ᠭᠠᠵᠠᠷ ᠰᠢᠷᠦᠢ ᠪᠠᠨ ᠲᠠᠲᠠᠪᠤᠷᠢᠯᠠᠭᠳᠠᠭᠰᠠᠨ ᠲᠠᠷᠢᠶᠠᠴᠢᠳ ᠤᠨ ᠦᠢᠯᠡᠳᠪᠦᠷᠢᠯᠡᠯ ᠤᠨ ᠠᠷᠭ᠎ᠠ ᠬᠡᠯᠪᠡᠷᠢ ᠶᠢ ᠵᠢᠯᠤᠭᠤᠳᠤᠨ ᠬᠤᠪᠢᠷᠠᠭᠤᠯᠬᠤ ᠨᠢ ᠲᠤᠩ ᠴᠢᠬᠤᠯᠠ
ᠨᠡᠶᠢᠲᠡᠯᠡᠭᠰᠡᠨ ᠴᠠᠭ᠄
2021/9/24
  ᠬᠤᠲᠠᠴᠢᠯᠠᠯᠲᠠ ᠶᠢᠨ ᠪᠦᠲᠦᠭᠡᠨ ᠪᠠᠶᠢᠭᠤᠯᠤᠯᠲᠠ ᠲᠤᠮᠳᠠ ᠬᠤᠲᠠ ᠶᠢᠨ ᠤᠢᠢᠷ᠎ᠠ ᠬᠠᠪᠢ ᠶᠢᠨ ᠲᠠᠷᠢᠶᠠᠴᠢᠳ ᠤᠨ ᠭᠡᠷ ᠪᠠᠶᠢᠰᠢᠩ᠂ ᠭᠠᠵᠠᠷ ᠲᠠᠷᠢᠶ᠎ᠠ ᠲᠠᠲᠠᠪᠤᠷᠢᠯᠠᠭᠳᠠᠵᠤ ᠬᠤᠷᠢᠶᠠᠭᠳᠠᠬᠤ ᠨᠢ ᠨᠠᠶᠢᠳᠠᠮ ᠡᠭᠦᠰᠴᠤ ᠪᠠᠶᠢᠭ᠎ᠠ ᠶᠠᠪᠤᠳᠠᠯ ᠪᠤᠯᠤᠨ᠎ᠠ᠃ ᠲᠠᠷᠢᠶᠠᠴᠢᠳ ᠤᠨ ᠬᠠᠤᠯᠢ ᠶᠤᠰᠤᠨ ᠤ ᠡᠷᠬᠡ ᠠᠰᠢᠭ ᠢ ᠪᠠᠲᠤᠯᠠᠬᠤ ᠶᠢᠨ ᠲᠦᠯᠦᠭᠡ ᠤᠯᠤᠰ ᠪᠠ ᠤᠷᠤᠨ ᠨᠤᠳᠤᠭ ᠤᠨ ᠵᠠᠰᠠᠭ ᠤᠨ ᠤᠷᠲᠤᠨ ᠠᠴᠠ ᠭᠠᠵᠠᠷ ᠰᠢᠷᠦᠢ ᠲᠠᠲᠠᠪᠤᠷᠢᠯᠠᠬᠤ ᠠᠷᠭ᠎ᠠ ᠵᠠᠮ ᠢᠶᠠᠨ ᠲᠠᠰᠤᠷᠠᠯᠲᠠ ᠦᠭᠡᠢ ᠰᠠᠶᠢᠵᠢᠷᠠᠭᠤᠯᠵᠤ᠂ ᠲᠦᠯᠦᠪᠦᠷᠢ ᠮᠦᠩᠬᠦ ᠦᠭᠬᠦ ᠪᠠᠷᠢᠮᠵᠢᠶ᠎ᠠ ᠪᠠᠨ ᠤᠳᠠᠭ᠎ᠠ ᠳᠠᠷᠠᠭᠠᠯᠠᠨ ᠲᠡᠭᠡᠭᠰᠢᠯᠡᠬᠦᠯᠦᠭᠰᠡᠨ ᠪᠤᠯᠪᠠᠴᠤ ᠭᠠᠵᠠᠷ ᠰᠢᠷᠦᠢ ᠳᠠᠲᠠᠪᠤᠷᠢᠯᠠᠬᠤ ᠠᠴᠠ ᠪᠤᠯᠤᠭᠰᠠᠨ ᠶᠡᠭᠡ ᠪᠠᠭ᠎ᠠ ᠵᠦᠷᠢᠴᠠᠯ ᠮᠠᠷᠭᠤᠯᠳᠤᠭᠠᠨ ᠶᠡᠷᠦ ᠲᠠᠰᠤᠷᠠᠵᠤ ᠦᠵᠡᠭᠡ ᠦᠭᠡᠢ᠃    ᠶᠡᠷᠦ ᠶᠢᠨ ᠦᠭᠡᠨ ᠳᠤ ︽ᠲᠠᠷᠢᠶᠠᠴᠢᠳ ᠭᠠᠵᠠᠷ ᠲᠠᠷᠢᠶ᠎ᠠ ᠠᠴᠠ ᠪᠠᠨ ᠰᠠᠯᠪᠠᠯ ᠵᠢᠭᠠᠰᠤ ᠤᠰᠤᠨ ᠠᠴᠠ ᠰᠠᠯᠤᠭᠰᠠᠨ ᠲᠠᠢ ᠠᠳᠠᠯᠢ︾ ᠭᠡᠳᠡᠭ᠃ ᠲᠡᠭᠡᠬᠦ ᠪᠠᠷ ᠭᠠᠵᠠᠷ ᠰᠢᠷᠦᠢ ᠪᠠᠨ ᠲᠠᠲᠠᠪᠤᠷᠢᠯᠠᠭᠳᠠᠭᠰᠠᠨ ᠲᠠᠷᠢᠶᠠᠴᠢᠳ ᠬᠤᠶᠢᠰᠢᠲᠠ ᠶᠠᠭᠤ ᠪᠠᠨ ᠲᠦᠰᠢᠵᠦ ᠶᠠᠭᠠᠬᠢᠵᠦ ᠠᠮᠢᠳᠤᠷᠠᠬᠤ ᠪᠤᠢ ᠭᠡᠳᠡᠭ ᠠᠰᠠᠭᠤᠳᠠᠯ ᠤᠯᠠᠨ ᠤ ᠡᠮᠦᠨ᠎ᠡ ᠲᠤᠯᠭᠠᠷᠠᠵᠤ ᠪᠠᠶᠢᠭ᠎ᠠ ᠬᠦᠴᠢᠷ ᠠᠰᠠᠭᠤᠳᠠᠯ ᠪᠤᠯᠤᠨ᠎ᠠ᠃ ᠭᠠᠵᠠᠷ ᠰᠢᠷᠦᠢ ᠲᠠᠲᠠᠪᠤᠷᠢᠯᠠᠬᠤ ᠲᠦᠯᠦᠪᠦᠷᠢ ᠮᠦᠩᠭᠦ ᠶᠢᠨ ᠪᠠᠷᠢᠮᠵᠢᠶ᠎ᠠ ᠶᠢ ᠤᠳᠠᠭ᠎ᠠ ᠳᠠᠷᠠᠭᠠᠯᠠᠨ ᠦᠰᠭᠡᠭᠰᠡᠨ ᠠᠴᠠ ᠤᠳᠤ ᠭᠠᠵᠠᠷ ᠰᠢᠷᠦᠢ ᠪᠠᠨ ᠲᠠᠲᠠᠪᠤᠷᠢᠯᠠᠭᠳᠠᠭᠰᠠᠨ ᠲᠠᠷᠢᠶᠠᠴᠢᠨ ᠡᠷᠦᠬᠡ ᠬᠡᠳᠦᠨ ᠠᠷᠪᠠᠨ ᠲᠦᠮᠡ ᠴᠢᠨ᠋ᠬᠠᠰᠢᠯᠠᠭᠠᠳ ᠬᠡᠳᠦᠨ ᠵᠠᠭᠤᠨ ᠲᠦᠮᠡᠨ ᠲᠦᠭᠦᠷᠢᠭ ᠤᠨ ᠲᠦᠯᠦᠪᠦᠷᠢ ᠮᠦᠩᠬᠦ ᠤᠯᠵᠤ ᠪᠠᠶᠢᠭ᠎ᠠ ᠪᠤᠯᠪᠠᠴᠤ ᠤᠯᠤᠭᠰᠨᠨ ᠵᠤᠭᠤᠰ ᠢᠶᠠᠨ ᠲᠤᠬᠢᠷᠠᠮᠵᠢᠲᠠᠢ ᠵᠠᠷᠤᠵᠤ ᠬᠡᠷᠡᠭᠯᠡᠨ᠂ ᠤᠷᠳᠤ ᠬᠤᠭᠤᠴᠠᠭ᠎ᠠ ᠪᠠᠷ ᠠᠮᠢᠳᠤᠷᠠᠯ ᠦᠢᠯᠡᠳᠪᠦᠷᠢᠯᠡᠯ ᠢᠶᠠᠨ ᠰᠠᠶᠢᠵᠢᠷᠠᠭᠤᠯᠵᠤ ᠴᠢᠳᠠᠬᠤ ᠬᠦᠮᠦᠨ ᠲᠤᠩ ᠴᠦᠬᠡᠨ᠃ ᠤᠯᠤᠭᠰᠠᠨ ᠬᠡᠳᠦᠨ ᠠᠷᠪᠠᠨ ᠲᠦᠮᠡᠨ ᠲᠦᠭᠦᠷᠢᠭ ᠤᠨ ᠲᠦᠯᠦᠪᠦᠷᠢ ᠮᠦᠩᠭᠦ ᠪᠠᠨ ᠬᠡᠳᠦᠨ ᠰᠠᠷ᠎ᠠ ᠶᠢᠨ ᠬᠤᠭᠤᠷᠤᠨᠲᠤ ᠲᠤᠮᠳᠠᠯᠠᠵᠤ ᠬᠤᠭᠤᠰᠤᠯᠠᠭᠠᠳ᠂ ᠦᠵᠡᠬᠦ ᠳᠤ ᠪᠠᠶᠠᠨ ᠪᠤᠯᠪᠠᠴᠤ ᠦᠨᠡᠨᠳᠡᠭᠡᠨ ᠶᠠᠳᠠᠭᠤᠷᠠᠭᠰᠠᠨ ᠲᠠᠷᠢᠶᠠᠴᠢᠨ ᠡᠷᠦᠬᠡ ᠪᠢᠳᠠᠨ ᠤ ᠬᠠᠵᠠᠭᠤ ᠳᠤ ᠮᠤᠩ ᠦᠭᠡᠢ ᠰᠢᠦ᠃    ᠭᠠᠵᠠᠷ ᠰᠢᠷᠦᠢ ᠲᠠᠲᠠᠪᠤᠷᠢᠯᠠᠬᠤ ᠪᠤᠯ ᠤᠯᠤᠰ ᠤᠨ ᠲᠤᠮᠤ ᠶᠠᠪᠤᠳᠠᠯ᠂ ᠭᠠᠵᠠᠷ ᠰᠢᠷᠤᠢ ᠪᠠᠨ ᠲᠠᠲᠠᠪᠤᠷᠢᠯᠠᠭᠳᠠᠭᠰᠠᠨ ᠲᠠᠷᠢᠶᠠᠴᠢᠳ ᠤᠨ ᠠᠮᠢᠳᠤᠷᠠᠯ ᠦᠢᠯᠡᠳᠪᠦᠷᠢᠯᠡᠯ ᠤᠨ ᠰᠠᠶᠢᠵᠢᠷᠠᠯᠲᠠ ᠶᠢ ᠤᠷᠳᠤ ᠬᠤᠭᠤᠴᠠᠭ᠎ᠠ ᠪᠠᠷ ᠪᠠᠲᠤᠯᠠᠬᠤ ᠨᠢ ᠨᠡᠩ ᠴᠢᠬᠤᠯᠠ ᠶᠠᠪᠤᠳᠠᠯ ᠪᠤᠯᠤᠨ᠎ᠠ᠃ ᠤᠯᠠᠩᠬᠢ ᠲᠠᠷᠢᠶᠠᠴᠢᠳ ᠲᠠᠷᠢᠶ᠎ᠠ ᠲᠠᠷᠢᠬᠤ ᠠᠴᠠ ᠤᠳᠤ ᠠᠵᠢᠯ ᠦᠢᠯᠡᠳᠪᠦᠷᠢᠯᠡᠯ ᠳᠤ ᠤᠷᠤᠯᠴᠠᠬᠤ ᠮᠡᠳᠡᠯᠭᠡ ᠮᠡᠷᠭᠡᠵᠢᠯ ᠲᠤᠲᠠᠮᠠᠭ ᠪᠠᠶᠢᠬᠤ ᠠᠴᠠ ᠵᠠᠰᠠᠭ ᠤᠨ ᠤᠷᠳᠤᠨ ᠠᠴᠠ ᠲᠠᠷᠢᠶᠠᠴᠢᠳ ᠲᠤ ᠲᠦᠯᠦᠪᠦᠷᠢ ᠮᠦᠩᠬᠦ ᠦᠭᠭᠦᠭᠡᠳ ᠯᠡ ᠪᠤᠯᠬᠤ ᠲᠡᠳᠦᠢ ᠪᠢᠰᠢ᠂ ᠬᠠᠷᠢᠨ ᠪᠠᠰᠠ ᠲᠠᠷᠢᠶᠠᠴᠢᠳ ᠤᠨ ᠦᠢᠯᠡᠳᠪᠦᠷᠢᠯᠡᠯ ᠠᠮᠢᠳᠤᠷᠠᠯ ᠢ ᠵᠢᠯᠤᠭᠤᠳᠬᠤ᠂ ᠬᠠᠷᠠᠭᠠᠯᠵᠠᠬᠤ᠂ ᠪᠠᠲᠤᠯᠠᠬᠤ ᠡᠭᠦᠷᠭᠡ ᠪᠠ ᠬᠠᠷᠢᠭᠤᠴᠠᠯᠭ᠎ᠠ ᠪᠠᠨ ᠴᠢᠩᠭᠠᠳᠬᠠᠪᠠᠯ ᠵᠦᠢᠲᠠᠢ᠃ ᠲᠦᠯᠦᠪᠦᠷᠢ ᠮᠦᠩᠬᠦ ᠦᠭᠭᠦᠭᠰᠡᠨ ᠤ ᠳᠠᠷᠠᠭ᠎ᠠ ᠲᠠᠷᠢᠶᠠᠴᠢᠳ ᠢ ᠵᠢᠯᠤᠭᠤᠳᠤᠨ ᠵᠦᠪ ᠦᠷᠲᠡᠭ ᠤᠨ ᠦᠵᠡᠯᠲᠡ᠂ ᠵᠦᠪ ᠬᠡᠷᠡᠭᠯᠡᠭᠡᠨ ᠤ ᠦᠵᠡᠯᠲᠡ ᠶᠢ ᠨᠢ ᠲᠡᠭᠡᠭᠰᠢᠯᠡᠭᠦᠯᠵᠦ᠂ ᠵᠤᠭᠤᠰ ᠮᠦᠩᠬᠦ ᠪᠠᠨ ᠬᠡᠷᠬᠢᠨ ᠲᠤᠬᠢᠷᠠᠮᠵᠢᠲᠠᠢ ᠵᠠᠷᠤᠵᠤ ᠬᠡᠷᠡᠭᠯᠡᠬᠦ ᠬᠦᠮᠦᠵᠢᠯ ᠢ ᠬᠦᠷᠲᠡᠭᠡᠨ᠂ ᠤᠯᠤᠭᠰᠠᠨ ᠵᠤᠭᠤᠰ ᠮᠦᠩᠭᠦ ᠶᠢ ᠨᠢ ᠦᠨᠡᠩᠬᠦ ᠦᠢᠯᠡᠳᠪᠦᠷᠢᠯᠡᠯ ᠠᠮᠢᠳᠤᠷᠠᠯ ᠢ ᠨᠢ ᠰᠠᠶᠢᠵᠢᠷᠠᠭᠤᠯᠬᠤ ᠦᠨᠳᠦᠰᠦᠨ ᠠᠰᠠᠭᠤᠳᠠᠯ ᠳᠤ ᠬᠡᠷᠡᠭᠯᠡᠭᠦᠯᠵᠦ᠂ ︽ᠪᠤᠶᠠᠨ ᠵᠢᠷᠭᠠᠯ︾ ᠡᠳ᠋ᠯᠡᠵᠦ ᠰᠠᠭᠤᠬᠤ ᠠᠴᠠ ᠵᠠᠶᠢᠯᠠᠭᠤᠯᠤᠨ᠎ᠠ᠃ ᠮᠡᠷᠭᠡᠵᠢᠯ ᠤᠨ ᠪᠤᠯᠪᠠᠰᠤᠷᠠᠯ ᠬᠦᠷᠲᠡᠭᠡᠵᠦ ᠬᠦᠳᠡᠯᠮᠦᠷᠢ ᠬᠦᠴᠦ ᠭᠠᠷᠭᠠᠬᠤ᠂ ᠦᠢᠯᠡᠰ ᠪᠦᠲᠦᠭᠡᠯᠭᠡᠬᠦ ᠪᠤᠶᠤ ᠠᠵᠢᠯ ᠤᠯᠭᠤᠬᠤ ᠵᠡᠷᠭᠡ ᠲᠡᠯ᠎ᠡ ᠪᠠᠷ ᠬᠦᠴᠦᠯᠡᠨ ᠲᠡᠮᠵᠢᠵᠦ᠂ ᠲᠠᠷᠢᠶᠠᠴᠢᠳ ᠤᠨ ᠦᠢᠯᠡᠳᠪᠦᠷᠢᠯᠡᠯ ᠤᠨ ᠠᠷᠭ᠎ᠠ ᠬᠡᠯᠪᠡᠷᠢ ᠶᠢ ᠵᠢᠯᠤᠭᠤᠳᠤᠨ ᠬᠤᠪᠢᠷᠠᠭᠤᠯᠵᠤ᠂ ᠲᠠᠷᠢᠶᠠᠴᠢᠳ ᠤᠨ ᠤᠷᠤᠯᠭ᠎ᠠ ᠶᠢᠨ ᠢᠷᠡᠯᠲᠡ ᠪᠠ ᠤᠷᠤᠯᠭ᠎ᠠ ᠶᠢᠨ ᠨᠡᠮᠡᠭᠳᠡᠯᠲᠡ ᠶᠢ ᠪᠠᠲᠤᠯᠠᠨ᠎ᠠ᠃ ᠡᠨᠡ ᠨᠢ ᠵᠠᠰᠠᠭ ᠤᠨ ᠤᠷᠳᠤᠨ ᠤ ᠭᠠᠵᠠᠷ ᠰᠢᠷᠦᠢ ᠲᠠᠲᠠᠪᠤᠷᠢᠯᠠᠬᠤ ᠠᠵᠢᠯ ᠢ ᠠᠬᠢᠭᠤᠯᠬᠤ ᠳᠤ ᠲᠤᠰᠠᠲᠠᠢ ᠮᠦᠷᠲᠡᠭᠡᠨ ᠬᠦᠳᠡᠭᠡ ᠲᠤᠰᠬᠤᠨ ᠤ ᠲᠤᠭᠲᠠᠭᠤᠨ ᠢᠶᠠᠷ ᠬᠦᠭᠵᠢᠬᠦ ᠲᠠᠢ ᠨᠢᠭᠲᠠ ᠬᠤᠯᠪᠤᠭ᠎ᠠ ᠲᠠᠢ ᠶᠤᠮ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号