| 4 ᠰᠠᠷ᠎ᠠ ᠶᠢᠨ 8 ᠤ ᠡᠳᠥᠷ᠂ ᠰᠤᠷᠪᠤᠯᠵᠢᠯᠠᠭᠴᠢ ᠬᠢᠨᠭ᠍ᠭᠠᠨ ᠠᠶᠢᠮᠠᠭ ᠤᠨ ᠬᠤᠷᠴᠢᠨ ᠪᠠᠷᠠᠭᠤᠨ ᠭᠠᠷᠥᠨ | ᠡᠮᠥᠨᠡᠳᠥ ᠬᠤᠰᠢᠭᠤᠨ ᠤ ᠨᠤᠮ ᠤᠨ ᠰᠠᠩ ᠳᠤ ᠬᠦᠷᠬᠦ ᠳᠤ᠂ ᠵᠠᠰᠠᠭᠳᠥ ᠬᠤᠪᠴᠠᠰᠥ ᠵᠠᠰᠠᠯ ᠤᠨ ᠠᠶᠢᠮᠠᠭ ᠤᠨ | ᠳᠡᠰ ᠤᠨ ᠪᠤᠳᠠᠰ ᠤᠨ ᠪᠤᠰᠥ ᠰᠤᠶᠤᠯ ᠤᠨ ᠦᠪ ᠤᠨ ᠦᠪᠯᠡᠨ ᠤᠯᠠᠮᠵᠢᠯᠠᠭᠴᠢ ᠮᠧᠩ ᠯᠢ ᠰᠢᠨ ᠠᠴᠠ ᠤᠷᠠᠨ | ᠪᠦᠰᠡᠭᠦᠶᠢᠴᠦᠳ ᠲᠤ ᠬᠢᠴᠢᠶᠡᠯ ᠤᠷᠤᠵᠤ ᠪᠠᠶᠢᠪᠠ᠃ | ᠲᠤᠰ ᠤᠳᠠᠭᠠᠨ ᠤ ᠪᠤᠯᠪᠠᠰᠤᠷᠠᠯ ᠢ ᠬᠤᠷᠴᠢᠨ ᠪᠠᠷᠠᠭᠤᠨ ᠭᠠᠷᠥᠨ ᠡᠮᠥᠨᠡᠳᠥ ᠬᠤᠰᠢᠭᠤᠨ ᠤ ᠰᠤᠶᠤᠯ | ᠵᠢᠭᠤᠯᠴᠢᠯᠠᠯ ᠪᠡᠶ᠎ᠡ ᠶᠢᠨ ᠲᠠᠮᠢᠷ ᠤᠨ ᠲᠤᠪᠴᠢᠶ᠎ᠠ ᠠᠴᠠ ᠭᠤᠤᠯᠯᠠᠨ ᠡᠷᠬᠢᠯᠡᠵᠤ᠂ ᠬᠤᠷᠴᠢᠨ ᠪᠠᠷᠠᠭᠤᠨ ᠭᠠᠷᠥᠨ | ᠡᠮᠥᠨᠡᠳᠥ ᠬᠤᠰᠢᠭᠤᠨ ᠤ ᠪᠤᠳᠠᠰ ᠤᠨ ᠪᠤᠰᠥ ᠰᠤᠶᠤᠯ ᠤᠨ ᠦᠪ ᠢ ᠬᠠᠮᠠᠭᠠᠯᠠᠬᠤ ᠲᠦᠪ ᠪᠤᠯᠤᠨ ᠬᠤᠷᠴᠢᠨ ᠪᠠᠷᠠᠭᠤᠨ | ᠭᠠᠷᠥᠨ ᠡᠮᠥᠨᠡᠳᠥ ᠬᠤᠰᠢᠭᠤᠨ ᠤ ᠵᠢᠷᠭᠠᠯᠮᠡ ᠦᠨᠳᠥᠰᠥᠳᠡᠨ ᠤ ᠬᠤᠪᠴᠠᠰᠥ ᠵᠠᠰᠠᠯ ᠤᠨ ᠳᠡᠯᠭᠡᠬᠦᠷ ᠠᠴᠠ ᠬᠠᠮᠳᠤᠷᠠᠨ | ᠡᠷᠬᠢᠯᠡᠪᠡ᠃ ᠲᠤᠰ ᠤᠳᠠᠭᠠᠨ ᠤ ᠪᠤᠯᠪᠠᠰᠤᠷᠠᠯ ᠨᠢ 4 ᠰᠠᠷ᠎ᠠ ᠶᠢᠨ 8 — 14 ᠤ ᠡᠳᠥᠷ ᠪᠤᠯᠳᠡᠯ᠎ᠡ ᠤᠨᠤᠯ | ᠥᠢᠯᠡᠳᠥᠯᠭᠡ ᠶᠢ ᠤᠶᠠᠯᠳᠤᠭᠤᠯᠬᠤ ᠬᠡᠯᠪᠡᠷᠢ ᠪᠠᠷ᠂ ᠡᠬᠦᠳᠥᠨ ᠪᠦᠳᠥᠭᠡᠬᠦ ᠰᠡᠳᠬᠢᠬᠦᠢ᠂ ᠵᠢᠷᠤᠵᠤ ᠲᠦᠯᠥᠪᠯᠡᠬᠦ ᠤᠷ᠎ᠡ | ᠳᠡᠮ ᠵᠢᠴᠢ ᠦᠡᠭᠭᠡ ᠪᠤᠳᠤᠭ ᠳᠤᠬᠢᠷᠠᠭᠤᠯᠬᠤ ᠵᠡᠷᠭᠡ ᠤᠯᠠᠨ ᠳᠠᠯ᠎ᠠ ᠠᠴᠠ ᠪᠤᠯᠪᠠᠰᠤᠷᠠᠯ ᠳᠤ ᠤᠷᠤᠯᠴᠠᠬᠰᠡᠳ ᠲᠤ | ᠵᠠᠰᠠᠭᠳᠥ ᠬᠤᠪᠴᠠᠰᠥ ᠵᠠᠰᠠᠯ ᠬᠢᠬᠦ ᠤᠷ᠎ᠡ ᠮᠡᠷᠭᠡᠵᠢᠯ ᠢ ᠨᠠᠷᠢᠯᠢᠭ ᠰᠢᠰᠲ᠋ᠧᠮ ᠲᠠᠢ ᠵᠢᠭᠠᠬᠤ ᠪᠤᠯᠤᠨ᠎ᠠ᠃ | ︽ᠵᠠᠰᠠᠭᠳᠥ ᠬᠤᠪᠴᠠᠰᠥ ᠵᠠᠰᠠᠯ ᠨᠢ ᠲᠦᠷᠥᠬᠦᠭᠡᠨ ᠨᠠᠢᠮᠠᠳᠤᠭᠠᠷ ᠪᠦᠯᠥᠭ ᠤᠨ ᠦᠪᠡᠷᠳᠡᠭᠡᠨ ᠵᠠᠰᠠᠬᠤ | ᠤᠷᠤᠨ ᠤ ᠳᠡᠰ ᠤᠨ ᠪᠤᠳᠠᠰ ᠤᠨ ᠪᠤᠰᠥ ᠰᠤᠶᠤᠯ ᠤᠨ ᠦᠪ ᠤᠨ ᠲᠦᠯᠥᠭᠡᠯᠡᠬᠦ ᠴᠢᠨᠠᠷᠳᠠᠢ ᠲᠦᠷᠥᠯ ᠵᠥᠢᠯ ᠢᠶᠠᠷ | ᠨᠡᠷᠡᠯᠡᠭᠳᠡᠵᠡᠢ᠃ ᠵᠠᠰᠠᠭᠳᠥ ᠬᠤᠪᠴᠠᠰᠥ ᠵᠠᠰᠠᠯ ᠤᠨ ᠠᠶᠢᠮᠠᠭ ᠤᠨ ᠳᠡᠰ ᠤᠨ ᠪᠤᠳᠠᠰ ᠤᠨ ᠪᠤᠰᠥ ᠰᠤᠶᠤᠯ ᠤᠨ | ᠦᠪ ᠤᠨ ᠦᠪᠯᠡᠨ ᠤᠯᠠᠮᠵᠢᠯᠠᠭᠴᠢ ᠪᠤᠯᠤᠭᠰᠠᠨ ᠤ ᠬᠤᠪᠢ ᠳᠤ ᠤᠶᠢᠷ᠎ᠠ ᠬᠠᠪᠢ ᠶᠢᠨ ᠤᠶᠤᠳᠠᠯᠴᠢᠨ | ᠪᠦᠰᠡᠭᠦᠶᠢᠴᠦᠳ ᠲᠠᠢ ᠪᠠᠨ ᠬᠠᠮᠳᠥ ᠤᠶᠤᠳᠠᠯ ᠤᠨ ᠮᠡᠷᠭᠡᠵᠢᠯ ᠢᠶᠠᠨ ᠰᠤᠯᠢᠯᠴᠠᠨ᠂ ᠬᠠᠮᠳᠥ ᠳᠤ ᠪᠠᠨ ᠰᠤᠷᠤᠯᠴᠠᠨ᠂ | ᠡ᠊ᠨᠡᠬᠦ ᠡᠷᠬᠢᠮ ᠨᠠᠨᠳᠢᠨ ᠦᠪ ᠰᠤᠶᠤᠯ ᠢᠶᠠᠨ ᠤᠯᠠᠮ ᠰᠠᠶᠢᠨ ᠤᠯᠠᠮᠵᠢᠯᠠᠨ ᠬᠦᠭᠵᠢᠬᠦᠯᠬᠦ ᠪᠠᠷ ᠴᠢᠷᠮᠠᠶᠢᠵᠤ ᠪᠠᠶᠢᠨ᠎ᠠ︾ | ᠭᠡᠵᠤ ᠮᠧᠩ ᠯᠢ ᠰᠢᠨ ᠬᠡᠯᠡᠪᠡ᠃ | ᠲᠤᠰ ᠤᠳᠠᠭᠠᠨ ᠤ ᠪᠤᠯᠪᠠᠰᠤᠷᠠᠯ ᠳᠤ ᠬᠠᠷᠢᠶ᠎ᠠ ᠤᠷᠤᠨ ᠤ 30 ᠭᠠᠷᠤᠢ ᠤᠶᠤᠳᠠᠯᠴᠢᠨ ᠪᠦᠰᠡᠬᠦᠢ ᠨᠡᠷ᠎ᠡ | ᠮᠡᠳᠡᠬᠦᠯᠥᠨ ᠤᠷᠤᠯᠴᠠᠵᠤ᠂ ᠨᠠᠷᠢᠯᠢᠭ ᠰᠢᠰᠲ᠋ᠧᠮ ᠲᠠᠢ ᠪᠤᠯᠪᠠᠰᠤᠷᠠᠯ ᠢᠶᠠᠷ ᠳᠠᠮᠵᠢᠨ᠂ ᠤᠯᠠᠨ ᠳᠤ ᠵᠠᠰᠠᠭᠳᠥ | ᠬᠤᠪᠴᠠᠰᠥ ᠵᠠᠰᠠᠯ ᠬᠢᠬᠦ ᠳᠤᠬᠠᠢ ᠰᠠᠭᠤᠷᠢ ᠮᠡᠳᠡᠯᠭᠡ ᠶᠢ ᠡᠵᠡᠮᠰᠢᠬᠦᠯᠥᠭᠰᠡᠨ ᠢᠶᠠᠷ ᠪᠠᠷᠠᠬᠤ ᠦᠬᠡᠢ᠂ ᠤᠶᠤᠳᠠᠯᠴᠢᠨ | ᠪᠦᠰᠡᠭᠦᠶᠢᠴᠦᠳ ᠤᠨ ᠠᠵᠢᠯ ᠤᠨ ᠴᠢᠯᠥᠭᠡᠨ ᠤ ᠰᠤᠶᠤᠯ ᠤᠨ ᠠᠮᠢᠳᠤᠷᠠᠯ ᠢ ᠨᠢ ᠪᠠᠶᠠᠯᠢᠬᠵᠢᠭᠤᠯᠵᠤ᠂ ᠳᠤᠮᠳᠠᠳᠥ ᠶᠢᠨ | ᠦᠨᠳᠥᠰᠥᠳᠡᠨ ᠤ ᠰᠢᠯᠢᠳᠡᠭ ᠤᠯᠠᠮᠵᠢᠯᠠᠯᠳᠥ ᠰᠤᠶᠤᠯ ᠤᠨ ᠷᠢᠳᠢ ᠰᠢᠳᠢ ᠶᠢ ᠮᠡᠳᠡᠷᠡᠬᠦᠯᠥᠭᠰᠡᠨ ᠪᠠᠶᠢᠨ᠎ᠠ᠃ ᠤᠷᠠᠨᠲᠤᠳᠢ | ᠮᠡᠳᠡᠬᠡᠯᠡᠪᠡ | |