᠯᠬᠤ ᠶᠢ ᠪᠤᠳᠤᠯᠬᠢᠯᠠᠭ᠎ᠠ ᠦᠬᠡᠢ᠂ ᠬᠠᠷᠢᠨ ᠬᠠᠮᠳᠥ ᠠᠵᠢᠯᠯᠠᠵᠤ ᠪᠠᠶᠢᠭᠰᠠᠨ ᠬᠡᠳᠦᠨ ᠤᠶᠤᠳᠠᠨ ᠲᠤᠰᠬᠤᠨ ᠳᠠᠷᠤᠭ᠎ᠠ ᠲᠠᠢ ᠬᠠᠮᠳᠤᠷᠠᠨ ᠥᠢᠯᠡᠰ ᠪᠤᠰᠬᠠᠬᠤ ᠪᠠᠷ ᠰᠢᠢᠳᠪᠠ᠃ ᠭᠡᠷ ᠤᠨ ᠬᠦᠮᠥᠰ ᠨᠢ ᠤᠢᠢᠯᠠᠭᠠᠬᠤ ᠦᠬᠡᠢ᠂ ᠳᠡᠷᠭᠡᠳᠡᠬᠢ ᠬᠦᠮᠥᠰ ᠨᠢ ᠵᠤᠷᠢᠬᠵᠢᠭᠤᠯᠬᠤ ᠦᠬᠡᠢ᠂ ᠪᠠᠰᠠ ᠳᠤᠷᠰᠢᠯᠭ᠎ᠠ ᠳᠤᠳᠠᠮᠠᠭ᠃ ᠡᠳᠡᠭᠡᠷ ᠠᠰᠢᠭ ᠦᠬᠡᠢ ᠨᠦᠬᠦᠴᠡᠯ ᠨᠢ ᠳᠡᠬᠦᠨ ᠢ ᠵᠠᠷᠢᠮ ᠳᠤ ᠪᠠᠨ ᠪᠡᠶ᠎ᠡ ᠪᠠᠨ ᠰᠡᠵᠢᠭᠯᠡᠬᠦ ᠬᠡᠮᠵᠢᠶᠡᠨ ᠳᠤ ᠬᠦᠷᠭᠡᠵᠤ᠂ ᠲᠦᠭᠡᠷᠢᠭᠰᠡᠨ ᠭᠠᠯᠠᠭᠤ ᠮᠡᠳᠥ ᠵᠠᠮ ᠢᠶᠠᠨ ᠤᠯᠬᠤ ᠦᠬᠡᠢ ᠪᠤᠬᠢᠨᠢᠳᠤᠵᠤ ᠪᠠᠶᠢᠭᠰᠠᠨ ᠦᠶᠡᠰ ᠬᠠᠮᠳᠥ ᠰᠤᠷᠤᠯᠭᠠᠳᠠᠳ ᠨᠢ ᠳᠡᠬᠦᠨ ᠳᠤ ᠵᠤᠷᠢᠬᠵᠢᠭᠤᠯᠤᠯ ᠦᠭᠴᠤ᠂ ᠳᠡᠷᠡ 2013 ᠤᠨ ᠳᠤ 5000 ᠲᠦᠬᠦᠷᠢᠭ ᠤᠨ ᠬᠠᠳᠠᠭᠠᠯᠠᠮᠵᠢ ᠪᠠᠨ ᠭᠠᠷᠭᠠᠨ ᠥᠢᠯᠡᠰ ᠪᠤᠰᠬᠠᠬᠤ ᠰᠠᠭᠤᠷᠢ ᠮᠦᠡᠭᠬᠦ ᠪᠤᠯᠭᠠᠵᠤ᠂ ᠲᠡᠬᠦᠨ ᠢᠶᠠᠷ ᠢᠶᠠᠨ 800 ᠳᠡᠭᠰᠢ ᠲᠦᠷᠪᠡᠯᠵᠢᠨ ᠮᠧᠳ᠋ᠷ ᠳᠠᠯᠠᠪᠠᠢ ᠲᠠᠢ 2 ᠳᠤᠯᠠᠭᠠᠨ ᠬᠦᠯᠠᠮᠵᠢ ᠲᠦᠷᠢᠶᠡᠰᠥᠯᠡᠨ ᠠᠪᠴᠥ ᠢᠳᠡᠰᠢᠨ ᠮᠦᠬᠦ ᠳᠠᠷᠢᠭᠠᠳ ᠦᠢᠯᠡᠰ ᠤᠨ ᠵᠠᠮ ᠢᠶᠠᠨ ᠡᠬᠢᠯᠡᠭᠦᠯᠦᠭᠰᠡᠨ ᠪᠠᠶᠢᠨ᠎ᠠ᠃ ᠶᠠᠮᠠᠷ ᠴᠥ ᠮᠡᠷᠭᠡᠵᠢᠯ ᠳᠤᠷᠰᠢᠯᠭ᠎ᠠ ᠭᠡᠵᠤ ᠦᠬᠡᠢ ᠲᠡᠷᠡ ᠴᠠᠩᠴᠦ᠋ᠨ ᠳᠤ ᠬᠡᠳᠥᠨᠳᠡ ᠤᠴᠢᠵᠤ ᠪᠤᠰᠤᠳ ᠤᠨ ᠳᠡᠷᠢᠬᠦᠨ ᠤ ᠮᠡᠷᠭᠡᠵᠢᠯ ᠢ ᠰᠤᠷᠤᠯᠴᠠᠨ᠂ ᠡᠳᠥᠷ ᠨᠢ ᠳᠤᠯᠠᠭᠠᠨ ᠬᠦᠯᠡᠮᠵᠢ ᠳᠤ ᠪᠠᠨ ᠶᠠᠭᠠᠷᠠᠪᠠᠯ ᠰᠦᠨᠢ ᠳᠤ ᠪᠠᠨ ᠨᠤᠮ ᠳᠡᠪᠳᠡᠷ ᠦᠵᠡᠵᠤ᠂ ᠰᠢᠨᠵᠢᠯᠡᠬᠦ ᠤᠬᠠᠭᠠᠨᠴᠢ ᠪᠠᠷ ᠳᠠᠷᠢᠵᠤ ᠤᠷᠭᠤᠭᠤᠯᠬᠤ ᠳᠤᠬᠠᠢ ᠮᠡᠳᠡᠯᠭᠡ ᠮᠡᠷᠭᠡᠵᠢᠯ ᠢ ᠰᠤᠷᠴᠥ ᠡᠵᠡᠮᠰᠢᠪᠡ᠃ ᠨᠠᠷᠢᠨ ᠨᠢᠮᠪᠠᠢ ᠠᠷᠠᠴᠢᠯᠠᠭᠰᠠᠨ ᠤ ᠳ᠋ᠦᠩ ᠳᠤ ᠳᠡᠭᠦᠨ ᠤ ᠳᠠᠷᠢᠭᠰᠠᠨ ᠢᠳᠡᠰᠢᠨ ᠮᠦᠬᠦ ᠶᠢᠨ ᠤᠷᠭᠤᠯᠳᠠ ᠨᠢ ᠮᠠᠰᠢ ᠰᠠᠶᠢᠨ ᠪᠠᠶᠢᠵᠤ᠂ ᠳᠤᠬᠠᠢ ᠶᠢᠨ ᠵᠢᠯ ᠳᠤ ᠪᠠᠨ 4 ᠲᠦᠮᠡᠨ ᠲᠦᠬᠦᠷᠢᠭ ᠤᠨ ᠤᠷᠤᠯᠭ᠎ᠠ ᠤᠯᠤᠬᠰᠠᠨ ᠪᠠᠶᠢᠨ᠎ᠠ᠃ ᠥᠢᠯᠡᠰ ᠪᠤᠰᠬᠠᠬᠤ ᠠᠩᠬᠠᠨ ᠤ ᠠᠯᠬᠤᠮ ᠢ ᠠᠮᠵᠢᠯᠳᠠ ᠲᠠᠢ ᠠᠯᠬᠤᠯᠠᠭᠰᠠᠨ ᠴᠢ ᠰᠢᠶᠤᠤ ᠵᠢᠩ ᠦᠪᠡᠷ ᠤᠨ ᠪᠡᠶ᠎ᠡ ᠳᠤ ᠪᠠᠨ ᠨᠡᠩ ᠢᠳᠡᠭᠡᠯ ᠲᠠᠢ ᠪᠤᠯᠵᠤ᠂ 2014 ᠤᠨ ᠳᠤ ᠳᠡᠷᠡ ᠳᠠᠬᠢᠨ 4 ᠳᠤᠯᠠᠭᠠᠨ ᠬᠦᠯᠡᠮᠵᠢ ᠲᠦᠷᠢᠶᠡᠰᠥᠯᠡᠨ ᠬᠦᠵᠡᠯᠵᠡᠭᠡᠨ᠎ᠡ ᠳᠠᠷᠢᠵᠠᠢ᠂ ᠮᠦᠨ ᠲᠤᠰ ᠵᠢᠯ ᠤᠨ 5 ᠰᠠᠷ᠎ᠠ ᠳᠤ ᠨᠢ 4 ᠤᠶᠤᠳᠠᠨ ᠲᠠᠢ ᠬᠠᠮᠳᠥᠷᠠᠵᠤ ︽ᠵᠠᠨ ᠢ ᠳᠠᠷᠢᠶᠠᠴᠢᠳ ᠤᠨ ᠲᠤᠰᠬᠠᠢ ᠬᠤᠷᠰᠢᠶᠠᠵᠢᠯ︾ ᠢ ᠪᠠᠶᠢᠭᠤᠯᠥᠨ ᠬᠦᠵᠡᠯᠵᠡᠭᠡᠨ᠎ᠡ ᠪᠠ ᠢᠳᠡᠰᠢᠨ ᠨᠤᠭᠤᠭ᠎ᠠ ᠳᠠᠷᠢᠪᠠ᠃ ᠲᠤᠰ ᠵᠢᠯ ᠤᠨ ᠡᠴᠥᠰ ᠢᠶᠠᠷ᠂ ᠳᠡᠷᠡ ᠮᠦᠨ ᠡᠯᠧᠺᠳ᠋ᠷᠥᠨ ᠬᠤᠳᠠᠯᠳᠤᠭᠠᠨ ᠤ ᠳᠠᠪᠴᠠᠩ ᠡᠷᠬᠢᠯᠡᠨ᠂ ᠤᠢᠢᠷ᠎ᠠ ᠬᠠᠪᠢ ᠶᠢᠨ ᠠᠶᠢᠯ ᠲᠤᠰᠬᠤᠨ ᠪᠠ ᠤᠯᠠᠭᠠᠨᠬᠤᠳᠠ ᠤᠷᠤᠨ ᠳᠤ ᠪᠠᠷᠠᠭ᠎ᠠ ᠬᠦᠷᠭᠡᠵᠦ ᠡᠬᠢᠯᠡᠵᠡᠢ᠃    ︽ᠮᠠᠷᠭᠠᠰᠢ ᠦᠳᠡ ᠶᠢᠨ ᠬᠤᠶᠢᠨᠠᠬᠢ ᠭᠤᠷᠪᠠᠨ ᠴᠠᠭ ᠠᠴᠠ ᠡᠮᠥᠨ᠎ᠡ ᠮᠠᠨ ᠳᠤ 100 ᠳᠠᠬᠢᠶᠠᠨ ᠦᠨᠳᠡᠭᠡ᠂ 30 ᠵᠢᠩ ᠲᠦᠪᠡᠳ ᠬᠠᠰᠢ ᠪᠠ 10 ᠵᠢᠩ ᠪᠤᠷᠴᠠᠭ ᠬᠦᠷᠭᠡᠭᠡᠳ ᠦᠭᠬᠦᠨ᠎ᠡ ᠤᠤ︖︾ ᠭᠡᠮᠡᠨ ᠴᠢ ᠰᠢᠶᠥᠥ ᠵᠢᠩ ᠤᠨ ᠭᠠᠷ ᠤᠳᠠᠰᠥᠨ ᠸᠢᠴᠠᠲ ᠳᠡᠭᠡᠷ᠎ᠡ ᠴᠢᠮᠡᠭᠡ ᠢᠷᠡᠬᠦᠯᠪᠡ᠃ ᠴᠢ ᠰᠢᠶᠥᠥ ᠵᠢᠩ ᠴᠢᠮᠡᠭᠡ ᠶᠢ ᠳᠠᠷᠦ᠋ᠢᠬᠠᠨ ᠫᠢᠩ ᠠᠨ ᠲᠤᠰᠬᠤᠨ ᠤ ᠪᠠᠨ ᠡᠯᠧᠺᠳ᠋ᠷᠥᠨ ᠬᠤᠳᠠᠯᠳᠤᠭᠠᠨ ᠤ ᠳᠠᠪᠴᠠᠩ ᠳᠤ ᠪᠠᠨ ᠲᠠᠮᠵᠢᠭᠤᠯᠵᠤ᠂ ᠬᠤᠶᠠᠷ ᠮᠢᠨᠦ᠋ᠲ ᠪᠤᠯᠤᠭᠰᠠᠨ ᠦᠬᠡᠢ ᠳᠡᠬᠦᠨ ᠤ ᠸᠢᠴᠠᠲ ᠳᠡᠭᠡᠷ᠎ᠡ ᠨᠢ ᠬᠡᠳᠥᠨ ᠡᠷᠥᠭᠡ ᠴᠢᠮᠡᠭᠡ ᠢᠷᠡᠬᠦᠯᠵᠤ᠂ ︽ᠪᠠᠷᠠᠭ᠎ᠠ ᠶᠢ ᠨᠢ ᠪᠡᠯᠡᠳᠭᠡᠵᠤ ᠠᠮᠵᠢᠯ᠎ᠠ᠂ ᠤᠳᠠᠯ ᠦᠬᠡᠢ ᠬᠦᠷᠭᠡᠵᠤ ᠢᠷᠡᠶ᠎ᠡ︾ ᠭᠡᠨ᠎ᠡ᠃ ︽ᠡᠯᠧᠺᠳ᠋ᠷᠥᠨ ᠬᠤᠳᠠᠯᠳᠤᠭᠠᠨ ᠤ ᠳᠠᠪᠴᠠᠩ ᠢ ᠪᠠᠶᠢᠭᠤᠯᠤᠭᠰᠠᠨ ᠠᠴᠠ ᠮᠠᠨ ᠤ ᠲᠤᠰᠬᠤᠨ ᠤ ᠳᠠᠷᠢᠶᠠᠴᠢᠳ ᠪᠦᠷ ᠰᠦᠯᠵᠢᠶᠡᠨ ᠳᠡᠭᠡᠷ᠎ᠡ ᠥᠢᠯᠡᠳᠬᠦᠨ ᠪᠤᠷᠤᠯᠠᠭᠤᠯᠬᠤ ᠶᠢ ᠮᠡᠳᠡᠭᠰᠡᠨ᠂ ᠬᠠᠮᠤᠭ ᠨᠠᠭᠠᠳᠥ ᠵᠠᠬ᠎ᠠ ᠨᠢ ᠸᠢᠴᠠᠲ ᠳᠡᠭᠡᠷ᠎ᠠ ᠪᠠᠷᠠᠭ᠎ᠠ ᠬᠤᠳᠠᠯᠳᠤᠵᠤ ᠴᠢᠳᠠᠬᠤ ᠪᠤᠯᠤᠭᠰᠠᠨ᠃ ᠪᠢᠳᠡ ᠤᠳᠥ ᠢᠳᠡᠰᠢᠨ ᠨᠤᠭᠤᠭ᠎ᠠ᠂ ᠳᠠᠬᠢᠶᠠᠨ ᠦᠨᠳᠡᠭᠡ ᠪᠠ ᠬᠠᠳᠠᠭᠠᠭᠰᠠᠨ ᠪᠤᠷᠴᠠᠭ ᠵᠡᠷᠭᠡ ᠪᠠᠨ ᠪᠤᠭᠤᠳᠠᠯᠯᠠᠨ ᠪᠠᠭᠯᠠᠵᠤ ᠬᠤᠳᠠᠯᠳᠤᠬᠤ ᠪᠤᠯᠵᠠᠢ᠂ ᠮᠠᠨ ᠤ ᠪᠠᠷᠠᠭ᠎ᠠ ᠬᠤᠯᠠ ᠤᠢᠢᠷ᠎ᠠ ᠶᠢᠨ ᠬᠡᠷᠡᠭᠯᠡᠭᠴᠢᠳ ᠤᠨ ᠬᠦᠷᠢᠶᠡᠯᠡᠯ ᠢ ᠤᠯᠤᠭᠰᠠᠨ︾ ᠭᠡᠵᠤ ᠴᠢ ᠰᠢᠶᠥᠥ ᠵᠢᠩ ᠪᠢᠳᠡᠨ ᠳᠤ ᠪᠠᠶᠢᠳᠠᠯ ᠲᠠᠨᠢᠯᠴᠠᠭᠤᠯᠥᠨ᠎ᠠ᠃    2015 ᠤᠨ ᠤ 6 ᠰᠠᠷ᠎ᠠ ᠳᠤ ᠴᠢ ᠰᠢᠶᠥᠥ ᠵᠢᠩ ︽ᠵᠠᠨ ᠢ ᠳᠠᠷᠢᠶᠠᠯᠠᠩ ᠤᠨ ᠳᠠᠯᠠᠪᠠᠢ︾ ᠭᠡᠮᠡᠬᠦ ᠨᠡᠷᠡᠳᠥ ᠳᠡᠮᠳᠡᠭ ᠢᠶᠠᠨ ᠳᠠᠩᠰᠠᠯᠠᠭᠤᠯᠵᠤ᠂ ᠲᠤᠰᠬᠠᠢ ᠬᠤᠷᠰᠢᠶᠠᠵᠢᠯ ᠲᠠᠢ ᠪᠠᠨ ᠤᠶᠠᠯᠳᠤᠭᠤᠯᠥᠨ ᠰᠡᠯᠡᠬᠦᠴᠡᠯ ᠵᠤᠭᠠᠴᠠᠯ᠂ ᠳᠠᠷᠢᠵᠤ ᠤᠷᠭᠤᠭᠤᠯᠬᠤ᠂ ᠬᠤᠭᠤᠯᠠ ᠪᠤᠳᠠᠭ᠎ᠠ ᠬᠢᠬᠦ᠂ ᠨᠠᠭᠠᠳᠴᠥ ᠴᠡᠩᠭᠡᠬᠦ ᠵᠡᠷᠭᠡ ᠶᠢ ᠤᠶᠠᠯᠳᠤᠭᠤᠯᠤᠭᠰᠠᠨ ᠠᠵᠤ ᠠᠬᠤᠢ ᠶᠢᠨ ᠬᠦᠭᠵᠢᠯᠳᠡ ᠶᠢᠨ ᠬᠡᠯᠪᠡᠷᠢ ᠶᠢ ᠬᠡᠷᠡᠭᠵᠢᠬᠦᠯᠵᠡᠢ᠃ ᠬᠤᠳᠠ ᠶᠢᠨ ᠬᠦᠮᠥᠰ ᠬᠡᠥᠭᠡᠳ ᠢᠶᠠᠨ ᠳᠠᠭᠠᠭᠤᠯᠥᠨ ᠳᠠᠷᠢᠶᠠᠯᠠᠩ ᠤᠨ ᠳᠠᠯᠠᠪᠠᠢ ᠳᠤ ᠨᠢ ᠵᠢᠮᠢᠰ ᠨᠤᠭᠤᠭ᠎ᠠ ᠳᠡᠬᠦᠵᠤ ᠦᠪᠡᠰᠥᠪᠡᠨ ᠬᠤᠭᠤᠯᠠ ᠪᠤᠳᠠᠭ᠎ᠠ ᠪᠡᠯᠡᠳᠭᠡᠨ ᠢᠳᠡᠵᠤ ᠪᠤᠯᠤᠨ᠎ᠠ᠃ ᠡᠨᠡ ᠨᠢ ᠬᠤᠳᠠ ᠶᠢᠨ ᠬᠡᠥᠭᠡᠳ ᠲᠤ ᠬᠦᠳᠡᠭᠡ ᠶᠢᠨ ᠠᠮᠢᠳᠤᠷᠠᠯ ᠢ ᠡᠳ᠋ᠯᠡᠬᠦ ᠬᠠᠮᠤᠭ ᠰᠠᠶᠢᠬᠠᠨ ᠳᠤᠬᠢᠶᠠᠯ ᠤᠯᠭᠤᠭᠰᠠᠨ ᠪᠦᠭᠡᠳ ᠬᠡᠥᠭᠡᠳ ᠪᠤᠯᠤᠨ ᠭᠡᠷ ᠤᠨ ᠠᠬᠠᠮᠠᠳ ᠬᠠᠮᠳᠥᠪᠠᠷ ᠤᠷᠤᠯᠴᠠᠨ ᠬᠤᠭᠤᠯᠠ ᠬᠢᠬᠦ ᠶᠢᠨ ᠪᠠᠶᠠᠰᠤᠯ ᠢ ᠡᠳ᠋ᠯᠡᠨ᠎ᠡ᠃ ︽ᠵᠠᠨ ᠢ ᠳᠠᠷᠢᠶᠠᠯᠠᠩ ᠤᠨ ᠳᠠᠯᠠᠪᠠᠢ︾ ᠪᠠᠶᠢᠭᠤᠯᠤᠭᠳᠠᠭᠰᠠᠨ ᠠᠴᠠ ᠨᠠᠭᠠᠰᠢ᠂ ᠵᠢᠯ ᠪᠦᠷᠢ 6000 ᠭᠠᠷᠤᠢ ᠵᠤᠭᠠᠴᠠᠭᠴᠢ ᠡ᠊ᠨᠳᠡ ᠢᠷᠡᠵᠤ ᠰᠡᠯᠡᠬᠦᠴᠡᠯ ᠵᠤᠭᠠᠴᠠᠯ ᠤᠨ ᠠᠮᠢᠳᠤᠷᠠᠯ ᠢ ᠡᠳ᠋ᠯᠡᠬᠦ ᠪᠤᠯᠵᠤ᠂ ᠳᠤᠰᠬᠠᠢ ᠬᠤᠷᠰᠢᠶᠠᠵᠢᠯ ᠤᠨ ᠦᠷ᠎ᠡ ᠠᠰᠢᠭ ᠢ ᠶᠡᠭᠡᠪᠠᠷ ᠨᠡᠮᠡᠭᠳᠡᠬᠦᠯᠵᠤ ᠪᠤᠢ᠃    2016 ᠤᠨ ᠤ 8 ᠰᠠᠷ᠎ᠠ ᠶᠢᠨ ᠨᠢᠭᠡᠨ ᠡᠳᠥᠷ᠂ ︽ᠵᠠᠨ ᠢ ᠳᠤᠰᠬᠠᠢ ᠬᠤᠷᠰᠢᠶᠠᠵᠢᠯ︾ ᠤᠨ ᠡᠬᠦᠳᠡᠨ ᠡᠮᠥᠨ᠎ᠡ ︽ᠬᠤᠳᠠᠨ ᠳᠤᠳᠤᠷ᠎ᠠ ᠪᠠᠷᠠᠭ᠎ᠠ ᠬᠦᠷᠭᠡᠬᠦ︾ ᠭᠡᠮᠡᠬᠦ ᠬᠡᠳᠥᠨ ᠳᠤᠮᠤ ᠦᠰᠥᠭ ᠪᠠ ᠵᠠᠨ ᠢ ᠳᠠᠷᠢᠶᠠᠴᠢᠳ ᠤᠨ ᠳᠤᠰᠬᠠᠢ ᠬᠤᠷᠰᠢᠶᠠᠵᠢᠯ ᠤᠨ ᠳᠡᠮᠳᠡᠭ ᠲᠠᠢ ᠨᠤᠭᠤᠭᠠᠨ ᠦᠡᠭᠭᠡ ᠪᠠᠷ ᠪᠤᠳᠤᠭᠯᠠᠭᠰᠠᠨ ᠴᠣ ᠰᠢᠨ᠎ᠠ ᠲᠦᠷᠪᠡᠨ ᠬᠦᠷᠳᠥᠳᠥ ᠴᠠᠬᠢᠯᠭᠠᠨ ᠬᠦᠳᠡᠯᠭᠡᠬᠦᠷᠳᠥ ᠳᠡᠷᠭᠡ ᠶᠢ 6 ᠬᠦᠷᠭᠡᠵᠤ ᠢᠷᠡᠯ᠎ᠡ᠃ ᠡ᠊ᠨᠡ ᠨᠢ ᠬᠤᠰᠢᠭᠤᠨ ᠤ ᠬᠤᠳᠠᠯᠳᠤᠭᠠᠨ ᠤ ᠶᠠᠪᠤᠳᠠᠯ ᠤᠨ ᠲᠤᠪᠴᠢᠶ᠎ᠠ ᠠᠴᠠ ᠴᠢ ᠰᠢᠶᠥᠥ ᠵᠢᠩ ᠳᠤ ᠵᠤᠷᠢᠬᠵᠢᠭᠤᠯᠤᠯ ᠪᠤᠯᠭᠠᠨ ᠬᠦᠷᠭᠡᠭᠰᠡᠨ ︽ᠪᠡᠯᠡᠭ︾ ᠪᠤᠯᠤᠨ᠎ᠠ᠃ ᠳᠡᠬᠦᠨ ᠠᠴᠠ ᠬᠤᠶᠢᠰᠢ ᠤᠢᠢᠷ᠎ᠠ ᠬᠠᠪᠢ ᠶᠢᠨ ᠠᠶᠢᠯ ᠲᠤᠰᠬᠤᠨ ᠪᠠ ᠬᠤᠳᠠ ᠳᠤ ᠪᠠᠷᠠᠭ᠎ᠠ ᠬᠦᠷᠭᠡᠬᠦ ᠳᠤ ᠡ᠊ᠨᠡᠬᠦ ᠳᠡᠷᠭᠡ ᠶᠢ ᠬᠡᠷᠡᠭᠯᠡᠬᠦ ᠪᠤᠯᠵᠤ᠂ ᠬᠦᠮᠥᠰ ᠦᠵᠡᠭᠰᠡᠭᠡᠷ ᠡ᠊ᠨᠡ ᠪᠤᠯ ᠤᠶᠤᠳᠠᠨ ᠴᠢ ᠰᠢᠶᠥᠥ ᠵᠢᠩ ᠤᠨ ᠲᠤᠰᠬᠠᠢ ᠬᠤᠷᠰᠢᠶᠠᠵᠢᠯ ᠤᠨ ᠪᠠᠷᠠᠭ᠎ᠠ ᠬᠦᠷᠭᠡᠬᠦ ᠳᠡᠷᠭᠡ ᠭᠡᠵᠤ ᠮᠡᠳᠡᠬᠦ ᠪᠤᠯᠤᠭᠰᠠᠨ ᠶᠤᠮ᠃    ᠶᠠᠳᠠᠭᠤ ᠠᠴᠠ ᠠᠩᠬᠢᠵᠢᠷᠠᠭᠤᠯᠬᠤ ᠪᠤᠭᠤᠮᠳᠠ ᠰᠢᠪᠳᠤᠯᠬᠤ ᠳᠠᠶᠢᠯᠠᠯᠳᠤᠭᠠᠨ ᠤ ︽ᠰᠢᠳᠥᠷᠭᠤ ᠪᠠᠶᠢᠯᠳᠤᠭᠴᠢ︾    ᠴᠢ ᠰᠢᠶᠥᠥ ᠵᠢᠩ ᠤᠳᠤ ᠦᠪᠠᠷᠳᠡᠭᠡᠨ ᠵᠠᠰᠠᠬᠤ ᠤᠷᠤᠨ ᠤ ᠠᠷᠪᠠᠳᠤᠭᠠᠷ ᠤᠳᠠᠭᠠᠨ ᠤ ᠨᠠᠮ ᠤᠨ ᠲᠦᠯᠥᠭᠡᠯᠡᠭᠴᠢᠳ ᠤᠨ ᠶᠡᠭᠡ ᠬᠤᠷᠠᠯ ᠤᠨ ᠲᠦᠯᠥᠭᠡᠯᠡᠭᠴᠢ᠂ ᠡᠪ ᠬᠠᠮᠳᠥ ᠵᠠᠯᠠᠭᠤᠴᠤᠳ ᠤᠨ ᠡᠪᠯᠡᠯ ᠤᠨ ᠠᠷᠪᠠᠨ ᠨᠠᠢᠮᠠᠳᠤᠭᠠᠷ ᠶᠡᠭᠡ ᠬᠤᠷᠠᠯ ᠤᠨ ᠲᠦᠯᠥᠭᠡᠯᠡᠭᠴᠢ᠂ ᠬᠤᠷᠴᠢᠨ ᠪᠠᠷᠠᠭᠤᠨ ᠭᠠᠷᠤᠨ ᠡᠮᠥᠨᠡᠳᠥ ᠬᠤᠰᠢᠭᠤᠨ ᠤ ᠡᠪᠯᠡᠯ ᠤᠨ ᠬᠤᠷᠢᠶ᠎ᠠ ᠶᠢᠨ ᠳᠤᠰᠢᠶᠠᠯ ᠬᠠᠪᠰᠤᠷᠭᠠᠭᠰᠠᠨ ᠳᠡᠳ᠋ ᠱᠦᠵᠢ᠂ ᠬᠦᠳᠡᠭᠡ ᠲᠤᠰᠬᠤᠨ ᠤ ᠴᠢᠳᠠᠪᠤᠷᠢᠳᠡᠨ ᠬᠦᠮᠥᠵᠢᠬᠦᠯᠬᠦ ᠲᠦᠪ ᠤᠨ ᠡᠷᠬᠢᠯᠡᠭᠴᠢ ᠵᠡᠷᠭᠡ ᠳᠤᠰᠢᠶᠠᠯ ᠢ ᠬᠠᠷᠢᠭᠤᠴᠠᠵᠤ ᠪᠠᠶᠢᠬᠤ ᠪᠦᠭᠡᠳ ᠤᠷᠢᠳ ᠬᠤᠵᠢᠳ ᠪᠦᠬᠦ ᠤᠷᠤᠨ ᠤ ︽ᠲᠦᠮᠡᠨ ᠨᠡᠷᠡᠰ ᠠᠷᠠᠳ ᠤᠨ ᠲᠦᠯᠥᠭᠡᠯᠡᠭᠴᠢᠳ ᠤᠨ ᠶᠡᠭᠡ ᠬᠤᠷᠠᠯ ᠤᠨ ᠲᠦᠯᠥᠭᠡᠯᠡᠭᠴᠢ ᠤᠨᠢᠨ ᠳᠡᠭᠡᠷ᠎ᠡ ᠨᠢ ᠶᠠᠳᠠᠭᠤ ᠶᠢ ᠳᠡᠳᠬᠦᠬᠦ ᠳᠡᠷᠢᠬᠦᠨ ᠤ ᠬᠤᠪᠢ ᠬᠦᠮᠥᠨ︾᠂ ᠪᠦᠬᠦ ᠤᠯᠤᠰ ᠤᠨ ᠬᠦᠳᠡᠭᠡ ᠲᠤᠰᠬᠤᠨ ᠤ ᠵᠠᠯᠠᠭᠤ ᠪᠠᠶᠠᠵᠢᠯ ᠤᠨ ᠳᠠᠭᠠᠭᠤᠯᠤᠭᠴᠢ᠂ ᠲᠦᠪ ᠤᠨ ᠤᠬᠠᠭᠤᠯᠬᠤ ᠬᠡᠯᠳᠡᠰ ᠠᠴᠠ ᠤᠯᠭᠤᠭᠰᠠᠨ ︽ᠬᠠᠮᠤᠭ ᠭᠤᠶᠤ ᠦᠨᠳᠥᠰᠥᠨ ᠱᠠᠳᠥᠨ ᠤ ᠤᠶᠤᠳᠠᠨ︾ ᠵᠡᠷᠭᠡ ᠬᠦᠨᠳᠥ ᠶᠢᠨ ᠵᠢᠩ ᠲᠠᠢ ᠳᠠᠭᠠᠭᠠᠵᠤ ᠶᠠᠳᠠᠮ᠎ᠠ ᠢᠷᠠᠭᠤ ᠠᠯᠳᠠᠷ ᠤᠳ ᠨᠢ ᠡ᠊ᠨᠡᠬᠦ ᠵᠠᠯᠠᠭᠤ ᠪᠠᠶᠠᠵᠢᠯ ᠤᠨ ᠳᠠᠭᠠᠭᠤᠯᠤᠭᠴᠢ ᠶᠢᠨ ᠬᠦᠯᠥᠰᠥᠨ ᠳᠤ ᠤᠮᠳᠠᠯᠠᠭᠳᠠᠭᠰᠠᠨ ᠬᠦᠳᠡᠯᠮᠥᠷᠢ ᠶᠢᠨ ᠦᠷ᠎ᠡ ᠵᠢᠮᠢᠰ ᠭᠡᠯᠳᠡᠢ᠃    ︽ᠬᠦᠴᠢᠷᠳᠡᠢ ᠭᠡᠷ ᠤᠨ ᠬᠡᠥᠭᠡᠳ ᠡᠷᠳᠡ ᠳᠤᠮᠤᠭᠠᠵᠢᠨ᠎ᠠ︾ ᠭᠡᠳᠡᠭ ᠢᠶᠠᠷ᠂ ᠴᠢ ᠰᠢᠶᠥᠥ ᠵᠢᠩ ᠬᠠᠷᠠᠬᠠᠨ ᠪᠠᠭ᠎ᠠ ᠠᠴᠠ ᠪᠠᠨ ᠬᠠᠳᠠᠭᠤ ᠪᠡᠷᠭᠡ ᠲᠠᠢ ᠤᠷᠴᠢᠨ ᠳᠤ ᠦᠰᠥᠭᠰᠡᠨ ᠲᠤᠯᠠ ᠵᠤᠯ ᠵᠢᠷᠭᠠᠯ ᠪᠤᠯ ᠬᠦᠴᠥ ᠬᠦᠳᠡᠯᠮᠥᠷᠢ ᠪᠠᠷ ᠢᠶᠠᠨ ᠳᠡᠮᠡᠴᠡᠵᠤ ᠤᠯᠳᠠᠭ ᠬᠡᠳᠡᠭ ᠢ ᠨᠡᠩ ᠳᠤᠳᠤᠷᠬᠠᠢ ᠮᠡᠳᠡᠨ᠎ᠠ᠃ ︽ᠵᠠᠨ ᠢ ᠳᠠᠷᠢᠶᠠᠯᠠᠩ ᠤᠨ ᠳᠠᠯᠠᠪᠠᠢ︾ ᠶᠢ ᠪᠠᠶᠢᠭᠤᠯᠤᠭᠰᠠᠨ ᠠᠴᠠ ᠰᠡᠬᠦᠯᠡᠷ ᠳᠡᠷᠡ ᠲᠤᠰᠬᠤᠨ ᠤ ᠪᠠᠨ ᠠᠷᠠᠳ ᠢ ᠪᠠᠶᠠᠵᠢᠯ ᠤᠨ ᠵᠠᠮ ᠢᠶᠠᠷ ᠳᠠᠭᠠᠭᠤᠯᠬᠤ ᠪᠠᠷ ᠴᠢᠷᠮᠠᠶᠢᠵᠠᠢ᠃ ᠳᠡᠷᠡ ᠳᠠᠷᠢᠶᠠᠴᠢᠳ ᠡᠪᠤᠯ ᠤᠨ ᠰᠡᠯᠡᠬᠦᠥ ᠴᠠᠭ ᠢᠶᠠᠷ ᠢᠶᠠᠨ ᠠᠶᠢᠯ ᠰᠠᠭᠠᠬᠠᠯᠳᠠ ᠪᠠᠷ ᠢᠶᠠᠨ ᠳᠤᠭᠤᠷᠢᠨ ᠮᠠᠵᠢᠶᠠᠩ ᠫᠠᠢ ᠨᠠᠭᠠᠳᠬᠤ ᠪᠤᠶᠤ ᠬᠢᠳᠠᠯ ᠦᠬᠡᠢ ᠨᠠᠭᠠᠰᠢ ᠴᠠᠭᠠᠰᠢ ᠵᠤᠭᠤᠭ ᠳᠡᠯᠭᠡᠵᠤ ᠶᠠᠪᠤᠬᠤ ᠶᠢ ᠨᠢ ᠦᠵᠡᠭᠡᠳ ᠦᠯᠡᠬᠦᠥ ᠬᠦᠳᠡᠯᠮᠥᠷᠢ ᠬᠦᠴᠦ ᠶᠢ ᠲᠦᠪᠯᠡᠷᠡᠬᠦᠯᠥᠨ ᠠᠰᠢᠭ ᠡᠬᠦᠳᠬᠦ ᠪᠠᠷ ᠠᠷᠭ᠎ᠠ ᠪᠤᠳᠤᠯᠬᠢᠯᠠᠵᠤ᠂ ︽ᠳᠠᠷᠢᠶᠠᠴᠢᠨ ᠠᠶᠢᠯ ᠤᠨ ᠠᠮᠳᠠᠳᠥ ᠢᠳᠡᠭᠡᠨ︾ ᠬᠡᠮᠡᠬᠦ ᠬᠠᠶᠢᠷᠴᠠᠭᠳᠥ ᠪᠡᠯᠡᠭ ᠵᠤᠬᠢᠶᠠᠬᠤ ᠪᠤᠳᠤᠯ ᠤᠷᠤᠵᠤ᠂ ᠤᠢᠢᠷ᠎ᠠ ᠬᠠᠪᠢ ᠶᠢᠨ ᠢᠶᠠᠨ ᠶᠠᠳᠠᠭᠤ ᠡᠷᠥᠭᠡ ᠶᠢ ᠤᠷᠢᠳᠠᠪᠠᠷ ᠵᠤᠬᠢᠶᠠᠨ ᠪᠠᠶᠢᠭᠤᠯᠥᠨ᠂ ᠳᠡᠳᠡᠨ ᠤ ᠳᠠᠪᠠᠭᠤᠯᠢᠭ ᠢ ᠨᠢ ᠠᠰᠢᠭᠯᠠᠨ ᠪᠤᠷᠴᠠᠭᠳᠥ ᠪᠤᠤᠪᠤ᠂ ᠬᠠᠳᠠᠭᠠᠭᠰᠠᠨ ᠪᠤᠷᠴᠠᠭ ᠪᠠ ᠳᠠᠬᠢᠶᠠᠨ ᠦᠨᠳᠡᠭᠡ ᠵᠡᠷᠭᠡ ᠶᠢ ᠨᠢᠭᠡᠳᠥᠯᠳᠡᠢ ᠬᠤᠷᠢᠶᠠᠵᠤ ᠠᠪᠤᠨ ᠪᠡᠯᠡᠭ ᠤᠨ ᠬᠠᠶᠢᠷᠴᠠᠭ ᠲᠤ ᠬᠠᠶᠢᠷᠴᠠᠬᠯᠠᠵᠤ ᠨᠢᠭᠡᠳᠥᠯᠳᠡᠢ ᠵᠠᠬ᠎ᠠ ᠳᠡᠯᠭᠡᠬᠦᠷ ᠲᠤ ᠪᠤᠷᠤᠯᠠᠭᠤᠯᠤᠭᠠᠳ᠂ ᠳᠠᠷᠢᠶᠠᠴᠢᠨ ᠡᠷᠥᠭᠡ ᠪᠦᠷᠢ 2000 ᠭᠠᠷᠤᠢ ᠲᠦᠬᠦᠷᠢᠭ ᠤᠨ ᠤᠷᠤᠯᠭ᠎ᠠ ᠤᠯᠤᠬᠰᠠᠨ ᠪᠠᠶᠢᠨ᠎ᠠ᠃ ᠡ᠊ᠨᠡ ᠬᠤᠶᠠᠷ ᠵᠢᠯ ᠳᠤ᠂ ᠴᠢ ᠰᠢᠶᠥᠥ ᠵᠢᠩ ︽ᠡᠯᠧᠺᠳ᠋ᠷᠥᠨ ᠬᠤᠳᠠᠯᠳᠤᠭᠠᠨ ᠤ ᠥᠢᠯᠡᠴᠢᠯᠡᠭᠡᠨ ᠤ ᠦᠷᠳᠡᠭᠡ︾ ᠶᠢ ᠪᠠᠶᠢᠭᠤᠯᠤᠭᠰᠠᠨ ᠵᠤᠷᠢᠯᠭ᠎ᠠ ᠨᠢ ᠳᠠᠷᠤᠢ ᠳᠠᠷᠢᠶᠠᠴᠢᠳ ᠢ ᠬᠠᠪᠰᠥᠷᠥᠨ ᠬᠦᠳᠡᠭᠡ ᠶᠢᠨ ᠭᠠᠭ᠋ᠠᠢ ᠶᠢᠨ ᠮᠢᠬ᠎ᠠ᠂ ᠳᠠᠬᠢᠶᠠᠨ ᠦᠨᠳᠡᠭᠡ᠂ ᠴᠤᠬᠤ ᠬᠠᠷ᠎ᠠ ᠳᠠᠬᠢᠶ᠎ᠠ ᠪᠠ ᠡᠯᠳᠡᠪ ᠵᠥᠢᠯ ᠤᠨ ᠢᠳᠡᠰᠢᠨ ᠨᠤᠭᠤᠭ᠎ᠠ ᠵᠡᠷᠭᠡ ᠶᠢ ᠪᠤᠷᠤᠯᠠᠭᠤᠯᠵᠤ᠂ ᠳᠠᠷᠢᠶᠠᠴᠢᠳ ᠲᠤ ᠤᠷᠤᠯᠭ᠎ᠠ ᠪᠠᠨ ᠨᠡᠮᠡᠭᠳᠡᠬᠦᠯᠬᠦ ᠰᠢᠨ᠎ᠠ ᠠᠷᠭ᠎ᠠ ᠵᠠᠮ ᠢ ᠨᠡᠭᠡᠭᠡᠵᠤ ᠦᠭᠪᠡ᠃ ︽ᠮᠠᠨ ᠤ ᠬᠢᠨ ᠨᠢᠳᠥᠨᠥᠨ ᠵᠢᠯ ᠠᠴᠠ ᠡᠬᠢᠯᠡᠨ ᠪᠡᠭᠡᠵᠢᠩ᠂ ᠱᠠᠩᠬᠠᠢ᠂ ᠹᠦᠵᠢᠶᠡᠨ ᠵᠡᠷᠭᠡ ᠭᠠᠵᠠᠷ ᠲᠤ ᠲᠦᠷᠭᠡᠨ ᠭᠤᠪᠢᠭᠤᠯᠭ᠎ᠠ ᠪᠠᠷ ᠪᠠᠷᠠᠭ᠎ᠠ ᠬᠦᠷᠭᠡᠬᠦ ᠪᠤᠯᠵᠠᠢ᠃ ᠤᠳᠥ ᠡᠳᠥᠷ ᠪᠦᠷᠢ ︿ᠱᠦᠨ ᠹᠧᠩ﹀ ᠳᠦᠷᠭᠡᠨ ᠭᠤᠪᠢᠭᠤᠯᠭ᠎ᠠ ᠪᠠᠷ ᠪᠡᠭᠡᠵᠢᠩ ᠤᠨ ᠬᠡᠳᠥᠨ ᠲᠤᠮᠤ ᠴᠢᠯᠥᠭᠡᠳᠥ ᠳᠡᠯᠭᠡᠬᠦᠷ ᠲᠤ ᠳᠠᠬᠢᠶᠠᠨ ᠦᠨᠳᠡᠭᠡ ᠬᠦᠷᠭᠡᠭᠡᠳ ᠶᠠᠪ ᠶᠠᠭᠠᠷᠠᠥ᠂ ᠵᠠᠷᠢᠮ ᠳᠤ ᠪᠠᠨ ᠳᠠᠷᠢᠶᠠᠴᠢᠳ ᠤᠨ ᠲᠡᠬᠢᠶᠡᠨ ᠦᠨᠳᠡᠭᠡ ᠨᠢ ᠬᠠᠨᠭ᠍ᠭᠠᠵᠤ ᠵᠠᠪᠳᠤᠬᠤ ᠦᠬᠡᠢ ᠪᠤᠯᠳᠠᠭ᠂ ᠮᠠᠨ ᠤ ᠳᠠᠬᠢᠶᠠᠨ ᠤ ᠨᠢᠭᠡ ᠦᠨᠳᠡᠭᠡ ᠳᠡᠨᠳᠡ ᠬᠦᠷᠪᠡᠯ ᠭᠤᠷᠪᠠᠨ ᠲᠦᠬᠦᠷᠢᠭ ᠬᠦᠷᠴᠦ ᠪᠠᠶᠢᠨ᠎ᠠ ᠰᠢᠥ᠃ 2019 ᠤᠨ ᠠᠴᠠ ᠡᠬᠢᠯᠡᠨ ᠪᠢᠳᠡ ᠲᠤᠤ ᠪᠤᠤ ᠰᠦᠯᠵᠢᠶ᠎ᠠ ᠶᠢᠨ ᠡᠵᠡᠩᠨᠡᠬᠦ ᠬᠡᠯᠪᠡᠷᠢ ᠪᠠᠨ ᠰᠢᠭᠤᠳ ᠨᠡᠪᠳᠡᠷᠡᠬᠦᠯᠭᠡ ᠪᠠᠷ ᠭᠤᠤᠯᠯᠠᠵᠤ᠂ ᠳᠠᠷᠢᠶᠠᠴᠢᠳ ᠳᠠᠷᠢᠭᠰᠠᠨ ᠨᠤᠭᠤᠭ᠎ᠠ ᠵᠢᠮᠢᠰ ᠢᠶᠠᠨ ᠬᠤᠳᠠᠯᠳᠤᠬᠤ ᠭᠠᠵᠠᠷ ᠦᠬᠡᠢ᠂ ᠬᠤᠳᠠᠯᠳᠤᠵᠤ ᠭᠠᠷᠬᠤ ᠦᠬᠡᠢ ᠠᠴᠠ ᠤᠭᠳᠥ ᠵᠤᠪᠠᠭ᠋ᠤ ᠦᠬᠡᠢ ᠪᠤᠯᠤᠭᠰᠠᠨ︾ ᠭᠡᠵᠤ ᠴᠢ ᠰᠢᠶᠥᠥ ᠵᠢᠩ ᠳᠠᠷᠢᠶᠠᠴᠢᠳ ᠤᠨ ᠢᠳᠡᠰᠢᠨ ᠨᠤᠭᠤᠭ᠎ᠠ ᠶᠢᠨ ᠪᠤᠷᠤᠯᠠᠭᠤᠯᠭ᠎ᠠ ᠶᠢᠨ ᠳᠤᠬᠠᠢ ᠲᠠᠨᠢᠯᠴᠠᠭᠤᠯᠥᠨ ᠬᠡᠯᠡᠨ᠎ᠡ᠃    ᠴᠢ ᠰᠢᠶᠥᠥ ᠵᠢᠩ ᠢ ᠶᠠᠳᠠᠭᠤ ᠠᠴᠠ ᠠᠩᠬᠢᠵᠢᠷᠠᠭᠤᠯᠬᠤ ᠪᠤᠭᠤᠮᠳᠠ ᠰᠢᠪᠳᠤᠯᠬᠤ ᠳᠠᠶᠢᠯᠠᠯᠳᠤᠭᠠᠨ ᠤ ︽ᠰᠢᠳᠥᠷᠭᠤ ᠪᠠᠶᠢᠯᠳᠤᠭᠴᠢ︾ ᠬᠡᠬᠦ ᠳᠤ ᠢᠯᠡᠬᠦᠳᠡᠬᠦ ᠦᠬᠡᠢ᠃ ᠵᠠᠨ ᠢ ᠲᠤᠰᠬᠠᠢ ᠬᠤᠷᠰᠢᠶᠠᠵᠢᠯ ᠢ ᠪᠠᠶᠢᠭᠤᠯᠤᠭᠰᠠᠨ ᠠᠴᠠ ᠰᠡᠬᠦᠯᠡᠷ ︽ᠶᠠᠳᠠᠭᠤ ᠡᠷᠥᠭᠡ ᠲᠠᠢ ᠬᠤᠤᠰᠯᠠᠯ ᠪᠠᠶᠢᠭᠤᠯᠬᠤ︾ ᠬᠡᠯᠪᠡᠷᠢ ᠪᠠᠷ ᠬᠠᠨᠳᠤᠯᠭᠠᠳᠥ ᠴᠢᠨᠠᠷ ᠲᠠᠢ ᠪᠠᠷ ᠬᠠᠪᠰᠥᠷᠥᠨ ᠳᠡᠳᠬᠦᠬᠦ ᠠᠷᠭ᠎ᠠ ᠪᠠᠷ 10 ᠭᠠᠷᠤᠢ ᠶᠠᠳᠠᠭᠤ ᠡᠷᠥᠭᠡ ᠶᠢ ᠬᠠᠪᠰᠥᠷᠥᠨ ᠶᠠᠳᠠᠭᠤ ᠠᠴᠠ ᠠᠩᠬᠢᠵᠢᠷᠠᠭᠤᠯᠪᠠ᠃ ᠲᠤᠰᠬᠠᠢ ᠬᠤᠷᠰᠢᠶᠠᠵᠢᠯ ᠨᠢ ᠤᠷᠢᠳ ᠬᠤᠵᠢᠳ 100 ᠭᠠᠷᠤᠢ ᠶᠠᠳᠠᠭᠤ ᠡᠷᠥᠭᠡ ᠲᠠᠢ ᠬᠤᠤᠰᠯᠠᠯ ᠪᠠᠶᠢᠭᠤᠯᠵᠤ᠂ ︽125 +︾ ᠬᠡᠯᠪᠡᠷᠢ ᠪᠠᠷ ᠬᠠᠪᠰᠥᠷᠥᠨ ᠳᠡᠳᠬᠦᠬᠦ ᠭᠤᠤᠯ ᠠᠷᠭ᠎ᠠ ᠪᠤᠯᠭᠠᠵᠠᠢ᠃ ᠰᠤᠷᠪᠤᠯᠵᠢᠯᠠᠭ᠎ᠠ ᠳᠤᠮᠳᠠ ᠴᠢ ᠰᠢᠶᠥᠥ ᠵᠢᠩ ᠮᠠᠨ ᠳᠤ ᠡ᠊ᠨᠡᠬᠦ ᠰᠢᠨᠡᠭᠡᠨ ᠡᠬᠦᠳᠥᠭᠰᠡᠨ ᠬᠠᠪᠰᠥᠷᠥᠨ ᠳᠡᠳᠬᠦᠬᠦ ᠰᠡᠳᠬᠢᠴᠡ ᠪᠠᠨ ᠰᠠᠶᠢᠳᠥᠷ ᠲᠠᠨᠢᠯᠴᠠᠭᠤᠯᠵᠤ ᠦᠭᠬᠦᠯ᠎ᠠ᠃ ᠳᠠᠷᠤᠢ ᠨᠠᠭᠠᠳᠥ ᠵᠠᠬ᠎ᠠ ᠶᠢᠨ ᠠᠮᠢᠳᠤᠷᠠᠯ ᠤᠨ ᠪᠠᠳᠤᠯᠠᠪᠤᠷᠢ ᠤᠯᠵᠤ ᠪᠠᠶᠢᠭ᠎ᠠ ᠶᠠᠳᠠᠭᠤ ᠡᠷᠥᠭᠡ ᠪᠦᠷᠢ ᠳᠤ ᠨᠢᠭᠡ ᠡᠮ᠎ᠡ ᠳᠠᠬᠢᠶ᠎ᠠ ᠦᠭᠴᠥ᠂ ᠶᠠᠳᠠᠭᠤ ᠡᠷᠥᠭᠡ 25 ᠳᠠᠬᠢᠶᠠᠨ ᠦᠨᠳᠡᠭᠡ ᠪᠠᠷ ᠢᠶᠠᠨ ᠡ᠊ᠨᠡ ᠡᠮ᠎ᠡ ᠳᠠᠬᠢᠶ᠎ᠠ ᠶᠢ ᠰᠤᠯᠢᠵᠤ ᠠᠪᠤᠨ᠎ᠠ᠂ ᠳᠠᠬᠢᠭᠠᠳ ᠰᠡᠬᠦᠯᠡᠷᠬᠢ ᠳᠠᠬᠢᠶᠠᠨ ᠦᠨᠳᠡᠭᠡ ᠶᠢ ᠨᠢ ᠳᠤᠰᠬᠠᠢ ᠬᠤᠷᠰᠢᠶᠠᠵᠢᠯ 1 ᠲᠦᠬᠦᠷᠢᠭ ᠤᠨ ᠦᠨ᠎ᠡ ᠪᠠᠷ ᠬᠤᠷᠢᠶᠠᠨ ᠬᠤᠳᠠᠯᠳᠤᠨ ᠠᠪᠴᠤ᠂ ᠬᠤᠳᠠᠯᠳᠤᠭᠰᠠᠨ ᠵᠤᠭᠤᠰ ᠢ ᠨᠢ ᠪᠦᠷ ᠶᠠᠳᠠᠭᠤ ᠡᠷᠥᠭᠡ ᠳᠤ ᠦᠭᠬᠦᠨ᠎ᠠ᠃ ︽ᠳᠠᠬᠢᠶ᠎ᠠ ᠵᠢᠭᠡᠯᠡᠵᠤ ᠳᠠᠬᠢᠶ᠎ᠠ ᠪᠤᠴᠠᠭᠠᠬᠤ︾ ᠭᠡᠳᠡᠭ ᠨᠢ ᠶᠠᠳᠠᠭᠤ ᠡᠷᠥᠭᠡ ᠪᠦᠷᠢ ᠳᠤ 20 ᠳᠠᠬᠢᠶ᠎ᠠ ᠦᠭᠴᠥ ᠳᠡᠵᠢᠭᠡᠯᠭᠡᠨ᠎ᠡ᠂ ᠵᠢᠯ ᠤᠨ ᠡᠴᠦᠰ ᠢᠶᠠᠷ ᠡᠷᠥᠭᠡ ᠪᠦᠷᠢ ᠨᠢ 10 ᠴᠤᠷᠪᠠᠭ᠎ᠠ ᠪᠠ 1 ᠳᠠᠬᠢᠶ᠎ᠠ ᠪᠤᠴᠠᠭᠠᠵᠤ᠂ ᠪᠤᠰᠤᠳ ᠳᠠᠬᠢᠶ᠎ᠠ ᠪᠠ ᠳᠠᠬᠢᠶᠠᠨ ᠦᠨᠳᠡᠭᠡ ᠶᠢ ᠨᠢ ᠪᠦᠷ ᠶᠠᠳᠠᠭᠤ ᠡᠷᠥᠭᠡ ᠳᠤ ᠦᠯᠡᠳᠡᠭᠡᠵᠤ ᠦᠭᠬᠦᠨ᠎ᠠ᠃    ᠪᠤᠤ ᠡᠾᠧ ᠶᠧ ᠨᠠᠰᠥᠳᠠᠨ ᠪᠤᠯ ᠬᠤᠷᠴᠢᠨ ᠪᠠᠯᠭᠠᠰᠥᠨ ᠤ ᠬᠤ᠋ ᠨᠠᠨ ᠲᠤᠰᠬᠤᠨ ᠤ ᠶᠠᠳᠠᠭᠤ ᠬᠦᠴᠢᠷᠳᠡᠯ ᠲᠠᠢ ᠡᠷᠥᠭᠡ᠃ ᠨᠠᠰᠥᠳᠠᠨ ᠬᠦᠭᠰᠢᠨ ᠲᠠᠢ ᠬᠤᠶᠠᠭᠤᠯᠠ ᠪᠠᠨ ᠤᠳᠠᠭᠠᠨ ᠵᠢᠯ ᠢᠶᠠᠷ ᠡᠪᠡᠳᠴᠢᠨ ᠬᠠᠭᠤᠴᠢᠨ ᠲᠠᠢ᠂ ᠬᠦᠭᠰᠢᠨ ᠨᠢ ᠴᠢᠰᠥᠨ ᠰᠤᠳᠠᠯ ᠲᠦᠭᠵᠢᠷᠡᠬᠦ ᠡᠪᠡᠳᠴᠢᠨ ᠳᠤ ᠨᠡᠷᠪᠡᠭᠳᠡᠭᠰᠡᠨ ᠠᠴᠠ ᠬᠦᠨᠳᠥ ᠠᠵᠢᠯ ᠬᠢᠵᠤ ᠳᠡᠶᠢᠯᠬᠦ ᠦᠬᠡᠢ᠂ ᠭᠡᠷ ᠤᠨ ᠪᠦᠬᠦ ᠤᠷᠤᠯᠭ᠎ᠠ ᠨᠢ ᠬᠠᠮᠤᠭ ᠨᠠᠭᠠᠳᠥ ᠵᠠᠬ᠎ᠠ ᠶᠢᠨ ᠠᠮᠢᠳᠤᠷᠠᠯ ᠤᠨ ᠪᠠᠳᠤᠯᠠᠪᠤᠷᠢ ᠶᠢᠨ ᠮᠦᠡᠭᠬᠦ ᠪᠠ ᠪᠤᠰᠤᠳ ᠬᠠᠷᠠᠭᠠᠯᠵᠠᠯ ᠤᠨ ᠨᠦᠬᠦᠪᠤᠷᠢ ᠮᠦᠡᠭᠬᠦ ᠳᠤ ᠪᠠᠨ ᠲᠦᠰᠢᠭᠯᠡᠵᠤ ᠪᠠᠶᠢᠵᠠᠢ᠃ ᠴᠢ ᠰᠢᠶᠥᠥ ᠵᠢᠩ ᠪᠤᠤ ᠡᠾᠧ ᠶᠧ ᠨᠠᠰᠥᠳᠠᠨ ᠢ ︽ᠪᠤᠤ ᠡᠵᠢ︾ ᠭᠡᠵᠤ ᠳᠠᠭᠤᠳᠠᠳᠠᠭ᠂ ᠳᠡᠬᠦᠨ ᠢ ᠶᠠᠳᠠᠭᠤ ᠠᠴᠠ ᠨᠢ ᠠᠩᠬᠢᠵᠢᠷᠠᠭᠤᠯᠬᠤ ᠶᠢᠨ ᠲᠦᠯᠥᠭᠡ ᠤᠯᠠᠨ ᠠᠷᠭ᠎ᠠ ᠪᠤᠳᠤᠵᠤ᠂ ᠭᠡᠷ ᠤᠨ ᠡᠮᠥᠨ᠎ᠡ ᠬᠤᠶᠢᠨᠠᠬᠢ ᠬᠡᠳᠥᠨ ᠵᠢᠯ ᠢᠶᠠᠷ ᠰᠤᠯᠠ ᠲᠠᠯᠪᠢᠵᠤ ᠪᠠᠶᠢᠭᠰᠠᠨ ᠭᠠᠵᠠᠷ ᠢ ᠨᠢ ᠠᠷᠢᠯᠭᠠᠨ ᠴᠡᠪᠡᠷᠯᠡᠵᠤ᠂ ᠨᠠᠰᠥᠳᠠᠨ ᠢ ᠬᠠᠪᠰᠥᠷᠥᠨ ᠪᠤᠷᠴᠠᠭ᠂ ᠲᠦᠪᠡᠳ ᠬᠠᠰᠢ᠂ ᠦᠷᠭᠡᠰᠥᠳᠥ ᠬᠡᠮᠭᠡ ᠵᠡᠷᠭᠡ ᠢᠳᠡᠰᠢᠨ ᠨᠤᠭᠤᠭ᠎ᠠ ᠳᠠᠷᠢᠵᠠᠢ᠃ ᠳᠡᠷᠡᠴᠢᠯᠡᠨ ᠪᠤᠷᠴᠠᠭ ᠤᠨ ᠦᠷ᠎ᠠ ᠰᠤᠩᠭᠤᠬᠤ ᠠᠴᠠ ᠳᠠᠷᠢᠬᠤ᠂ ᠵᠠᠬ᠎ᠠ ᠳᠡᠯᠭᠡᠬᠦᠷ ᠲᠤ ᠠᠪᠠᠴᠢᠵᠤ ᠬᠤᠳᠠᠯᠳᠤᠬᠤ ᠬᠦᠷᠳᠡᠯ᠎ᠠ ᠪᠦᠷ ᠬᠠᠪᠰᠥᠷᠥᠮᠵᠢ ᠦᠵᠡᠬᠦᠯᠵᠤ᠂ ᠲᠠᠨᠢᠵᠤ ᠮᠡᠳᠡᠬᠦ ᠦᠬᠡᠢ ᠬᠦᠮᠥᠨ ᠦᠵᠡᠪᠡᠯ ᠴᠢ ᠰᠢᠶᠥᠥ ᠵᠢᠩ ᠢ ᠪᠤᠤ ᠡᠾᠧ ᠶᠧ ᠨᠠᠰᠥᠳᠠᠨ ᠤ ᠦᠬᠢᠨ ᠨᠢ ᠭᠡᠵᠤ ᠡ᠊ᠨᠳᠡᠬᠦᠷᠡᠳᠡᠭ᠃ ︽ᠰᠢᠶᠥᠥ ᠵᠢᠩ ᠦᠬᠢᠨ ᠪᠤᠯ ᠮᠠᠰᠢ ᠡᠯᠪᠡᠷᠢᠯ ᠲᠠᠢ ᠬᠦᠮᠥᠨ ᠰᠢᠥ᠂ ᠶᠠᠳᠠᠭᠤ ᠬᠦᠮᠥᠨ ᠤ ᠭᠠᠴᠢᠭ ᠵᠤᠪᠠᠯᠠᠩ ᠢ ᠦᠵᠡᠵᠤ ᠴᠢᠳᠠᠬᠤ ᠦᠬᠡᠢ᠂ ᠦᠷᠬᠦᠯᠵᠢ ᠬᠠᠯᠠᠭᠤᠨ ᠭᠠᠷ ᠢᠶᠠᠨ ᠰᠤᠩᠭᠠᠨ ᠬᠠᠪᠰᠤᠷᠴᠥ ᠬᠠᠯᠠᠮᠵᠢᠯᠠᠳᠠᠭ᠃ ᠳᠡᠭᠦᠨ ᠤ ᠬᠠᠪᠰᠤᠷᠤᠯᠭ᠎ᠠ ᠪᠠᠷ ᠮᠢᠨᠤ ᠬᠦᠷᠢᠶ᠎ᠠ ᠬᠠᠰᠢᠶᠠᠨ ᠳᠤ ᠪᠠᠨ ᠳᠠᠷᠢᠭᠰᠠᠨ ᠢᠳᠡᠰᠢᠨ ᠨᠤᠭᠤᠭ᠎ᠠ 3000 ᠲᠦᠭᠦᠷᠢᠭ ᠤᠨ ᠤᠷᠤᠯᠭ᠎ᠠ ᠤᠯᠵᠤ᠂ ᠢᠷᠡᠬᠦ ᠬᠠᠪᠤᠷ ᠪᠢ ᠬᠠᠰᠢ᠂ ᠯᠠᠵᠤᠤ ᠵᠡᠷᠭᠡ ᠢᠳᠡᠰᠢᠨ ᠨᠤᠭᠤᠭ᠎ᠠ ᠶᠢ ᠨᠡᠮᠡᠵᠤ ᠳᠠᠷᠢᠬᠤ ᠪᠠᠷ ᠪᠤᠢ ︾ ᠭᠡᠵᠤ ᠪᠤᠤ ᠡᠾᠧ ᠶᠧ ᠨᠠᠰᠥᠳᠠᠨ ᠪᠠᠶᠠᠷᠯᠠᠨ ᠬᠡᠯᠡᠨ᠎ᠠ᠃    ᠴᠢ ᠰᠢᠶᠥᠥ ᠵᠢᠩ ᠤᠢᠢᠷ᠎ᠠ ᠬᠠᠪᠢ ᠶᠢᠨ ᠢᠶᠠᠨ ᠶᠠᠳᠠᠭᠤ ᠬᠦᠴᠢᠷᠳᠡᠯ ᠲᠠᠢ ᠡᠷᠥᠭᠡ ᠶᠢ ᠬᠠᠪᠰᠤᠷᠴᠤ ᠶᠠᠳᠠᠭᠤ ᠠᠴᠠ ᠠᠩᠬᠢᠵᠢᠷᠠᠭᠤᠯᠤᠭᠰᠠᠨ ᠢᠶᠠᠷ ᠪᠠᠷᠬᠠᠤ ᠦᠭᠡᠢ᠂ 2019 ᠤᠨ ᠠᠴᠠ ᠡᠬᠢᠯᠡᠨ ᠳᠡᠪᠰᠡᠭ ᠪᠠᠯᠭᠠᠰᠥ᠂ ᠪᠤᠷᠭᠠᠰᠤᠳᠠᠢ ᠰᠢᠶᠠᠩ ᠵᠡᠷᠭᠡ ᠭᠠᠵᠠᠷ ᠤᠨ ᠶᠠᠳᠠᠭᠤ ᠬᠦᠴᠢᠷᠳᠡᠯ ᠲᠠᠢ ᠡᠷᠥᠭᠡ ᠶᠢ ᠬᠠᠪᠰᠤᠷᠤᠨ ᠶᠠᠳᠠᠭᠤ ᠠᠴᠠ ᠨᠢ ᠠᠩᠬᠢᠵᠢᠷᠠᠭᠤᠯᠤᠭᠰᠠᠨ ᠪᠠᠶᠢᠨ᠎ᠠ᠃ ᠡᠨᠡ ᠵᠢᠯ ᠪᠠᠰᠠ ᠸᠠᠨ ᠳ᠋ᠠ ᠠᠭᠤᠳᠠᠮ ᠳᠠᠯᠠᠪᠠᠢ ᠶᠢᠨ ᠸᠧᠢ ᠳ᠋ᠦᠸᠧ ᠯᠢ ᠴᠢᠯᠥᠭᠡᠳᠥ ᠳᠡᠯᠭᠡᠬᠦᠷ ᠠᠴᠠ ᠨᠢᠭᠡᠨ ᠬᠤᠳᠠᠯᠳᠤᠭᠠᠨ ᠤ ᠤᠷᠤ ᠲᠦᠷᠢᠶᠡᠰᠥᠯᠡᠨ ᠠᠪᠴᠥ᠂ ᠲᠤᠰᠬᠠᠢᠢᠯᠠᠨ ᠶᠠᠳᠠᠭᠤ ᠬᠦᠴᠢᠷᠳᠡᠯ ᠲᠠᠢ ᠡᠷᠥᠭᠡ ᠶᠢᠨ ᠳᠠᠷᠢᠭᠰᠠᠨ ᠢᠳᠡᠰᠢᠨ ᠨᠤᠭᠤᠭ᠎ᠠ᠂ ᠭᠤᠸᠠ ᠵᠢᠮᠢᠰ ᠵᠡᠷᠭᠡ ᠶᠢ ᠳᠡᠯᠭᠡᠨ ᠬᠤᠳᠠᠯᠳᠤᠵᠤ ᠤᠷᠤᠯᠭ᠎ᠠ ᠶᠢ ᠨᠢ ᠨᠡᠮᠡᠭᠳᠡᠭᠦᠯᠵᠤ ᠪᠤᠢ᠃    ᠬᠦᠯᠥᠰᠥᠨ ᠳᠤ ᠤᠮᠳᠠᠯᠠᠭᠳᠠᠭᠰᠠᠨ ᠬᠦᠳᠡᠯᠮᠥᠷᠢ ᠶᠢᠨ ᠢᠷᠭᠤᠢ    ᠶᠡᠭᠡ ᠰᠤᠷᠭᠠᠭᠤᠯᠢ ᠪᠠᠨ ᠳᠡᠭᠦᠰᠴᠤ ᠬᠦᠰᠡᠵᠤ ᠰᠠᠨᠠᠭᠰᠠᠨ ᠠᠵᠢᠯ ᠠᠯᠪᠠ ᠲᠠᠢ ᠪᠤᠯᠬᠤ ᠨᠢ ᠤᠶᠤᠳᠠᠳ ᠤᠨ ᠬᠠᠮᠤᠭ ᠤᠨ ᠶᠡᠭᠡ ᠬᠦᠰᠡᠯ ᠳᠡᠮᠡᠤᠯᠤᠯ ᠪᠤᠯᠤᠨ᠎ᠠ᠃ ᠴᠢ ᠰᠢᠶᠥᠥ ᠵᠢᠩ ᠥᠢᠯᠡᠰ ᠪᠤᠰᠬᠠᠭᠰᠠᠨ ᠠᠴᠠ ᠪᠠᠶᠠᠵᠢᠯ ᠤᠨ ᠳᠠᠭᠠᠭᠤᠯᠤᠭᠴᠢ ᠪᠤᠯᠳᠠᠯᠠᠬᠢ ᠬᠡᠳᠦᠨ ᠵᠢᠯ ᠤᠨ ᠦᠢᠯᠡᠳᠦᠯᠭᠡ ᠳᠤᠷᠰᠢᠯᠭ᠎ᠠ ᠠᠴᠠ ᠪᠠᠨ ᠬᠦᠮᠥᠨ ᠤ ᠠᠮᠢᠳᠤᠷᠠᠯ ᠤᠨ ᠤᠴᠢᠷ ᠤᠬᠠᠭᠠᠨ ᠢ ᠬᠦᠨᠵᠡᠬᠡᠢ ᠤᠬᠠᠵᠤ᠂ ᠦᠪᠠᠷ ᠤᠨ ᠬᠠᠮᠤᠭ ᠤᠨ ᠶᠡᠭᠡ ᠬᠦᠰᠡᠯ ᠪᠤᠳᠤᠯ ᠢᠶᠠᠨ ᠳᠡᠷᠭᠡᠯᠰᠢᠭᠦᠯᠬᠦ ᠪᠠᠷ 2019 ᠤᠨ ᠳᠤ ᠪᠦᠬᠦ ᠠᠶᠢᠮᠠᠭ ᠤᠨ ᠠᠵᠢᠯ ᠥᠢᠯᠡᠰ ᠤᠨ ᠨᠢᠭᠡᠴᠢ ᠶᠢᠨ ᠰᠢᠯᠭᠠᠯᠳᠠ ᠳᠤ ᠨᠡᠷ᠎ᠡ ᠮᠡᠳᠡᠬᠦᠯᠥᠭᠡᠳ ︽35 ᠪᠦᠬᠦᠯᠢ ᠨᠠᠰᠥ ᠪᠠᠷ ᠬᠢᠵᠠᠭᠠᠷᠯᠠᠬᠤ ᠬᠠᠮᠤᠭ ᠡᠴᠥᠰ ᠤᠨ ᠰᠢᠯᠭᠠᠯᠳᠠ ᠳᠤ ᠮᠦᠷᠦ᠋ᠢᠴᠡᠵᠤ ᠦᠵᠡᠬᠦ︾ ᠪᠤᠳᠤᠯ ᠡᠪᠤᠷᠯᠠᠵᠤ ᠪᠠᠶᠢᠭᠰᠠᠨ ᠨᠢ ᠰᠠᠨᠠᠭᠠᠨ ᠠᠴᠠ ᠭᠠᠳᠠᠭᠤᠷ ᠰᠢᠯᠢᠳᠡᠭ ᠬᠢᠷᠢ ᠪᠦᠳᠥᠮᠵᠢ ᠪᠠᠷ ᠳᠡᠷᠢᠭᠦᠯᠡᠵᠤ᠂ ᠬᠤᠷᠴᠢᠨ ᠪᠠᠯᠭᠠᠰᠥᠨ ᠤ ᠵᠠᠰᠠᠭ ᠤᠨ ᠤᠷᠳᠥᠨ ᠳᠤ ᠰᠢᠯᠭᠠᠭᠤᠯᠤᠨ ᠤᠷᠤᠭᠰᠠᠨ ᠪᠠᠶᠢᠨ᠎ᠠ᠃ ᠤᠳᠥ ᠳᠡᠷᠡ ᠬᠦᠳᠡᠭᠡ ᠲᠤᠰᠬᠤᠨ ᠤ ᠴᠢᠳᠠᠪᠤᠷᠢᠳᠡᠨ ᠬᠦᠮᠥᠵᠢᠬᠦᠯᠬᠦ ᠲᠦᠪ ᠤᠨ ᠡᠷᠬᠢᠯᠡᠭᠴᠢ ᠶᠢᠨ ᠳᠤᠰᠢᠶᠠᠯ ᠢ ᠡᠬᠦᠷᠭᠡᠯᠡᠵᠤ ᠪᠠᠶᠢᠬᠤ ᠪᠦᠭᠡᠳ ᠦᠨᠳᠥᠰᠥᠨ ᠱᠠᠳᠥᠨ ᠤ ᠤᠶᠤᠳᠠᠨ ᠴᠢᠳᠠᠪᠤᠷᠢᠳᠡᠨ ᠢ ᠲᠤᠰᠬᠠᠢ ᠬᠤᠷᠰᠢᠶᠠᠵᠢᠯ ᠳᠤ ᠪᠠᠨ ᠠᠪᠠᠴᠢᠨ ᠪᠤᠯᠪᠠᠰᠤᠷᠠᠯ ᠬᠦᠷᠳᠡᠭᠡᠵᠤ᠂ ᠪᠤᠳᠠᠳᠥ ᠥᠢᠯᠡᠳᠥᠯᠭᠡ ᠳᠤ ᠤᠷᠤᠯᠴᠠᠭᠤᠯᠵᠤ ᠪᠠᠶᠢᠨ᠎ᠠ᠃    ︽ᠦᠵᠡᠭᠡᠴᠢ᠂ ᠡ᠊ᠨᠡ ᠪᠤᠯ ᠪᠢᠳᠡᠨ ᠤ ᠡᠯᠧᠺᠳ᠋ᠷᠥᠨ ᠬᠤᠳᠠᠯᠳᠤᠭᠠᠨ ᠤ ᠪᠤᠯᠪᠠᠰᠤᠷᠠᠯ ᠤᠨ ᠲᠠᠰᠤᠭ᠂ ᠤᠤᠯ ᠳᠤ ᠪᠠᠨ ᠪᠢ ᠳᠠᠷᠢᠶᠠᠴᠢᠳ ᠲᠤ ᠪᠤᠯᠪᠠᠰᠤᠷᠠᠯ ᠬᠦᠷᠳᠡᠭᠡᠬᠦ ᠭᠡᠪᠡᠯ ᠭᠡᠷ ᠤᠨ ᠢᠶᠠᠨ ᠠᠯᠠᠭᠠᠨ ᠴᠢᠨᠡᠭᠡ ᠭᠠᠵᠠᠷ ᠲᠤ ᠰᠢᠬᠠᠯᠴᠠᠵᠤ᠂ ᠵᠤᠭᠰᠤᠵᠤ ᠪᠠᠷᠢᠬᠤ ᠭᠠᠵᠠᠷ ᠦᠬᠡᠢ ᠪᠤᠯᠴᠢᠬᠠᠳᠠᠭ᠃ ᠤᠳᠥ ᠪᠠᠷᠢᠮᠵᠢᠶᠠᠵᠢᠭᠰᠠᠨ ᠪᠤᠯᠪᠠᠰᠤᠷᠠᠯ ᠬᠦᠷᠳᠡᠭᠡᠬᠦ ᠲᠠᠰᠤᠭ᠂ ᠡᠯᠧᠺᠳ᠋ᠷᠥᠨ ᠬᠤᠳᠠᠯᠳᠤᠭᠠᠨ ᠤ ᠦᠵᠡᠬᠦᠯᠭᠡ ᠶᠢᠨ ᠦᠷᠦᠭᠡ ᠲᠠᠢ ᠪᠤᠯᠵᠤ᠂ ᠲᠤᠰᠬᠠᠢ ᠬᠤᠷᠰᠢᠶᠠᠵᠢᠯ ᠤᠨ ᠢᠳᠡᠰᠢᠨ ᠨᠤᠭᠤᠭ᠎ᠠ᠂ ᠵᠢᠮᠢᠰ᠂ ᠳᠠᠬᠢᠶᠠᠨ ᠦᠨᠳᠡᠭᠡ ᠪᠠ ᠳᠠᠷᠢᠶᠠᠴᠢᠳ ᠤᠨ ᠦᠪᠡᠰᠥᠪᠡᠨ ᠬᠠᠳᠠᠭᠠᠭᠰᠠᠨ ᠨᠤᠭᠤᠭ᠎ᠠ᠂ ᠪᠤᠷᠴᠠᠭᠳᠥ ᠪᠤᠤᠪᠤ ᠵᠡᠷᠭᠡ ᠶᠢ ᠦᠵᠡᠬᠦᠯᠭᠡ ᠶᠢᠨ ᠦᠷᠦᠭᠡ ᠳᠤ ᠳᠡᠯᠭᠡᠵᠤ᠂ ᠵᠤᠭᠠᠴᠠᠭᠰᠠᠳ ᠳᠤᠭᠤᠷᠢᠨ ᠦᠵᠡᠵᠤ ᠪᠠᠶᠢᠳᠠᠯ ᠤᠢᠢᠯᠠᠭᠠᠬᠤ ᠳᠤ ᠲᠦᠬᠦᠮ ᠪᠦᠭᠡᠳ ᠰᠦᠯᠵᠢᠶᠡᠨ ᠳᠡᠯᠭᠡᠬᠦᠷ ᠲᠤ ᠪᠠᠨ ᠪᠤᠷᠤᠯᠠᠭᠤᠯᠬᠤ ᠳᠤ ᠴᠥ ᠲᠦᠬᠦᠮ ᠪᠤᠯᠤᠯ᠎ᠠ᠃ ᠳᠤᠳᠤᠷ ᠦᠷᠥᠭᠡ ᠪᠤᠯ ᠪᠤᠷᠴᠠᠭᠳᠥ ᠪᠤᠤᠪᠤ ᠬᠢᠬᠦ ᠦᠷᠥᠭᠡ᠂ ᠳᠠᠷᠢᠶᠠᠴᠢᠳ ᠦᠪᠠᠷ ᠤᠨ ᠭᠡᠷ ᠲᠤ ᠪᠠᠨ ᠪᠤᠷᠴᠠᠭᠳᠥ ᠪᠤᠤᠪᠤ ᠬᠢᠬᠦ ᠨᠢ ᠠᠷᠢᠭᠤᠨ ᠴᠡᠪᠡᠷ᠂ ᠬᠠᠳᠠᠭᠠᠯᠠᠵᠤ ᠬᠤᠳᠠᠯᠳᠤᠬᠤ ᠳᠠᠯ᠎ᠠ ᠪᠠᠷ ᠪᠦᠷ ᠨᠦᠬᠦᠴᠡᠯ ᠬᠢᠵᠠᠭᠠᠷᠳᠠᠢ ᠠᠴᠠ ᠡ᠊ᠨᠳᠡ ᠪᠤᠷᠴᠠᠭᠳᠥ ᠪᠤᠤᠪᠤ ᠬᠢᠬᠦ ᠳᠠᠷᠢᠶᠠᠴᠢᠨ ᠡᠷᠥᠭᠡ ᠶᠢ ᠲᠦᠪᠯᠡᠷᠡᠬᠦᠯᠥᠨ ᠨᠢᠭᠡᠳᠥᠯᠳᠡᠢ ᠬᠢᠯᠭᠡᠵᠤ ᠨᠢᠭᠡᠳᠥᠯᠳᠡᠢ ᠬᠠᠮᠢᠶᠠᠷᠴᠥ᠂ ᠨᠢᠭᠡᠳᠥᠯᠳᠡᠢ ᠪᠤᠷᠤᠯᠠᠭᠤᠯᠵᠤ ᠪᠠᠶᠢᠨ᠎ᠠ᠃ ᠵᠠᠷᠢᠮ ᠳᠤ ᠪᠠᠨ ᠪᠠᠰᠠ ᠰᠢᠭᠤᠳ ᠨᠡᠪᠳᠡᠷᠡᠬᠦᠯᠭᠡ ᠪᠠᠷ ᠪᠤᠷᠴᠠᠭᠳᠥ ᠪᠤᠤᠪᠤ ᠬᠢᠬᠦ ᠶᠠᠪᠤᠴᠠ᠂ ᠠᠷᠭ᠎ᠠ ᠮᠠᠶ᠋ᠢᠭ ᠵᠡᠷᠭᠡ ᠶᠢ ᠰᠦᠯᠵᠢᠶᠡᠨ ᠠᠨᠳᠠ ᠨᠠᠷ ᠲᠤ ᠵᠢᠭᠠᠵᠤ ᠦᠭᠳᠡᠭ ᠠᠴᠠ ᠭᠠᠳᠠᠷ ᠭᠠᠵᠠᠷ ᠤᠨ ᠬᠡᠷᠡᠭᠯᠡᠭᠴᠢᠳ ᠤᠨ ᠬᠦᠷᠢᠶᠡᠯᠡᠯ ᠢ ᠤᠯᠵᠤ ᠪᠤᠢ︾ ᠭᠡᠵᠤ ᠴᠢ ᠰᠢᠶᠥᠥ ᠵᠢᠩ ᠰᠤᠷᠪᠤᠯᠵᠢᠯᠠᠭᠴᠢ ᠶᠢ ᠳᠠᠭᠠᠭᠤᠯᠥᠨ 400 ᠭᠠᠷᠤᠢ ᠳᠡᠭᠰᠢ ᠲᠦᠷᠪᠡᠯᠵᠢᠨ ᠮᠧᠲᠷ ᠲᠠᠯᠠᠪᠠᠢ ᠲᠠᠢ ᠡᠯᠧᠺᠳ᠋ᠷᠥᠨ ᠬᠤᠳᠠᠯᠳᠤᠭᠠᠨ ᠤ ᠪᠤᠯᠪᠠᠰᠤᠷᠠᠯ ᠤᠨ ᠲᠠᠰᠤᠭ ᠢᠶᠠᠨ ᠳᠠᠨᠢᠯᠴᠠᠭᠤᠯᠤᠨ᠎ᠠ᠃    ᠬᠦᠳᠡᠭᠡ ᠶᠢᠨ ᠮᠤᠩᠭᠤᠯ ᠪᠦᠰᠡᠬᠦᠢ ᠦᠪᠠᠷ ᠤᠨ ᠨᠤᠳᠤᠭ ᠤᠨ ᠭᠠᠷᠤᠯᠳᠠ ᠪᠠᠨ ᠪᠦᠬᠦ ᠤᠯᠤᠰ ᠲᠤ ᠳᠡᠯᠭᠡᠨ ᠪᠤᠷᠤᠯᠠᠭᠤᠯᠤᠨ᠎ᠠ ᠭᠡᠭᠴᠢ ᠠᠵᠠ ᠵᠢᠷᠭᠠᠯ ᠲᠠᠢ ᠪᠦᠭᠡᠳ ᠤᠮᠤᠭᠰᠢᠯᠳᠠᠢ ᠶᠠᠪᠤᠳᠠᠯ ᠶᠤᠮ ᠰᠠᠨ᠂ ᠴᠢ ᠰᠢᠶᠥᠥ ᠵᠢᠩ ᠳᠠᠷᠤᠢ ᠡ᠊ᠨᠡᠬᠦ ᠵᠤᠯ ᠵᠢᠷᠭᠠᠯ ᠢ ᠠᠮᠳᠠᠷᠬᠠᠵᠤ ᠶᠠᠪᠤᠭ᠎ᠠ ᠬᠦᠮᠥᠨ᠃ ︽ᠠᠯᠢᠪᠠᠪᠠ︾ ᠰᠦᠯᠵᠢᠶ᠎ᠡ ᠳᠡᠭᠦᠨ ᠳᠤ ᠥᠢᠯᠡᠰ ᠤᠨ ᠬᠠᠷᠭᠤᠢ ᠪᠠᠨ ᠦᠷᠭᠡᠳᠭᠡᠬᠦ ᠠᠵᠠ ᠳᠤᠬᠢᠶᠠᠯ ᠬᠠᠩᠭᠠᠵᠤ᠂ ᠳᠤᠤ ᠪᠤᠤ ᠰᠦᠯᠵᠢᠶᠠᠨ ᠳᠡᠭᠡᠷ᠎ᠡ ᠰᠦᠯᠵᠢᠶᠡᠨ ᠳᠡᠯᠭᠡᠬᠦᠷ ᠨᠡᠭᠡᠭᠡᠭᠰᠡᠨ ᠠᠴᠠ ᠳᠡᠬᠦᠨ ᠤ ᠰᠦᠯᠵᠢᠶᠡᠨ ᠳᠡᠯᠭᠡᠬᠦᠷ ᠲᠤ ᠨᠢ ᠡᠳᠥᠷ ᠲᠤ 1 ᠲᠦᠮᠡ ᠰᠢᠬᠠᠮ ᠬᠦᠮᠥᠨ ᠳᠤᠭᠤᠷᠢᠨ ᠦᠵᠡᠬᠦ ᠶᠢᠨ ᠬᠠᠮᠳᠥ ᠬᠦᠳᠡᠭᠡ ᠶᠢᠨ ᠳᠠᠬᠢᠶᠠᠨ ᠦᠨᠳᠡᠭᠡ᠂ ᠴᠤᠬᠤ ᠬᠠᠷ᠎ᠠ ᠳᠠᠬᠢᠶ᠎ᠠ ᠶᠢᠨ ᠦᠨᠳᠡᠭᠡ ᠵᠡᠷᠭᠡ ᠨᠢ ᠪᠤᠷᠤᠯᠠᠭᠤᠯᠭ᠎ᠠ ᠰᠠᠶᠢᠳᠠᠢ ᠲᠤᠯᠠ ᠬᠦᠮᠥᠰ ᠳᠡᠬᠦᠨ ᠤ ᠰᠦᠯᠵᠢᠶᠡᠨ ᠳᠡᠯᠭᠡᠬᠦᠷ ᠤᠨ ᠨᠡᠷ᠎ᠡ ᠶᠢ ︽ᠰᠢᠶᠥᠥ ᠵᠢᠩ ᠤᠨ ᠦᠡᠭᠭᠡᠳᠥ ᠦᠨᠳᠡᠭᠡᠨ ᠳᠡᠯᠭᠡᠬᠦᠷ︾ ᠭᠡᠮᠡᠨ ᠨᠡᠷᠡᠯᠡᠬᠦ ᠪᠤᠯᠤᠭᠰᠠᠨ ᠪᠠᠶᠢᠨ᠎ᠠ᠃    ᠠᠷᠠᠳ ᠲᠦᠮᠡᠨ ᠳᠤ ᠰᠠᠨᠠᠭ᠎ᠠ ᠠᠮᠥᠷ᠂ ᠪᠤᠬᠢᠷᠳᠤᠯ ᠦᠬᠡᠢ᠂ ᠤᠷᠭᠠᠨᠢᠭ ᠪᠦᠳᠥᠭᠡᠭᠳᠡᠬᠦᠨ ᠡᠳ᠋ᠯᠡᠬᠦᠯᠬᠦ ᠶᠢᠨ ᠲᠦᠯᠥᠭᠡ᠂ ᠴᠢ ᠰᠢᠶᠥᠥ ᠵᠢᠩ ᠦᠪᠡᠷ ᠤᠨ ᠨᠡᠷ᠎ᠡ ᠪᠠᠷ ᠢᠶᠠᠨ ᠲᠤᠰᠬᠠᠢ ᠨᠡᠷᠡᠳᠥ ᠳᠡᠮᠳᠡᠭ ᠳᠠᠩᠰᠠᠯᠠᠭᠤᠯᠥᠨ᠂ ᠲᠤᠰᠬᠠᠢ ᠬᠤᠷᠰᠢᠶᠠᠵᠢᠯ ᠠᠴᠠ ᠭᠠᠷᠤᠭᠰᠠᠨ ᠪᠤᠶᠤ ᠳᠠᠷᠢᠶᠠᠴᠢᠨ ᠡᠷᠥᠭᠡ ᠠᠴᠠ ᠬᠤᠷᠢᠶᠠᠵᠤ ᠠᠪᠴᠢᠷᠠᠭᠰᠠᠨ ᠪᠠᠷᠠᠭ᠎ᠠ ᠲᠠᠸᠠᠷ ᠪᠦᠬᠦᠨ ᠳᠤ ᠴᠢᠩᠭ᠎ᠠ ᠨᠢᠮᠪᠠᠢ ᠪᠠᠶᠢᠴᠠᠭᠠᠯᠳᠠ ᠬᠢᠵᠤ᠂ ᠳᠠᠷᠢᠶᠠᠨ ᠡᠮ᠂ ᠬᠢᠮᠢ ᠶᠢᠨ ᠪᠤᠷᠳᠤᠭᠤᠷ ᠤᠨ ᠬᠤᠯᠢᠴᠠ ᠪᠠᠶᠢᠬᠤ ᠡᠰᠡᠬᠦ ᠶᠢ ᠨᠢ ᠦᠵᠡᠵᠤ᠂ ᠬᠢᠷᠢ ᠳᠡᠩᠴᠡᠭᠰᠡᠨ ᠪᠦᠳᠥᠭᠡᠭᠳᠡᠬᠦᠨ ᠢ ᠨᠢ ᠨᠢᠭᠡᠳᠥᠯᠳᠡᠢ ᠬᠤᠷᠢᠶᠠᠵᠤ ᠨᠢᠭᠡᠳᠥᠯᠳᠡᠢ ᠵᠠᠬ᠎ᠠ ᠳᠡᠯᠭᠡᠬᠦᠷ ᠲᠤ ᠭᠠᠷᠭᠠᠵᠤ ᠪᠠᠶᠢᠭ᠎ᠠ ᠲᠤᠯᠠ ᠳᠡᠬᠦᠨ ᠤ ᠠᠵᠤ ᠥᠢᠯᠡᠰ ᠤᠨ ᠬᠡᠯᠬᠢᠶᠡᠵᠢᠯ ᠨᠢ ᠨᠡᠩ ᠲᠦᠷᠢᠮᠵᠢᠭᠰᠡᠨ ᠪᠠᠶᠢᠯ᠎ᠠ᠃ ᠨᠢᠳᠤᠨᠤᠨ ᠵᠢᠯ᠂ ᠪᠡᠭᠡᠵᠢᠩ ᠤᠨ ᠤᠢ ᠰᠢᠭᠤᠢ ᠶᠢᠨ ᠶᠡᠭᠡ ᠰᠤᠷᠭᠠᠭᠤᠯᠢ ᠠᠴᠠ ᠳᠡᠭᠦᠨ ᠤ ᠳᠠᠩᠰᠠᠯᠠᠭᠤᠯᠤᠭᠰᠠᠨ ᠲᠤᠰᠬᠠᠢ ᠨᠡᠷᠡᠳᠥ ᠳᠡᠮᠳᠡᠭ ᠢ ᠳᠠᠬᠢᠨ ᠵᠢᠷᠥᠵᠤ ᠲᠦᠯᠥᠪᠯᠡᠵᠤ ᠦᠭᠬᠦᠨ᠂ ᠵᠢᠩᠬᠢᠨᠢ ᠤᠷᠤᠨ ᠨᠤᠳᠤᠭ ᠤᠨ ᠤᠨᠴᠠᠯᠢᠭ ᠲᠠᠢ ︽ᠱᠤᠰᠢᠭ᠎ᠠ ᠳᠡᠮᠳᠡᠭ︾ ᠢ ᠡᠬᠦᠳᠥᠭᠰᠡᠨ ᠪᠢᠯᠡ᠃ ︽ᠪᠢᠳᠡᠨ ᠤ ᠪᠠᠷᠠᠭ᠎ᠠ ᠲᠠᠸᠠᠷ ᠪᠦᠷ ︿ᠪᠡᠶ᠎ᠡ ᠶᠢᠨ ᠦᠨᠡᠮᠯᠡᠯ﹀ ᠲᠠᠢ ᠰᠢᠥ᠂ ᠬᠦᠮᠥᠰ ᠦᠵᠡᠭᠰᠡᠭᠡᠷ ᠵᠠᠨ ᠢ ᠲᠤᠰᠬᠠᠢ ᠬᠤᠷᠰᠢᠶᠠᠵᠢᠯ ᠤᠨ ᠪᠠᠷᠠᠭ᠎ᠠ ᠭᠡᠮᠡᠨ ᠮᠡᠳᠡᠴᠢᠭᠡᠨ᠎ᠡ᠂ ᠮᠠᠨ ᠤ ᠳᠠᠷᠢᠭᠰᠠᠨ ᠵᠢᠵᠢᠭ ᠲᠦᠪᠡᠳ ᠬᠠᠰᠢ ᠪᠤᠷᠤᠯᠠᠭᠤᠯᠭ᠎ᠠ ᠮᠠᠰᠢ ᠰᠠᠶᠢᠨ᠃ ᠡ᠊ᠨᠡ ᠵᠢᠯ᠂ ᠹᠦᠵᠢᠶᠠᠨ ᠮᠤᠵᠢ᠂ ᠪᠡᠭᠡᠵᠢᠩ ᠬᠤᠳᠠ ᠪᠠ ᠳ᠋ᠠᠯᠢᠶᠠᠨ ᠬᠤᠳᠠ ᠶᠢᠨ ᠲᠤᠮᠤ ᠬᠤᠳᠠᠯᠳᠤᠭᠠᠴᠢᠨ ᠤ ᠵᠠᠬᠢᠶᠠᠯᠠᠭᠰᠠᠨ ᠬᠡᠳᠥᠨ ᠳᠡᠷᠭᠡ ᠪᠠᠷᠠᠭ᠎ᠠ ᠶᠢ ᠪᠢ ᠦᠪᠡᠰᠦᠪᠡᠨ ᠬᠦᠷᠭᠡᠵᠤ ᠤᠴᠢᠭᠰᠠᠨ ᠶᠤᠮ᠃ ᠳᠡᠭᠡᠭᠰᠡᠨ ᠢᠶᠠᠷ᠂ ᠬᠤᠳᠠᠯᠳᠤᠭᠠᠴᠢᠳ ᠤᠨ ᠳᠤᠮᠳᠠ ᠦᠨᠡᠨᠴᠢ ᠢᠳᠡᠭᠡᠮᠵᠢᠳᠡᠢ ᠬᠡᠳᠡᠭ ᠰᠠᠶᠢᠨ ᠰᠠᠭᠤᠭᠳᠠᠯ ᠦᠯᠡᠳᠡᠭᠡᠵᠤ᠂ ᠪᠢᠳᠡᠨ ᠲᠠᠢ ᠬᠡᠳᠥᠨ ᠵᠢᠯ ᠤᠨ ᠵᠠᠬᠢᠶᠠᠯᠠᠭ᠎ᠠ ᠶᠢᠨ ᠭᠡᠷ᠎ᠡ ᠳᠤᠭᠳᠠᠯ᠎ᠠ᠃ ᠤᠳᠥᠬᠠᠨ ᠳᠤ ᠪᠢᠳᠡ ᠭᠡᠷ ᠠᠴᠠ ᠪᠠᠨ ᠭᠠᠷᠬᠤ ᠦᠬᠡᠢ ᠪᠠᠷ ᠪᠠᠷᠠᠭ᠎ᠠ ᠪᠠᠨ ᠬᠤᠳᠠᠯᠳᠤᠭᠠᠳ ᠬᠠᠩᠭᠠᠯᠭ᠎ᠠ ᠨᠢ ᠬᠡᠷᠡᠭᠴᠡᠭᠡ ᠳᠤ ᠪᠠᠨ ᠬᠦᠷᠬᠦ ᠦᠬᠡᠢ ᠪᠠᠶᠢᠨ᠎ᠠ︾ ᠬᠡᠵᠤ ᠬᠡᠯᠡᠬᠦ ᠳᠤ ᠴᠢ ᠰᠢᠶᠥᠥ ᠵᠢᠩ ᠤᠨ ᠴᠢᠷᠠᠢ ᠳᠤ ᠪᠠᠶᠠᠷ ᠤᠨ ᠮᠦᠰᠢᠶᠡᠳᠥ ᠪᠢᠯᠬᠠᠨ᠎ᠠ᠃    ︽ᠦᠡᠭᠭᠡᠷᠡᠭᠰᠡᠨ ᠢᠶᠠᠨ ᠡᠷᠬᠢᠴᠡᠬᠦᠯᠥᠨ ᠤᠳᠤᠬᠢ ᠪᠠᠨ ᠪᠤᠳᠤᠵᠤ ᠳᠠᠬᠢᠨ ᠠᠯᠤᠰ ᠢ ᠪᠠᠷᠠᠯᠠᠪᠠᠯ ᠮᠢᠨᠤ ᠦᠰᠥᠨ ᠪᠤᠶᠢᠵᠢᠯᠳᠠ ᠳᠤᠮᠳᠠ ᠤᠳᠤᠷᠢᠳᠤᠯᠭ᠎ᠠ ᠨᠠᠷ ᠤᠨ ᠳᠡᠮᠵᠢᠯᠭᠡ ᠪᠠᠶᠢᠨ᠎ᠠ᠂ ᠬᠠᠮᠳᠥ ᠠᠵᠢᠯᠳᠠᠳ ᠲᠦᠷᠥᠯ ᠰᠠᠳᠥᠨ ᠤ ᠵᠤᠷᠢᠬᠵᠢᠭᠤᠯᠤᠯ ᠪᠠᠶᠢᠨ᠎ᠠ᠂ ᠮᠦᠨ ᠴᠥ ᠮᠠᠨ ᠤ ᠳᠠᠷᠢᠶᠠᠴᠢᠨ ᠲᠦᠮᠡᠨ ᠤ ᠬᠠᠯᠠᠮᠵᠢᠯᠠᠯ ᠪᠠᠶᠢᠨ᠎ᠠ᠂ ᠨᠡᠩ ᠴᠥ ᠦᠪᠠᠷ ᠤᠨ ᠪᠡᠶ᠎ᠡ ᠶᠢᠨ ᠰᠢᠷᠭᠠᠭᠤ ᠴᠢᠷᠮᠠᠶᠢᠯᠭ᠎ᠠ ᠪᠠᠶᠢᠨ᠎ᠠ᠃ ᠦᠪᠠᠷ ᠢ ᠪᠠᠨ ᠪᠢ ᠬᠦᠯᠥᠰᠥᠨ ᠳᠤ ᠤᠮᠳᠠᠯᠠᠭᠳᠠᠭᠰᠠᠨ ᠬᠦᠳᠡᠯᠮᠥᠷᠢ ᠶᠢᠨ ᠢᠷᠭᠤᠢ ᠭᠡᠵᠤ ᠵᠥᠢᠷᠯᠡᠪᠡᠯ ᠨᠡᠩ ᠡᠪᠳᠡᠢ ᠭᠡᠮᠡᠨ ᠪᠤᠳᠤᠳᠠᠭ ᠡ︾ ᠭᠡᠳ ᠴᠢ ᠰᠢᠶᠥᠥ ᠵᠢᠩ ᠨᠢᠭᠤᠷ ᠢᠶᠠᠨ ᠪᠦᠳᠡᠭᠡᠵᠤ ᠨᠢᠯᠪᠤᠰᠥ ᠪᠠᠨ ᠰᠡᠮᠡᠭᠡᠷ ᠠᠷᠴᠢᠨ᠎ᠠ ᠁    ᠰᠤᠷᠪᠤᠯᠵᠢᠯᠠᠭᠴᠢ ᠶᠢᠨ ᠡᠪᠤᠷ ᠳᠡᠮᠳᠡᠭᠯᠡᠯ᠄    ᠰᠢ ᠶᠢᠨ ᠫᠢᠩ ᠶᠡᠷᠥᠩᠬᠡᠢ ᠱᠦᠵᠢ ᠵᠠᠯᠠᠭᠤᠴᠤᠳ ᠲᠤ ᠬᠦᠰᠡᠯ ᠨᠠᠶᠢᠳᠠᠯᠭ᠎ᠠ ᠲᠠᠯᠪᠢᠬᠤ ᠳᠤ ᠪᠠᠨ᠄ ᠵᠠᠯᠠᠭᠤᠴᠤᠳ ᠪᠤᠯ ᠤᠯᠤᠰ ᠦᠨᠳᠥᠰᠥᠳᠡᠨ ᠤ ᠢᠷᠡᠭᠡᠳᠥᠢ᠂ ᠵᠠᠯᠠᠭᠤᠴᠤᠳ ᠬᠦᠴᠥᠷᠭᠡᠭᠵᠢᠪᠡᠯ ᠤᠯᠤᠰ ᠬᠦᠷᠥᠨ ᠬᠦᠴᠥᠷᠭᠡᠭᠵᠢᠨ᠎ᠡ ᠭᠡᠵᠤ ᠬᠡᠯᠡᠭᠰᠡᠨ ᠪᠦᠭᠡᠳ ᠨᠡᠩ ᠤᠯᠠᠨ ᠤᠶᠤᠳᠠᠳ ᠰᠤᠷᠭᠠᠭᠤᠯᠢ ᠪᠠᠨ ᠳᠡᠬᠦᠰᠥᠭᠰᠡᠨ ᠤ ᠳᠠᠷᠠᠭ᠎ᠠ ᠦᠨᠳᠥᠰᠥᠨ ᠱᠠᠳᠥᠨ ᠤ ᠬᠠᠳᠠᠭᠤᠵᠢᠯᠳᠠᠢ ᠭᠠᠵᠠᠷ ᠳᠠᠪᠳᠠᠨ ᠪᠤᠯᠪᠠᠰᠤᠷᠠᠵᠤ᠂ ᠤᠯᠤᠰ ᠪᠠ ᠠᠷᠠᠳ ᠲᠦᠮᠡᠨ ᠤ ᠬᠦᠰᠡᠵᠤ ᠱᠠᠭᠠᠷᠳᠠᠵᠤ ᠪᠠᠶᠢᠭ᠎ᠠ ᠭᠠᠵᠠᠷ ᠵᠠᠯᠠᠭᠤ ᠨᠠᠰᠥᠨ ᠤ ᠬᠡᠷᠡᠯ ᠬᠢᠯᠪᠠᠭ᠎ᠠ ᠪᠠᠨ ᠰᠠᠴᠤᠷᠠᠭᠤᠯᠬᠤ ᠬᠡᠷᠡᠭᠳᠡᠢ ᠬᠡᠵᠡᠢ᠃ ᠶᠠᠭ ᠶᠡᠷᠥᠩᠬᠡᠢ ᠱᠦᠵᠢ ᠶᠢᠨ ᠨᠠᠶᠢᠳᠠᠭᠰᠠᠨ ᠶᠤᠰᠤ ᠪᠠᠷ ᠶᠠᠳᠠᠭᠤ ᠶᠢ ᠳᠡᠳᠬᠦᠬᠦ ᠡᠮᠥᠨ᠎ᠡ ᠹᠷᠥᠨᠲ ᠠᠴᠠ ᠴᠢ ᠰᠢᠶᠥᠥ ᠵᠢᠩ ᠮᠡᠳᠥ ᠶᠢᠨ ᠰᠢᠯᠢᠳᠡᠭ ᠺᠠᠳ᠋ᠷ ᠠᠯᠢ ᠤᠯᠠᠨ ᠴᠤᠯᠭᠤᠷᠠᠨ ᠭᠠᠷᠴᠤ ᠪᠠᠶᠢᠨ᠎ᠠ᠃ ᠳᠠᠳᠡᠨ ᠤ ᠦᠨᠳᠥᠰᠥᠨ ᠱᠠᠳᠥᠨ ᠤ ᠬᠠᠯᠠᠭᠤᠨ ᠬᠦᠷᠥᠰᠥᠨ ᠳᠤ ᠦᠨᠳᠥᠰᠥ ᠪᠠᠨ ᠬᠦᠨ ᠬᠠᠳᠬᠤᠵᠤ᠂ ᠵᠠᠯᠠᠭᠤ ᠨᠠᠰᠥᠨ ᠤ ᠴᠤᠭ ᠵᠢᠪᠬᠤᠭ᠎ᠠ ᠪᠠᠨ ᠨᠤᠳᠤᠭ ᠤᠰᠥᠨ ᠤ ᠪᠠᠨ ᠶᠠᠳᠠᠭᠤ ᠶᠢ ᠳᠡᠳᠬᠦᠬᠦ ᠥᠢᠯᠡᠰ ᠲᠤ ᠵᠤᠷᠢᠭᠤᠯᠤᠭᠰᠠᠨ ᠨᠢ ᠰᠢᠨ᠎ᠠ ᠴᠠᠭ ᠦᠶ᠎ᠡ ᠶᠢᠨ ᠢᠷᠠᠭᠤ ᠳᠠᠭᠤᠯᠠᠯ ᠪᠤᠯᠵᠤ᠂ ᠨᠡᠩ ᠤᠯᠠᠨ ᠵᠠᠯᠠᠭᠤᠴᠤᠳ ᠲᠤ ᠬᠦᠬᠢᠬᠦᠯᠥᠯ ᠵᠤᠷᠢᠬᠵᠢᠭᠤᠯᠤᠯ ᠪᠤᠯᠬᠤ ᠨᠢ ᠳᠠᠮᠵᠢᠭ ᠦᠬᠡᠢ ᠶᠤᠮ    
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号