ᠳᠡᠵᠢᠭᠡᠯ ᠡᠪᠡᠰᠥᠨ ᠤ ᠦᠷ᠎ᠡ ᠶᠢᠨ ᠴᠢᠨᠠᠷ ᠤᠨ ᠱᠠᠭᠠᠷᠳᠠᠯᠭ᠎ᠠ
ᠨᠡᠶᠢᠲᠡᠯᠡᠭᠰᠡᠨ ᠴᠠᠭ᠄
2021/8/4
   ᠳᠡᠵᠢᠭᠡᠯ ᠡᠪᠡᠰᠥᠨ ᠤ ᠦᠷ᠎ᠡ ᠶᠢᠨ ᠴᠢᠨᠠᠷ ᠤᠨ ᠰᠠᠶᠢᠨ ᠮᠠᠭᠤ ᠨᠢ ᠳᠠᠷᠢᠬᠤ ᠴᠢᠨᠠᠷ ᠢ ᠰᠢᠭᠤᠳ ᠨᠦᠯᠥᠭᠡᠯᠡᠵᠤ᠂ ᠡᠬᠦᠨ ᠤ ᠤᠯᠠᠮ ᠠᠴᠠ ᠳᠡᠵᠢᠭᠡᠯ ᠡᠪᠡᠰᠥᠨ ᠤ ᠤᠷᠭᠤᠯᠳᠠ ᠪᠤᠯᠤᠨ ᠤᠨᠠᠯᠳᠠ ᠶᠢ ᠨᠦᠯᠥᠭᠡᠯᠡᠳᠡᠭ᠃ ᠡᠶᠢᠮᠥ ᠠᠴᠠ ᠳᠠᠷᠢᠬᠤ ᠠᠴᠠ ᠡᠮᠥᠨ᠎ᠡ ᠵᠠᠪᠳᠤᠵᠤ ᠦᠷ᠎ᠡ ᠶᠢᠨ ᠴᠢᠨᠠᠷ ᠢ ᠪᠠᠶᠢᠴᠠᠭᠠᠬᠤ ᠪᠠ ᠳᠤᠭᠤᠯᠤᠭᠤᠯᠤᠯᠳᠠ ᠬᠢᠵᠤ᠂ ᠳᠠᠷᠢᠬᠤ ᠴᠢᠨᠠᠷ ᠴᠢᠨᠰᠠᠭ᠎ᠠ ᠶᠢ ᠪᠠᠳᠤᠯᠠᠬᠤ ᠬᠡᠷᠡᠭᠳᠡᠢ᠃ ᠴᠢᠨᠠᠷ ᠰᠠᠶᠢᠨ ᠦᠷ᠎ᠡ ᠶᠢᠨ ᠴᠡᠪᠡᠷᠴᠡ ᠨᠢ ᠦᠨᠳᠥᠷ᠂ ᠮᠦᠬᠦᠯᠢᠭ ᠨᠢ ᠲᠦᠬᠦᠷᠡᠩ ᠳᠡᠭᠰᠢ ᠪᠦᠭᠡᠳ ᠠᠮᠢᠳᠤᠷᠠᠯ ᠤᠨ ᠬᠦᠴᠥ ᠨᠢ ᠴᠢᠩᠭ᠎ᠠ᠂ ᠡᠷᠡᠬᠦᠯ ᠴᠢᠬᠢᠷᠠᠭ ᠮᠦᠷᠳᠡᠭᠡᠨ ᠡᠪᠡᠳᠴᠢᠨ ᠬᠤᠷᠤᠬᠠᠢ ᠶᠢᠨ ᠬᠦᠨᠥᠭᠡᠯ ᠦᠬᠡᠢ ᠪᠠᠶᠢᠬᠤ ᠬᠡᠷᠡᠭᠳᠡᠢ᠃    ᠦᠷ᠎ᠡ ᠶᠢᠨ ᠴᠡᠪᠡᠷᠴᠡ ᠳᠤ ᠦᠷ᠎ᠡ ᠶᠢᠨ ᠴᠡᠪᠡᠷ ᠤᠨ ᠬᠡᠮᠵᠢᠶ᠎ᠡ ᠪᠤᠯᠤᠨ ᠴᠤᠯᠤ ᠶᠢᠨ ᠬᠡᠮᠵᠢᠶ᠎ᠡ ᠶᠢ ᠪᠠᠭᠳᠠᠭᠠᠳᠠᠭ᠃ ᠦᠷ᠎ᠡ ᠶᠢᠨ ᠴᠡᠪᠡᠷ ᠤᠨ ᠭᠡᠮᠵᠢᠶ᠎ᠡ ᠬᠡᠳᠡᠭ ᠨᠢ ᠦᠷ᠎ᠡ ᠶᠢᠨ ᠦᠨᠡᠨ ᠪᠤᠳᠠᠳᠥ ᠴᠢᠨᠠᠷ᠂ ᠳᠠᠷᠤᠢ ᠬᠡᠷᠡᠭᠴᠡᠭᠡᠳᠥ ᠳᠡᠵᠢᠭᠡᠯ ᠡᠪᠡᠰᠥᠨ ᠤ ᠰᠤᠷᠲ ᠤᠨ ᠵᠢᠩᠬᠢᠨᠢ ᠦᠷ᠎ᠡ ᠮᠦᠨ᠃ ᠴᠡᠪᠡᠷ ᠤᠨ ᠬᠡᠮᠵᠢᠶ᠎ᠡ ᠨᠢ ᠲᠤᠰ ᠰᠤᠷᠲ ᠤᠨ ᠦᠷ᠎ᠡ ᠳᠤᠳᠤᠷ᠎ᠡ ᠬᠡᠷᠡᠭᠴᠡᠭᠡᠳᠥ ᠦᠷ᠎ᠡ ᠶᠢᠨ ᠡᠵᠡᠯᠡᠬᠦ ᠵᠠᠭᠤᠨ ᠤ ᠬᠠᠷᠢᠴᠠᠯ ᠮᠦᠨ᠃ ᠦᠷ᠎ᠡ ᠶᠢᠨ ᠴᠡᠪᠡᠷᠴᠡ ᠬᠡᠳᠡᠭ ᠨᠢ ᠦᠷ᠎ᠡ ᠳᠤ ᠬᠤᠯᠢᠯᠳᠤᠵᠤ ᠪᠠᠶᠢᠭ᠎ᠠ ᠬᠤᠯᠢᠴᠠ ᠪᠤᠳᠠᠰ ᠢ ᠢᠯᠭᠠᠵᠤ ᠬᠠᠶᠠᠭᠰᠠᠨ ᠤ ᠰᠡᠬᠦᠯᠡᠷ ᠲᠤᠰ ᠰᠤᠷᠲ ᠤᠨ ᠦᠷ᠎ᠡ ᠶᠢᠨ ᠡᠵᠡᠯᠡᠬᠦ ᠬᠠᠷᠢᠴᠠᠯ ᠢ ᠵᠢᠭᠠᠨ᠎ᠠ᠃    ᠦᠷ᠎ᠡ ᠶᠢᠨ ᠬᠤᠯᠢᠴᠡ ᠪᠤᠳᠠᠰ ᠲᠤ ᠬᠡᠢ ᠦᠷ᠎ᠡ᠂ ᠠᠮᠢ ᠲᠠᠢ ᠬᠤᠯᠢᠴᠠ ᠪᠤᠳᠠᠰ ᠪᠤᠯᠤᠨ ᠠᠮᠢ ᠦᠬᠡᠢ ᠬᠤᠯᠢᠴᠠ ᠪᠤᠳᠠᠰ ᠪᠠᠭᠳᠠᠨ᠎ᠠ᠃ ᠬᠡᠢ ᠦᠷ᠎ᠡ ᠳᠤ ᠬᠦᠪᠤᠷᠡᠯ ᠦᠬᠡᠢ ᠦᠷ᠎ᠡ᠂ ᠢᠯᠵᠢᠷᠡᠭᠰᠡᠨ᠂ ᠭᠡᠮᠭᠡᠷᠡᠭᠰᠡᠨ ᠪᠤᠶᠤ ᠬᠠᠪᠳᠠᠭᠠᠢᠢᠷᠠᠭᠰᠠᠨ ᠦᠷ᠎ᠡ ᠪᠠᠭᠳᠠᠬᠤ ᠪᠦᠭᠡᠳ ᠪᠠᠰᠠ ᠭᠡᠮᠳᠥᠵᠤ ᠰᠥᠢᠳᠥᠭᠰᠡᠨ ᠬᠡᠮᠵᠢᠶ᠎ᠡ ᠨᠢ ᠭᠤᠷᠪᠠᠨ ᠤ ᠨᠢᠭᠡ ᠠᠴᠠ ᠬᠡᠳᠥᠷᠡᠬᠦ ᠦᠷ᠎ᠡ ᠪᠠᠭᠳᠠᠨ᠎ᠠ᠃ ᠳᠠᠷᠢᠬᠤ ᠦᠷ᠎ᠡ ᠶᠢᠨ ᠴᠡᠪᠡᠷᠴᠡ ᠶᠢ ᠪᠠᠳᠤᠯᠠᠬᠤ ᠨᠢ ᠮᠠᠰᠢ ᠴᠢᠬᠤᠯᠠ ᠶᠤᠮ᠃ ᠴᠡᠪᠡᠷ ᠤᠨ ᠬᠡᠮᠵᠢᠶ᠎ᠡ ᠦᠨᠳᠥᠷ ᠪᠤᠯ ᠰᠤᠷᠲ ᠤᠨ ᠤᠨᠴᠠᠯᠢᠭ ᠴᠢᠨᠠᠷ ᠢᠶᠠᠨ ᠤᠳᠠᠭᠠᠨ ᠬᠠᠳᠠᠭᠠᠯᠠᠵᠤ ᠴᠢᠳᠠᠳᠠᠭ᠃ ᠬᠡᠷᠪᠡ ᠪᠤᠰᠤᠳ ᠬᠤᠯᠢᠴᠠ ᠦᠷ᠎ᠡ ᠤᠷᠤᠪᠠᠯ ᠤᠤᠯ ᠦᠷ᠎ᠡ ᠶᠢᠨ ᠰᠢᠯᠢᠳᠡᠭ ᠴᠢᠨᠠᠷ ᠢ ᠪᠠᠭᠤᠷᠠᠭᠤᠯᠥᠨ ᠴᠢᠨᠠᠷ ᠴᠢᠨᠰᠠᠭ᠎ᠠ ᠶᠢ ᠨᠢ ᠨᠦᠯᠥᠭᠡᠯᠡᠳᠡᠭ᠃    ᠦᠷ᠎ᠡ ᠶᠢᠨ ᠮᠦᠬᠦᠯᠢᠭ ᠤᠨ ᠶᠡᠭᠡ ᠪᠠᠭ᠎ᠠ ᠨᠢ ᠳᠡᠵᠢᠭᠡᠯ ᠡᠪᠡᠰᠥᠨ ᠤ ᠰᠤᠶᠤᠭᠠᠯᠠᠬᠤ ᠪᠤᠯᠤᠨ ᠤᠷᠭᠤᠬᠤ ᠳᠤ ᠮᠠᠰᠢ ᠶᠡᠭᠡ ᠨᠦᠯᠥᠭᠡ ᠲᠠᠢ ᠪᠠᠶᠢᠳᠠᠭ᠃ ᠢᠵᠢᠯᠭᠡᠨ ᠨᠢᠭᠡ ᠲᠦᠷᠥᠯ ᠤᠨ ᠳᠡᠵᠢᠭᠡᠯ ᠡᠪᠡᠰᠥᠨ ᠤ ᠦᠷ᠎ᠡ ᠶᠢᠨ ᠮᠦᠬᠦᠯᠢᠭ ᠨᠢ ᠲᠤᠮᠤ ᠪᠤᠯ ᠤᠷᠭᠤᠵᠤ ᠭᠠᠷᠬᠤ ᠨᠢᠯᠬ᠎ᠠ ᠴᠢᠬᠢ ᠶᠢᠨ ᠠᠮᠢᠳᠤᠷᠠᠬᠤ ᠬᠦᠴᠥᠨ ᠴᠢᠩᠭ᠎ᠠ᠂ ᠡᠰᠡᠷᠬᠦ ᠪᠠᠷ ᠠᠮᠢᠳᠤᠷᠠᠬᠤ ᠬᠦᠴᠥ ᠨᠢ ᠳᠤᠷᠤᠢ ᠪᠠᠶᠢᠳᠠᠭ᠃ ᠵᠢᠵᠢᠭ ᠮᠦᠬᠦᠯᠢᠭᠳᠦ ᠦᠷ᠎ᠡ ᠲᠠᠢ ᠳᠡᠵᠢᠭᠡᠯ ᠡᠪᠡᠰᠥᠨ ᠤ ᠦᠷ᠎ᠡ ᠶᠢᠨ ᠮᠦᠬᠦᠯᠢᠭ ᠤᠨ ᠳᠡᠰ ᠨᠢ ᠬᠡᠳᠥᠢ ᠦᠨᠳᠥᠷ ᠪᠤᠯ ᠰᠤᠶᠤᠭᠠᠯᠠᠴᠠ ᠨᠢ ᠳᠡᠳᠥᠢ ᠦᠨᠳᠥᠷ ᠪᠠᠶᠢᠳᠠᠭ᠃ ᠡᠬᠦᠨ ᠠᠴᠠ ᠭᠠᠳᠠᠨ᠎ᠠ᠂ ᠴᠢᠨᠠᠷ ᠰᠠᠶᠢᠨ ᠦᠷ᠎ᠡ ᠨᠢ ᠴᠢᠬᠢᠷᠠᠭ ᠪᠦᠭᠡᠳ ᠬᠡᠮᠳᠥᠯ ᠬᠤᠷᠤᠬᠠᠢᠢᠳᠤᠯ ᠦᠬᠡᠢ᠃ ᠤᠷᠭᠤᠮᠠᠯ ᠤᠨ ᠦᠷ᠎ᠡ ᠨᠢ ᠬᠡᠮᠳᠥᠯ ᠬᠤᠷᠤᠬᠠᠢ ᠶᠢ ᠳᠠᠷᠬᠠᠭᠠᠬᠤ ᠴᠢᠬᠤᠯᠠ ᠵᠠᠭᠤᠴᠢ ᠲᠤᠯᠠ ᠦᠷ᠎ᠡ ᠶᠢ ᠳᠠᠷᠢᠬᠤ ᠠᠴᠠ ᠡᠮᠥᠨ᠎ᠡ ᠡᠷᠬᠡᠪᠰᠢ ᠬᠢᠨᠠᠨ ᠪᠠᠶᠢᠴᠠᠭᠠᠯᠳᠠ ᠬᠢᠬᠦ ᠪᠦᠭᠡᠳ ᠵᠤᠬᠢᠰ ᠲᠠᠢ ᠳᠤᠭᠤᠯᠤᠭᠤᠯᠤᠯᠳᠠ ᠬᠢᠵᠤ᠂ ᠳᠠᠷᠬᠠᠭᠠᠭᠴᠢ ᠪᠤᠳᠠᠰ ᠤᠨ ᠴᠢᠨᠠᠷ ᠢ ᠪᠠᠳᠤᠯᠠᠬᠤ ᠬᠡᠷᠡᠭᠳᠡᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号