ᠲᠠᠪᠤᠨ ᠥᠩᠭᠡᠲᠦ ᠨᠢᠶᠠᠩ ᠪᠤᠤᠪᠤ ᠪᠠᠷ ᠤᠷᠤᠯᠭ᠎ᠠ ᠪᠠᠨ ᠨᠡᠮᠡᠭᠳᠡᠭᠦᠯᠦᠨ᠎ᠡ
ᠨᠡᠶᠢᠲᠡᠯᠡᠭᠰᠡᠨ ᠴᠠᠭ᠄
2024/11/28
   ᠡᠪᠦᠯ ᠤᠨ ᠤᠯᠠᠷᠢᠯ ᠪᠣᠯᠬᠤ ᠳᠤ᠂ ᠠᠯᠳᠠᠷ ᠰᠤᠮᠤ ᠶᠢᠨ ᠳ᠋ᠠ ᠸᠧ ᠫᠦ᠋ ᠲᠣᠰᠬᠤᠨ ᠤ ᠨᠤᠲᠤᠭ ᠲᠠᠭᠠᠨ ᠪᠤᠴᠠᠵᠤ ᠦᠢᠯᠡᠰ ᠪᠤᠰᠬᠠᠬᠰᠠᠨ ᠰᠦᠨ ᠶᠠᠨ ᠬᠤᠩ 4 ᠡᠭᠡᠴᠢ ᠳᠡᠭᠦᠦ ᠪᠠᠨ ᠳᠠᠭᠠᠭᠤᠯᠵᠤ ᠲᠠᠪᠤᠨ ᠥᠩᠭᠡᠲᠦ ᠨᠢᠶᠠᠩ ᠪᠤᠤᠪᠤ ᠡᠬᠢᠯᠡᠨ ᠦᠢᠯᠡᠳᠪᠦᠷᠢᠯᠡᠵᠦ ᠶᠠᠭᠠᠷᠠᠯᠳᠤᠨ᠎ᠠ᠃ ᠲᠡᠳᠡᠨ ᠤ ᠦᠢᠯᠡᠳᠪᠦᠷᠢᠯᠡᠭᠰᠡᠨ ︽ᠨᠦᠩ ᠰᠢᠶᠠᠩ ᠢ︾ ᠨᠢᠶᠠᠩ ᠪᠤᠤᠪᠤ ᠨᠢ ︽ᠬᠤᠳᠠᠯᠳᠤᠭ᠎ᠠ ᠴᠢᠯᠦᠭᠡᠳᠦ ᠳᠡᠯᠭᠡᠭᠦᠷ ᠤᠨ ᠪᠠᠷᠠᠭ᠎ᠠ + ᠡᠯᠧᠺᠲᠷᠤᠨ ᠬᠤᠳᠠᠯᠳᠤᠭᠠᠨ ᠤ ᠲᠠᠪᠴᠠᠩ︾ ᠤᠨ ᠬᠡᠯᠪᠡᠷᠢ ᠪᠠᠷ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤ᠂ ᠤᠯᠠᠭᠠᠨᠬᠤᠳᠠ ᠵᠢᠴᠢ ᠴᠠᠩᠴᠦ᠋ᠨ᠂ ᠮᠦᠭᠳᠡᠨ ᠵᠡᠷᠭᠡ ᠭᠠᠵᠠᠷ ᠢᠶᠠᠷ ᠪᠣᠷᠣᠯᠠᠭᠤᠯᠵᠤ᠂ ᠠᠷᠠᠯᠵᠢᠶ᠎ᠠ ᠮᠠᠶᠢᠮᠠᠢ ᠮᠠᠰᠢ ᠬᠥᠭᠵᠢᠶᠡᠨᠲᠡᠢ ᠪᠣᠯᠪᠠ᠃
粘豆包.jpg
   ᠦᠢᠯᠡᠳᠪᠦᠷᠢᠯᠡᠯ ᠤᠨ ᠲᠠᠰᠤᠭ ᠲᠤ ᠣᠷᠣᠬᠤ ᠳᠤ᠂ ᠤᠯᠠᠮᠵᠢᠯᠠᠯᠲᠤ ᠭᠠᠷ ᠢᠶᠠᠷ ᠬᠢᠭᠰᠡᠨ ᠨᠢᠶᠠᠩ ᠪᠤᠤᠪᠤ ᠨᠢ ᠣᠨᠴᠠᠭᠠᠢ ᠭᠤᠯᠢᠷ ᠤᠨ ᠦᠨᠦᠷ ᠪᠣᠯᠤᠨ ᠪᠤᠷᠴᠠᠭ ᠤᠨ ᠦᠨᠦᠷ ᠠᠭᠠᠷ ᠢᠶᠠᠷ ᠪᠢᠯᠬᠠᠨ᠎ᠠ᠃ ᠠᠬᠠᠮᠠᠳ ᠠᠵᠢᠯᠲᠠᠨ ᠵᠢᠶᠧ ᠰᠧ ᠪᠣᠯᠪᠠᠰᠤᠷᠠᠩᠭᠤᠶ ᠪᠠᠷ ᠨᠢᠶᠠᠩ ᠪᠤᠤᠪᠤ ᠬᠢᠵᠦ ᠪᠠᠶᠢᠯ᠎ᠠ᠃ ᠲᠠᠪᠤᠨ ᠥᠩᠭᠡᠲᠦ ᠨᠢᠶᠠᠩ ᠪᠤᠤᠪᠤ ᠨᠢ ᠭᠤᠤᠯᠳᠠᠭᠤ ᠯᠠᠩᠭᠤᠸᠠ᠂ ᠪᠣᠷᠣ ᠲᠥᠮᠥᠰᠥ᠂ ᠭᠠᠳᠢᠷ᠎ᠠ ᠵᠢᠮᠢᠰ᠂ ᠥᠷᠭᠡᠰᠦᠲᠦ ᠨᠣᠭᠤᠭ᠎ᠠ ᠵᠡᠷᠭᠡ ᠶᠢ ᠲᠣᠰ ᠲᠣᠰ ᠭᠤᠯᠢᠷ ᠳᠣᠲᠣᠷ᠎ᠠ ᠪᠠᠨ ᠬᠢᠵᠦ᠂ ᠴᠠᠭᠠᠨ ᠪᠤᠷᠴᠠᠭ᠂ ᠮᠥᠰᠥᠨ ᠰᠢᠬᠢᠷ᠂ ᠪᠠᠯ ᠢ ᠳᠤᠳᠤᠷ᠎ᠠ ᠨᠢ ᠬᠢᠵᠦ᠂ ᠰᠢᠷ᠎ᠠ᠂ ᠪᠣᠷᠣ᠂ ᠬᠤᠨᠳᠠᠨ᠂ ᠨᠣᠭᠤᠭᠠᠨ᠂ ᠴᠠᠭᠠᠨ ᠲᠠᠪᠤᠨ ᠥᠩᠭᠡ ᠶᠢᠨ ᠨᠢᠶᠠᠩ ᠪᠤᠤᠪᠤ ᠬᠢᠵᠦ᠂ ᠥᠩᠭᠡ ᠨᠢ ᠭᠤᠶᠣ ᠮᠥᠷᠲᠡᠭᠡᠨ ᠢᠳᠡᠭᠡᠨ ᠤ ᠳᠤᠷᠠᠰᠢᠯ ᠲᠠᠢ ᠪᠠᠶᠢᠳᠠᠭ ᠢᠶᠠᠷ ᠪᠠᠷᠠᠬᠤ ᠥᠬᠡᠶ᠂ ᠰᠢᠮ᠎ᠡ ᠲᠡᠵᠢᠭᠡᠯ ᠨᠢ ᠴᠦ ᠡᠯᠪᠡᠭ ᠪᠠᠶᠢᠵᠤ᠂ ᠥᠩᠭᠡ ᠦᠨᠦᠷ ᠠᠮᠲᠠ ᠶᠢ ᠪᠦᠷᠢᠳᠦᠭᠦᠯᠦᠭᠰᠡᠨ ᠠᠮᠲᠠᠲᠤ ᠢᠳᠡᠭᠡᠨ ᠪᠤᠯᠤᠨ᠎ᠠ᠃
粘豆包1.jpg
    ︽ᠣᠳᠣ ᠲᠠᠷᠢᠶᠠᠨ ᠠᠵᠢᠯ ᠢᠶᠠᠨ ᠪᠦᠷ ᠬᠢᠭᠡᠳ ᠪᠠᠷᠠᠴᠢᠬᠠᠭᠰᠠᠨ ᠪᠣᠯᠬᠤᠷ ᠨᠢᠶᠠᠩ ᠪᠤᠤᠪᠤ ᠬᠢᠵᠦ᠂ ᠡᠳᠦᠷ ᠲᠤ ᠪᠠᠷᠤᠭ 100 —120 ᠲᠥᠭᠦᠷᠢᠭ ᠤᠨ ᠣᠷᠣᠯᠭ᠎ᠠ ᠲᠠᠢ᠂ ᠨᠢᠶᠠᠩ ᠪᠤᠤᠪᠤ ᠶᠢ ᠯᠠ ᠰᠠᠷ᠎ᠠ ᠪᠣᠯᠲᠠᠯ᠎ᠠ ᠬᠢᠬᠦ ᠪᠥᠭᠡᠳ ᠵᠢᠯ ᠤᠨ ᠡᠴᠦᠰ ᠪᠣᠯᠬᠤ ᠳᠤ ᠪᠠᠰᠠ ᠵᠦᠭᠡᠷ ᠰᠢᠭ ᠣᠷᠣᠯᠭ᠎ᠠ ᠲᠠᠢ ᠪᠣᠯᠤᠨ᠎ᠠ︾ ᠭᠡᠵᠦ ᠵᠢᠶᠧ ᠰᠧ ᠬᠡᠯᠡᠪᠡ᠃ ᠲᠡᠷᠡ ᠪᠣᠯ ᠳ᠋ᠠ ᠸᠧ ᠫᠦ᠋ ᠲᠣᠰᠬᠤᠨ ᠤ ᠲᠠᠩᠰᠠ ᠡᠪᠬᠡᠮᠡᠯ ᠺᠠᠷᠲᠯᠠᠨ ᠪᠠᠶᠢᠭᠤᠯᠤᠭᠰᠠᠨ ᠶᠠᠳᠠᠭᠤ ᠠᠴᠠ ᠠᠩᠭᠢᠵᠢᠷᠠᠭᠰᠠᠨ ᠡᠷᠦᠬᠡ ᠪᠣᠯᠤᠨ᠎ᠠ᠂ ᠬᠡᠷ ᠤᠨ ᠡᠭᠦᠳᠡᠨ ᠳᠤ ᠠᠵᠢᠯ ᠲᠠᠢ ᠪᠣᠯᠪᠠᠯ ᠭᠠᠳᠠᠭᠰᠢ ᠭᠠᠷᠴᠤ ᠬᠥᠯᠥᠰᠥᠨ ᠠᠵᠢᠯ ᠬᠢᠬᠦ ᠬᠡᠷᠡᠭ ᠥᠬᠡᠶ ᠮᠥᠷᠲᠡᠭᠡᠨ ᠬᠡᠷ ᠪᠦᠯᠢ ᠪᠠᠨ ᠬᠠᠷᠠᠭᠠᠯᠵᠠᠵᠤ ᠴᠢᠳᠠᠨ᠎ᠠ᠂ ᠥᠩᠭᠡᠷᠡᠭᠰᠡᠨ ᠵᠢᠯ ᠤᠳ ᠲᠠᠢ ᠬᠠᠷᠢᠴᠠᠭᠤᠯᠪᠠᠯ ᠶᠠᠭᠠᠷᠠᠤ ᠮᠦᠷᠳᠡᠭᠡᠨ ᠤᠳᠬ᠎ᠠ ᠠᠭᠤᠯᠭ᠎ᠠ ᠲᠠᠢ ᠪᠤᠯᠵᠠᠢ᠃ ᠰᠦᠨ ᠶᠠᠨ ᠬᠤᠩ ᠤᠨ ᠨᠢᠶᠠᠩ ᠪᠤᠤᠪᠤ ᠶᠢᠨ ᠦᠢᠯᠡᠳᠪᠦᠷᠢ ᠡᠪᠦᠯ ᠪᠣᠯᠭᠠᠨ ᠲᠤᠰ ᠭᠠᠵᠠᠷ ᠤᠨ ᠠᠵᠢᠯᠴᠢᠨ ᠢ ᠬᠥᠯᠥᠰᠥᠯᠡᠵᠦ᠂ ᠨᠡᠶᠢᠲᠡ 15 ᠲᠣᠰᠬᠤᠨ ᠤ ᠠᠷᠠᠳ  ᠲᠤ ᠠᠵᠢᠯ ᠤᠯᠭᠤᠨ ᠠᠰᠢᠭ ᠬᠦᠷᠳᠡᠭᠡᠵᠡᠢ᠃    ᠬᠡᠳᠦᠨ ᠵᠢᠯ ᠤᠨ ᠲᠤᠷᠰᠢ᠂ ᠳ᠋ᠠ ᠸᠧ ᠫᠦ᠋ ᠲᠣᠰᠬᠤᠨ ᠤ ᠲᠠᠪᠤᠨ ᠥᠩᠭᠡᠲᠦ ᠨᠢᠶᠠᠩ ᠪᠤᠤᠪᠤ ᠨᠢ ᠬᠤᠯᠠ ᠤᠶᠢᠷ᠎ᠠ  ᠳᠠᠭᠠᠨ ᠨᠡᠷ᠎ᠡ ᠠᠯᠳᠠᠷᠰᠢᠵᠦ᠂ ᠵᠠᠬᠢᠶᠠᠯᠠᠭ᠎ᠠ ᠶᠢᠨ ᠬᠠᠭᠤᠳᠠᠰᠤ ᠲᠠᠰᠤᠷᠠᠯᠲᠠ ᠥᠬᠡᠶ ᠣᠯᠠᠰᠢᠷᠠᠨ᠂ ᠨᠢᠶᠠᠩ ᠪᠤᠤᠪᠤ ᠶᠢᠨ ᠬᠠᠩᠭᠠᠯᠭ᠎ᠠ ᠨᠢ ᠬᠡᠷᠡᠭᠴᠡᠭᠡ ᠳᠡᠭᠡᠨ ᠬᠥᠷᠬᠦ ᠥᠬᠡᠶ ᠪᠣᠯᠪᠠ᠃ ᠡᠭᠦᠨ ᠳᠤ ᠳ᠋ᠡ ᠸᠧ ᠫᠦ᠋ ᠲᠣᠰᠬᠤᠨ ᠤ ᠨᠠᠮ ᠤᠨ ᠡᠭᠦᠷ ᠤᠨ ᠬᠦᠴᠦᠲᠡᠶ ᠳᠡᠮᠵᠢᠯᠭᠡ ᠠᠴᠠ ᠰᠠᠯᠵᠤ ᠴᠢᠳᠠᠬᠤ ᠦᠭᠡᠢ᠂ ᠲᠣᠰᠬᠤᠨ ᠤ ︽ᠬᠤᠶᠠᠷ ᠵᠥᠪᠯᠡᠯ︾ ᠰᠠᠨᠠᠭᠠᠴᠢᠯᠠᠭ᠎ᠠ ᠠᠴᠠ ᠪᠠᠨ ᠬᠠᠪᠰᠤᠷᠤᠨ ᠪᠣᠷᠣᠯᠠᠭᠤᠯᠭ᠎ᠠ ᠶᠢ ᠤᠬᠠᠭᠤᠯᠵᠤ᠂ ᠬᠦᠴᠢᠷᠳᠡᠯ ᠢ ᠨᠢ ᠰᠢᠢᠳᠪᠤᠷᠢᠯᠡᠨ ᠥᠭᠴᠦ᠂ 2024 ᠣᠨ ᠳᠤ ᠲᠣᠰᠬᠤᠨ ᠤ ᠬᠠᠮᠲᠤ ᠠᠴᠠ 30 ᠲᠦᠮᠡᠨ ᠲᠥᠭᠦᠷᠢᠭ ᠤᠨ ᠪᠡᠯᠡ ᠮᠥᠩᠭᠦ ᠭᠠᠷᠭᠠᠵᠤ ᠦᠢᠯᠡᠳᠪᠦᠷᠢ ᠶᠢᠨ ᠭᠡᠷ ᠪᠠᠶᠢᠰᠢᠩ ᠢ ᠥᠷᠭᠡᠳᠬᠡᠨ ᠪᠠᠶᠢᠭᠤᠯᠬᠤ ᠳᠤ ᠬᠠᠪᠰᠤᠷᠴᠤ᠂ ᠠᠰᠢᠭ ᠬᠤᠪᠢᠶᠠᠬᠤ ᠬᠡᠯᠪᠡᠷᠢ ᠪᠠᠷ ᠲᠣᠰᠬᠤᠨ ᠤ ᠬᠠᠮᠲᠤ ᠶᠢᠨ ᠣᠷᠣᠯᠭ᠎ᠠ ᠶᠢ ᠨᠡᠮᠡᠭᠳᠡᠭᠦᠯᠵᠡᠶ᠃ ᠣᠳᠣᠬᠠᠨ ᠳᠤ᠂ ᠨᠢᠶᠠᠩ ᠪᠤᠤᠪᠤ ᠶᠢᠨ ᠦᠢᠯᠡᠳᠪᠦᠷᠢ ᠶᠢᠨ ᠬᠡᠪᠴᠢᠶ᠎ᠡ ᠥᠷᠭᠡᠳᠴᠦ᠂ ᠲᠥᠬᠦᠭᠡᠷᠦᠮᠵᠢ ᠨᠢ ᠪᠦᠷᠢᠨ ᠭᠦᠢᠴᠡᠳ ᠪᠤᠯᠵᠤ᠂ ᠰᠠᠶ᠋ᠢ 5 ᠡᠳᠦᠷ ᠦᠢᠯᠡᠳᠪᠦᠷᠢᠯᠡᠭᠡᠳ ᠨᠢᠭᠡᠨᠲᠡ 2000 ᠵᠢᠩ ᠨᠢᠶᠠᠩ ᠪᠤᠤᠪᠤ ᠶᠢ ᠬᠤᠳᠠᠯᠳᠤᠨ ᠭᠠᠷᠭᠠᠪᠠ᠃ ︽ᠤᠳᠤ ᠪᠢᠳᠡᠨ ᠠᠴᠠ ᠨᠢᠶᠠᠩ ᠪᠤᠤᠪᠤ ᠬᠤᠳᠠᠯᠳᠤᠨ ᠠᠪᠬᠤ ᠬᠥᠮᠦᠨ ᠮᠠᠰᠢ ᠤᠯᠠᠨ᠂ ᠰᠠᠶ᠋ᠢᠬᠠᠨ ᠪᠠᠰᠠ 4000 ᠵᠢᠩ ᠤᠨ ᠵᠠᠬᠢᠶᠠᠯᠠᠭ᠎ᠠ ᠶᠢᠨ ᠤᠲᠠᠰᠤ ᠶᠢ ᠲᠣᠰᠴᠤ᠂ 2023 ᠣᠨ ᠳᠤ ᠪᠢᠳᠡᠨ ᠤ ᠪᠣᠷᠣᠯᠠᠭᠤᠯᠭ᠎ᠠ ᠶᠢᠨ ᠬᠡᠮᠵᠢᠶ᠎ᠡ 35 ᠲᠦᠮᠡ ᠳᠤ ᠬᠦᠷᠴᠦ᠂ ᠡᠨᠡ ᠵᠢᠯ ᠵᠢᠱᠢᠯᠲᠡ ᠪᠠᠷ 60 ᠲᠦᠮᠡ ᠳᠤ ᠬᠦᠷᠬᠦ ᠪᠣᠯᠤᠨ᠎ᠠ︾ ᠭᠡᠵᠦ ᠰᠦᠨ ᠶᠠᠨ ᠬᠤᠩ ᠬᠡᠯᠡᠪᠡ᠃
 
ᠢᠷᠡᠯᠲᠡ᠄ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号