ᠳ᠋ᠠᠱᠢᠵᠠᠢ ᠲᠡᠷᠭᠡᠨ ᠥᠷᠲᠡᠭᠡᠨ ᠤ ᠪᠠᠶᠢᠯᠳᠤᠭᠠᠨ
ᠨᠡᠶᠢᠲᠡᠯᠡᠭᠰᠡᠨ ᠴᠠᠭ᠄
2022/11/29
    1945 ᠤᠨ ᠤ 8 ᠰᠠᠷ᠎ᠠ ᠶᠢᠨ12 ᠤ ᠡᠳᠦᠷ ᠤᠨ ᠥᠷᠯᠥᠭᠡ ᠂ ᠷᠠᠰᠢᠶᠠᠨ ᠠᠴᠠ ᠬᠤᠶᠠᠷ ᠪᠤᠬ᠎ᠠ ᠲᠡᠷᠭᠡ ᠪᠠᠷ ᠴᠢᠷᠦᠭᠦᠯᠦᠭᠰᠡᠨ ᠬᠦᠮᠦᠨ ᠪᠠᠷᠠᠭ᠎ᠠ ᠬᠤᠯᠢᠮᠠᠭ ᠠᠴᠢᠭᠰᠠᠨ ᠨᠢᠭᠡ ᠴᠤᠪᠤᠭ᠎ᠠ ᠭᠠᠯᠲᠤ ᠲᠡᠷᠭᠡ ᠳ᠋ᠠᠱᠢᠵᠠᠢ ᠵᠦᠭ ᠬᠦᠳᠡᠯᠪᠡ ᠃ ᠭᠠᠯᠲᠤ ᠲᠡᠷᠭᠡᠨ ᠲᠡᠭᠡᠷᠡᠬᠢ 8 ᠠᠶᠠᠨᠴᠢᠳ ᠤᠨ ᠲᠡᠷᠭᠡᠨ ᠸᠠᠭᠤᠨ ᠳ᠋ᠦ ᠶᠠᠫᠤᠨ ᠴᠡᠷᠢᠭ 700᠂ ᠠᠵᠢᠯᠴᠢᠨ 400᠂ ᠰᠣᠷᠣᠭᠴᠢ 300 ᠪᠠᠢᠵᠦ ᠂ 6 ᠪᠠᠷᠠᠭᠠᠨ ᠤ ᠲᠡᠷᠭᠡᠨ ᠸᠠᠭᠤᠨ ᠳ᠋ᠦ ᠪᠦᠷ ᠰᠤᠮᠤ ᠲᠠᠷᠢ ᠲᠦᠭᠦᠷᠡᠳᠡᠯ᠎ᠡ᠎ ᠲᠡᠭᠡᠭᠡᠪᠡ᠃ ᠭᠠᠯᠲᠤ ᠲᠡᠷᠭᠡ ᠳ᠋ᠠᠱᠢᠵᠠᠢ ᠲᠡᠷᠭᠡᠨ ᠥᠷᠲᠡᠭᠡᠨ ᠳᠤ ᠬᠦᠷᠴᠦ ᠲᠡᠷᠭᠡ ᠪᠠᠨ ᠵᠣᠭᠰᠣᠭᠠᠵᠤ᠂ ᠪᠤᠬ᠎ᠠ ᠲᠡᠷᠭᠡᠨ ᠳ᠋ᠦ ᠤᠰᠤᠨ ᠨᠡᠮᠡᠪᠡ ᠃ 8 ᠴᠠᠭ ᠤᠨ ᠦᠶ᠎ᠡ ᠪᠠᠷ᠂ ᠵᠥᠪᠯᠡᠯᠲᠦ ᠶᠢᠨ ᠴᠡᠷᠢᠭ ᠤᠨ ᠬᠤᠰᠢᠭᠤᠴᠢ ᠴᠡᠷᠢᠭ 10 ᠭᠠᠷᠤᠢ ᠲᠠᠩᠺ ᠢᠶᠠᠷ ᠮᠠᠩᠬᠠᠨ ᠠᠢᠯ ᠳ᠋ᠦ ᠳᠤ ᠬᠦᠷᠴᠦ ᠢᠷᠡᠪᠡ᠃ ᠵᠥᠪᠯᠡᠯᠲᠦ ᠶᠢᠨ ᠴᠡᠷᠢᠭ ᠲᠠᠢ ᠤᠴᠠᠷᠠᠭᠰᠠᠨ‌‍ᠶᠠᠫᠤᠨ ᠴᠡᠷᠢᠭ ᠡᠮᠦᠨᠡᠰᠢ ᠵᠢᠭᠤᠳᠠᠭᠰᠠᠨ ᠳᠤ ᠂ ᠵᠥᠪᠯᠡᠯᠲᠦ ᠶᠢᠨ ᠲᠠᠩᠺ ᠬᠤᠶᠢᠨ᠎ᠠ ᠠᠴᠠ ᠨᠢ ᠫᠤᠤᠳᠠᠵᠤ᠂  ᠭᠠᠯᠳᠦ ᠲᠡᠷᠭᠡᠨ ᠤ ᠲᠣᠯᠣᠭᠠᠢ ᠶᠢ ᠡᠪᠳᠡᠵᠦ᠂ ᠭᠠᠯᠲᠤ ᠲᠡᠷᠭᠡ ᠶᠢ ᠳᠡᠯᠪᠡᠴᠢᠨ ᠬᠥᠷᠪᠡᠭᠦᠯᠦᠭᠰᠡᠨ ᠠᠴᠠ ᠪᠤᠯᠵᠤ ᠰᠤᠮᠤ ᠳᠠᠷᠢ  ᠨᠢ ᠳᠡᠯᠪᠡᠷᠡᠵᠦ ᠂ ᠶᠡᠭᠡ ᠭᠠᠯ ᠭᠠᠷᠪᠠ᠃ ᠶᠠᠫᠤᠨ ᠴᠡᠷᠢᠭ ᠭᠠᠯᠳᠦ ᠲᠡᠷᠭᠡᠨ ᠦ ᠦᠷᠦᠭᠡ ᠠᠴᠠ ᠳᠤᠲᠠᠭᠠᠨ ᠭᠠᠷᠴᠤ᠂ ᠲᠤᠬᠠᠢ ᠶᠢᠨ ᠭᠠᠵᠠᠷ  ᠶᠢᠨ ᠲᠡᠮᠦᠷ ᠵᠠᠮ ᠤᠨ ᠵᠡᠭᠦᠨ ᠠᠭᠤᠯᠠ ᠶᠢᠨ ᠣᠷᠣᠢ ᠶᠢ ᠡᠵᠡᠯᠡᠨ ᠪᠤᠷᠤᠩᠬᠤᠶᠢᠯᠠᠨ ᠡᠰᠡᠷᠭᠦᠴᠡᠵᠡᠢ᠃ ᠵᠦᠪᠯᠡᠯᠳᠦ ᠶᠢᠨ ᠴᠡᠷᠢᠭ 300 ᠭᠠᠷᠤᠢ ᠬᠥᠮᠥᠨ ᠂ 20 ᠭᠠᠷᠤᠢ ᠲᠠᠩᠺ ᠳᠠᠶᠢᠨ ᠳᠤ ᠤᠷᠤᠯᠴᠠᠪᠠ᠃ ᠰᠢᠷᠦᠭᠦᠨ ᠲᠤᠯᠤᠯᠳᠤᠭᠠᠨ 3 ᠴᠠᠭ ᠤᠨ ᠳᠠᠷᠠᠭ᠎ᠠ ᠳᠠᠭᠤᠰᠴᠤ ᠂ ᠶᠠᠫᠤᠨ ᠴᠡᠷᠢᠭ ᠪᠠᠷᠤᠭ ᠪᠦᠬᠦᠨ ᠢᠶᠠᠷ ᠢᠶᠠᠨ ᠰᠥᠨᠥᠭᠡᠭᠳᠡᠪᠡ ᠂ ᠠᠵᠢᠯᠴᠢᠨ᠂ ᠰᠤᠷᠤᠭᠴᠢ  ᠶᠢᠨ ᠣᠯᠠᠩᠬᠢ ᠨᠢ ᠦᠬᠦᠵᠦ ᠰᠢᠷᠬᠠᠲᠤᠪᠠ᠃ ᠵᠥᠪᠯᠡᠯᠲᠦ ᠶᠢᠨ ᠴᠡᠷᠢᠭ ᠲᠤ ᠴᠦ ᠡᠳᠦᠢ ᠲᠡᠳᠦᠢ ᠦᠬᠦᠯ ᠰᠢᠷᠬᠠᠲᠤᠯ ᠭᠠᠷᠴᠠᠢ᠃ 
 
ᠢᠷᠡᠯᠲᠡ᠄ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠠᠷᠠᠳ ᠤᠨ ᠵᠠᠰᠠᠭ ᠤᠨ ᠤᠷᠲᠤᠨ ᠤ ᠠᠯᠪᠠᠨ ᠭᠡᠷ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号