| 5 ᠰᠠᠷ᠎ᠠ ᠶᠢᠨ 29 ᠤ ᠡᠳᠦᠷ᠂ ︽ᠬᠥᠮᠦᠨ ᠪᠦᠬᠦᠨ ᠠᠮᠤᠷ ᠲᠦᠪᠰᠢᠨ ᠢ ᠡᠷᠬᠢᠮᠯᠡᠵᠦ᠂ ᠬᠦᠮᠦᠨ ᠪᠤᠯᠭᠠᠨ | ᠪᠠᠴᠢᠮ ᠪᠠᠶᠢᠳᠠᠯ ᠢ ᠠᠷᠭᠠᠴᠠᠭᠠᠵᠤ ᠴᠢᠳᠠᠨ᠎ᠠ — ᠳᠡᠷᠭᠡᠳᠡᠬᠢ ᠠᠮᠤᠷ ᠲᠦᠪᠰᠢᠨ ᠤ ᠬᠡᠮ ᠰᠣᠭᠤᠭ ᠢ ᠪᠠᠶᠢᠴᠠᠭᠠᠬᠤ︾ | ᠪᠠᠷ ᠭᠤᠤᠯ ᠰᠡᠳᠦᠪ ᠪᠣᠯᠭᠠᠭᠰᠠᠨ 2025 ᠣᠨ ᠤ ᠪᠥᠬᠦ ᠠᠶᠢᠮᠠᠭ ᠤᠨ ︽ᠠᠶᠤᠯᠭᠦᠶ ᠦᠢᠯᠡᠳᠪᠤᠷᠢᠯᠡᠯ ᠤᠨ ᠰᠠᠷ᠎ᠠ︾ | ᠶᠢᠨ ᠡᠬᠢᠯᠡᠯᠲᠡ ᠶᠢᠨ ᠶᠣᠰᠣᠯᠠᠯ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠳᠤ ᠶᠠᠪᠤᠭᠳᠠᠪᠠ᠃ ᠬᠢᠩᠭᠠᠨ | ᠠᠶᠢᠮᠠᠭ ᠤᠨ ᠨᠠᠮ ᠤᠨ ᠬᠤᠷᠢᠶ᠎ᠠ ᠶᠢᠨ ᠭᠡᠰᠢᠭᠦᠨ᠂ ᠪᠠᠶᠢᠩᠭᠤ ᠶᠢᠨ ᠳᠡᠳ᠋ ᠳᠠᠷᠤᠭ᠎ᠠ᠂ ᠠᠶᠢᠮᠠᠭ ᠤᠨ ᠠᠶᠤᠯᠭᠦᠶ | ᠦᠢᠯᠡᠳᠪᠦᠷᠢᠯᠡᠯ ᠤᠨ ᠵᠥᠪᠯᠡᠯ ᠤᠨ ᠪᠠᠶᠢᠩᠭᠤ ᠶᠢᠨ ᠳᠡᠳ᠋ ᠡᠷᠬᠢᠯᠡᠭᠴᠢ ᠯᠢᠶᠠᠨ ᠳ᠋ᠦᠩ᠂ ᠠᠶᠢᠮᠠᠭ ᠤᠨ ᠵᠠᠬᠢᠷᠭ᠎ᠠ ᠶᠢᠨ | ᠳᠡᠳ᠋ ᠨᠠᠷᠢᠨ ᠪᠢᠴᠢᠭ ᠤᠨ ᠳᠠᠷᠤᠭ᠎ᠠ ᠯᠢᠦ ᠶᠢᠨ ᠪᠥᠸᠧ᠂ ᠠᠶᠢᠮᠠᠭ ᠤᠨ ᠠᠶᠤᠯᠭᠦᠢ ᠦᠢᠯᠡᠳᠪᠦᠷᠢᠯᠡᠯ ᠤᠨ ᠵᠥᠪᠯᠡᠯ ᠤᠨ | ᠳᠡᠳ᠋ ᠡᠷᠬᠢᠯᠡᠭᠴᠢ᠂ ᠪᠠᠴᠢᠮ ᠪᠠᠶᠢᠳᠠᠯ ᠢ ᠠᠷᠭᠠᠴᠠᠭᠠᠬᠤ ᠬᠠᠮᠢᠶᠠᠷᠤᠯᠲᠠ ᠶᠢᠨ ᠲᠤᠪᠴᠢᠶ᠎ᠠ ᠶᠢᠨ ᠳᠠᠷᠤᠭ᠎ᠠ ᠰᠦ᠋ ᠹᠧᠩ | ᠵᠢᠶᠤᠤ᠂ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠨᠠᠮ ᠤᠨ ᠬᠤᠷᠢᠶᠠᠨ ᠤ ᠳᠡᠳ᠋ ᠱᠦᠵᠢ᠂ | ᠬᠤᠰᠢᠭᠤᠨ ᠳᠠᠷᠤᠭ᠎ᠠ ᠯᠢᠦ ᠬᠠᠢ ᠲᠤᠤ᠂ ᠠᠶᠢᠮᠠᠭ ᠤᠨ ᠭᠠᠯ ᠰᠡᠷᠭᠡᠶᠢᠯᠡᠵᠦ ᠤᠨᠲᠠᠷᠠᠭᠠᠬᠤ ᠠᠪᠤᠷᠠᠨ ᠲᠤᠰᠠᠯᠠᠬᠤ | ᠰᠠᠯᠪᠤᠷᠢ ᠠᠩᠬᠢ ᠶᠢᠨ ᠳᠠᠷᠤᠭ᠎ᠠ ᠰᠦᠨ ᠵᠢᠶᠠᠨ᠂ ᠠᠶᠢᠮᠠᠭ ᠤᠨ ᠤᠢ ᠰᠢᠭᠤᠢ ᠶᠢᠨ ᠭᠠᠯ ᠰᠡᠷᠭᠡᠶᠢᠯᠡᠵᠦ ᠤᠨᠲᠠᠷᠠᠭᠠᠬᠤ | ᠰᠠᠯᠪᠤᠷᠢ ᠠᠩᠬᠢ ᠶᠢᠨ ᠳᠠᠷᠤᠭ᠎ᠠ ᠯᠢ ᠪᠦᠦ ᠳ᠋ᠦᠩ᠂ ᠳᠤᠮᠳᠠᠳᠤ ᠤᠯᠤᠰ ᠤᠨ ᠳ᠋ᠠ ᠳ᠋ᠢ ᠳᠠᠭᠠᠳᠬᠠᠯ ᠤᠨ ᠬᠢᠩᠭᠠᠨ | ᠰᠠᠯᠪᠤᠷᠢ ᠺᠣᠮᠫᠠᠨᠢ ᠶᠢᠨ ᠬᠠᠷᠢᠭᠤᠴᠠᠯᠭᠠᠲᠠᠨ ᠵᠢᠴᠢ ᠠᠶᠢᠮᠠᠭ ᠬᠤᠰᠢᠭᠤ ᠬᠤᠶᠠᠷ ᠱᠠᠲᠤᠨ ᠤ ᠠᠶᠤᠯᠭᠦᠢ | ᠦᠢᠯᠡᠳᠪᠦᠷᠢᠯᠡᠯ ᠤᠨ ᠵᠥᠪᠯᠡᠯ ᠤᠨ ᠪᠦᠷᠢᠯᠳᠦᠬᠦᠨ ᠨᠢᠭᠡᠴᠢ᠂ ᠠᠶᠢᠮᠠᠭ ᠤᠨ ᠳᠣᠲᠣᠷᠠᠬᠢ ᠭᠤᠣᠯᠳᠠᠯᠭ᠎ᠠ ᠲᠠᠢ ᠠᠵᠤ | ᠠᠬᠤᠶᠢᠯᠠᠯ ᠤᠨ ᠬᠠᠷᠢᠭᠤᠴᠠᠯᠭᠠᠲᠠᠨ ᠨᠠᠷ ᠡᠬᠢᠯᠡᠯᠲᠡ ᠶᠢᠨ ᠶᠣᠰᠣᠯᠠᠯ ᠳᠤ ᠣᠷᠣᠯᠴᠠᠪᠠ᠃ | ᠡᠬᠢᠯᠡᠯᠲᠡ ᠶᠢᠨ ᠶᠣᠰᠣᠯᠠᠯ ᠳᠡᠭᠡᠷ᠎ᠡ᠂ ᠯᠢᠶᠠᠨ ᠳ᠋ᠦᠩ 2025 ᠣᠨ ᠤ ᠬᠢᠩᠭᠠᠨ ᠠᠶᠢᠮᠠᠭ ᠤᠨ ᠠᠶᠤᠯᠭᠦᠢ | ᠦᠢᠯᠡᠳᠪᠦᠷᠢᠯᠡᠯ ᠤᠨ ᠰᠠᠷ᠎ᠠ ᠶᠢᠨ ᠠᠵᠢᠯᠯᠠᠭ᠎ᠠ ᠵᠢᠩᠬᠢᠨᠢ ᠪᠠᠷ ᠡᠬᠢᠯᠡᠭᠰᠡᠨ ᠢ ᠨᠡᠶᠢᠲᠡᠯᠡᠪᠡ᠃ ᠲᠡᠷᠡ᠂ ᠡᠨᠡ ᠵᠢᠯ ᠤᠨ 6 | ᠰᠠᠷ᠎ᠠ ᠪᠣᠯ ᠬᠤᠷᠢᠨ ᠳᠥᠷᠪᠡᠳᠦᠭᠡᠷ ᠪᠦᠬᠦ ᠤᠯᠤᠰ ᠤᠨ ᠠᠶᠤᠯᠭᠦᠢ ᠦᠢᠯᠡᠳᠪᠦᠷᠢᠯᠡᠯ ᠤᠨ ᠰᠠᠷ᠎ᠠ ᠪᠣᠯᠤᠨ᠎ᠠ᠂ ᠠᠶᠤᠯᠭᠦᠢ | ᠦᠢᠯᠡᠳᠪᠦᠷᠢᠯᠡᠯ ᠨᠢ ᠠᠷᠠᠳ ᠤᠯᠠᠨ ᠤ ᠠᠮᠢ ᠨᠠᠰᠤ ᠡᠳ᠋ ᠬᠦᠷᠦᠩᠭᠡ ᠶᠢᠨ ᠠᠮᠤᠷ ᠲᠦᠪᠰᠢᠨ ᠳᠤ ᠬᠤᠯᠪᠣᠭᠳᠠᠵᠤ᠂ | ᠥᠭᠡᠷᠡᠴᠢᠯᠡᠯᠲᠡ ᠬᠥᠭᠵᠢᠯᠲᠡ ᠲᠣᠭᠲᠠᠭᠤᠨ ᠤ ᠶᠡᠭᠡ ᠲᠠᠯ᠎ᠠ ᠳᠤ ᠬᠤᠯᠪᠣᠭᠳᠠᠨ᠎ᠠ᠃ ᠡᠯ᠎ᠡ ᠭᠠᠵᠠᠷ ᠡᠯ᠎ᠡ ᠬᠠᠮᠢᠶ᠎ᠠ | ᠪᠦᠬᠦᠢ ᠰᠠᠯᠠᠭ᠎ᠠ ᠮᠥᠴᠢᠷ ᠤᠨ ᠬᠢᠨ ᠠᠵᠢᠯᠯᠠᠭ᠎ᠠ ᠶᠢᠨ ᠭᠤᠣᠯ ᠰᠡᠳᠦᠪ ᠲᠠᠢ ᠨᠢᠭᠲᠠ ᠤᠶᠠᠯᠳᠤᠭᠤᠯᠵᠤ᠂ ᠠᠮᠤᠷ | ᠲᠦᠪᠰᠢᠨ ᠤ ᠬᠡᠮ ᠰᠣᠭᠤᠭ ᠢ ᠪᠠᠶᠢᠴᠠᠭᠠᠬᠤ᠂ ᠬᠡᠮ ᠰᠣᠭᠤᠭ ᠢ ᠢᠯᠭᠠᠨ ᠲᠠᠨᠢᠬᠤ ᠰᠢᠨᠵᠢᠯᠡᠬᠦ ᠤᠬᠠᠭᠠᠨ ᠢ | ᠲᠦᠭᠡᠮᠡᠯᠵᠢᠭᠦᠯᠬᠦ᠂ ᠬᠡᠮ ᠰᠣᠭᠤᠭ ᠢ ᠠᠷᠢᠯᠭᠠᠬᠤ ᠰᠣᠷᠢᠯᠲᠠ ᠵᠡᠷᠭᠡ ᠳᠡᠷᠭᠡᠳᠡᠬᠢ ᠠᠮᠤᠷ ᠲᠦᠪᠰᠢᠨ ᠤ ᠬᠡᠮ ᠰᠣᠭᠤᠭ ᠢ | ᠡᠷᠢᠬᠦ ᠰᠢᠷᠢᠰ ᠠᠵᠢᠯᠯᠠᠭ᠎ᠠ ᠶᠢ ᠵᠣᠬᠢᠶᠠᠨ ᠪᠠᠶᠢᠭᠤᠯᠤᠨ ᠥᠷᠨᠢᠭᠦᠯᠵᠦ᠂ ᠠᠶᠤᠯᠭᠦᠢ ᠦᠢᠯᠡᠳᠪᠦᠷᠢᠯᠡᠯ ᠢ ᠪᠣᠳᠠᠲᠠᠢ ᠲᠠᠢ | ᠨᠡᠩ ᠣᠶᠢᠷᠠᠲᠤᠭᠤᠯᠬᠤ᠂ ᠠᠮᠢᠳᠤᠷᠠᠯ ᠲᠠᠢ ᠨᠡᠩ ᠣᠶᠢᠷᠠᠲᠤᠭᠤᠯᠬᠤ᠂ ᠡᠮᠦᠨ᠎ᠡ ᠹᠷᠣᠨᠲ ᠤᠨ ᠠᠵᠢᠯᠳᠠᠨ ᠠᠵᠢᠯᠴᠢᠨ | ᠪᠠ ᠨᠡᠶᠢᠭᠡᠮ ᠤᠨ ᠤᠯᠠᠨ ᠲᠦᠮᠡᠨ ᠲᠠᠢ ᠨᠡᠩ ᠣᠶᠢᠷᠠᠲᠤᠭᠤᠯᠵᠤ᠂ ᠦᠨᠳᠦᠰᠦᠨ ᠱᠠᠲᠤᠨ ᠤ ᠪᠠᠴᠢᠮ ᠪᠠᠶᠢᠳᠠᠯ ᠢ | ᠠᠷᠭᠠᠴᠠᠭᠠᠨ ᠰᠢᠢᠳᠪᠦᠷᠢᠯᠡᠬᠦ ᠴᠢᠳᠠᠪᠤᠷᠢ ᠶᠢ ᠦᠨᠡᠨ ᠬᠦ ᠳᠡᠭᠡᠭᠰᠢᠯᠡᠭᠦᠯᠬᠦ ᠬᠡᠷᠡᠭᠲᠡᠢ᠃ ᠡᠭᠦᠨ ᠤ ᠬᠠᠮᠲᠤ᠂ ᠠᠮᠤᠷ | ᠲᠦᠪᠰᠢᠨ ᠤ ᠬᠡᠮ ᠰᠣᠭᠤᠭ ᠤᠨ ᠲᠤᠬᠠᠶ ᠣᠯᠠᠨ ᠢᠶᠠᠷ ᠢᠶᠠᠨ ᠶᠠᠷᠢᠯᠴᠠᠬᠤ᠂ ᠠᠮᠤᠷ ᠲᠦᠪᠰᠢᠨ ᠤ ᠤᠬᠠᠭᠤᠯᠭ᠎ᠠ | ᠯᠠᠪᠯᠠᠯᠭ᠎ᠠ ᠶᠢᠨ ᠡᠳᠦᠷ ᠵᠡᠷᠭᠡ ᠰᠦᠯᠵᠢᠶᠡᠨ ᠳᠡᠭᠡᠷᠡᠬᠢ ᠪᠠ ᠰᠦᠯᠵᠢᠶᠡᠨ ᠠᠴᠠ ᠭᠠᠳᠠᠨᠠᠬᠢ ᠤᠬᠠᠭᠤᠯᠭ᠎ᠠ ᠬᠥᠮᠦᠵᠢᠯ ᠤᠨ | ᠠᠵᠢᠯᠯᠠᠭ᠎ᠠ ᠶᠢ ᠯᠠᠪᠳᠠᠭᠤᠨ ᠪᠠᠲᠤᠲᠠᠶ ᠥᠷᠨᠢᠭᠦᠯᠵᠦ᠂ ᠠᠮᠤᠷ ᠲᠦᠪᠰᠢᠨ ᠤ ᠮᠡᠳᠡᠯᠭᠡ ᠶᠢ ᠠᠵᠤ ᠠᠬᠤᠶᠢᠯᠠᠯ᠂ | ᠰᠤᠷᠭᠠᠭᠤᠯᠢ᠂ ᠨᠡᠶᠢᠭᠡᠮ ᠲᠣᠭᠤᠷᠢᠭ᠂ ᠬᠥᠳᠡᠭᠡ ᠲᠣᠰᠬᠤᠨ᠂ ᠬᠡᠷ ᠪᠦᠯᠢ ᠳᠤ ᠣᠷᠣᠭᠤᠯᠬᠤ ᠶᠢ ᠳᠥᠯᠭᠢᠨ | ᠠᠬᠢᠭᠤᠯᠵᠤ᠂ ᠪᠥᠬᠦ ᠨᠡᠶᠢᠭᠡᠮ ᠢᠶᠠᠷ ᠢᠶᠠᠨ ᠠᠶᠤᠯᠭᠦᠶ ᠦᠢᠯᠡᠳᠪᠤᠷᠢᠯᠡᠯ ᠳᠤ ᠬᠠᠮᠲᠤ ᠪᠠᠷ ᠣᠷᠣᠯᠴᠠᠬᠤ ᠭᠦᠨ ᠵᠤᠵᠠᠭᠠᠨ | ᠠᠭᠤᠷ ᠠᠮᠢᠰᠬᠤᠯ ᠢ ᠪᠣᠶ ᠪᠣᠯᠭᠠᠬᠤ ᠬᠡᠷᠡᠭᠲᠡᠶ ᠭᠡᠵᠡᠢ᠃ | ᠯᠢᠦ ᠬᠠᠶ ᠲᠤᠤ᠂ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤ ᠥᠩᠭᠡᠷᠡᠭᠰᠡᠨ ᠲᠠᠢ ᠪᠠᠨ ᠠᠳᠠᠯᠢ ᠪᠠᠷ | ᠠᠶᠢᠮᠠᠭ ᠤᠨ ᠨᠠᠮ ᠤᠨ ᠬᠤᠷᠢᠶ᠎ᠠ᠂ ᠠᠶᠢᠮᠠᠭ ᠤᠨ ᠵᠠᠬᠢᠷᠭ᠎ᠠ ᠶᠢᠨ ᠰᠢᠢᠳᠪᠤᠷᠢᠳᠦ ᠪᠣᠳᠣᠯᠭ᠎ᠠ ᠶᠢᠨ | ᠪᠠᠶᠢᠷᠢᠯᠠᠭᠤᠯᠤᠯᠲᠠ ᠶᠢ ᠰᠠᠶᠢᠲᠤᠷ ᠲᠤᠭᠤᠰᠢᠯᠠᠭᠤᠯᠵᠤ᠂ ᠦᠵᠡᠯ ᠰᠠᠨᠠᠭ᠎ᠠ ᠲᠠᠨᠢᠯᠲᠠ ᠪᠠᠨ ᠳᠡᠭᠡᠭᠰᠢᠯᠡᠭᠦᠯᠦᠨ᠂ | ᠤᠬᠠᠭᠤᠯᠭ᠎ᠠ ᠪᠠᠨ ᠴᠢᠩᠭᠠᠳᠬᠠᠵᠤ᠂ ᠠᠮᠤᠷ ᠲᠦᠪᠰᠢᠨ ᠤ ᠣᠷᠴᠢᠨ ᠲᠣᠭᠤᠷᠢᠨ ᠢ ᠪᠣᠶ ᠪᠣᠯᠭᠠᠵᠤ᠂ ᠦᠢᠯᠡ | ᠠᠵᠢᠯᠯᠠᠭ᠎ᠠ ᠪᠠᠷ ᠢᠶᠠᠨ ᠠᠮᠤᠷ ᠲᠦᠪᠰᠢᠨ ᠤ ᠰᠡᠷᠭᠡᠶᠢᠯᠡᠯᠲᠡ ᠶᠢᠨ ᠱᠤᠭᠤᠮ ᠢ ᠪᠠᠬᠢᠵᠢᠭᠦᠯᠬᠦ ᠬᠡᠷᠡᠭᠳᠡᠢ᠃ ︽ᠠᠮᠤᠷ | ᠲᠦᠪᠰᠢᠨ ᠢ ᠡᠷᠬᠢᠮᠯᠡᠬᠦ︾ ᠬᠠᠮᠲᠤ ᠶᠢᠨ ᠲᠠᠨᠢᠯᠲᠠ ᠶᠢ ︽ᠪᠠᠴᠢᠮ ᠪᠠᠶᠢᠳᠠᠯ ᠢ ᠠᠷᠭᠠᠴᠠᠭᠠᠬᠤ︾ ᠴᠢᠳᠠᠪᠤᠷᠢ ᠪᠣᠯᠭᠠᠨ | ᠬᠤᠪᠢᠷᠠᠭᠤᠯᠵᠤ᠂ ᠬᠠᠷᠢᠭᠤᠴᠠᠯᠭᠠᠲᠤ ᠰᠡᠳᠬᠢᠯ᠂ ᠬᠠᠷᠢᠭᠤᠴᠠᠯᠭ᠎ᠠ ᠡᠭᠦᠷᠭᠡᠯᠡᠬᠦ ᠠᠵᠢᠯᠯᠠᠭ᠎ᠠ ᠪᠠᠷ ᠢᠶᠠᠨ ᠠᠶᠤᠯᠭᠦᠶ | ᠦᠢᠯᠡᠳᠪᠤᠷᠢᠯᠡᠯ ᠢ ᠪᠠᠲᠤ ᠰᠠᠬᠢᠬᠤ ︽ ᠪᠤᠯᠤᠳ ᠬᠡᠷᠡᠮ ᠲᠡᠮᠦᠷ ᠬᠠᠨ᠎ᠠ︾ ᠶᠢ ᠴᠣᠭᠴᠠᠯᠠᠨ ᠪᠠᠶᠢᠭᠤᠯᠵᠤ᠂ ᠪᠥᠬᠦ | ᠬᠤᠰᠢᠭᠤᠨ ᠤ ᠨᠡᠶᠢᠭᠡᠮ ᠤᠨ ᠶᠡᠭᠡ ᠲᠠᠯ᠎ᠠ ᠶᠢᠨ ᠡᠶ᠎ᠡ ᠵᠣᠬᠢᠴᠠᠯ ᠲᠠᠢ ᠲᠣᠭᠲᠠᠭᠤᠨ ᠪᠠᠶᠢᠳᠠᠯ ᠳᠤ᠂ ᠪᠥᠬᠦ ᠠᠶᠢᠮᠠᠭ ᠤᠨ | ᠠᠮᠤᠷ ᠲᠦᠪᠰᠢᠨ ᠬᠥᠭᠵᠢᠯᠲᠡ ᠳᠤ ᠡᠮᠦᠨᠠᠳᠤ ᠬᠤᠰᠢᠭᠤᠨ ᠤ ᠬᠦᠴᠦᠨ ᠴᠢᠳᠠᠯ ᠢᠶᠠᠨ ᠡᠷᠭᠦᠬᠦ ᠬᠡᠷᠡᠭᠲᠡᠶ ᠭᠡᠵᠡᠢ᠃ | ᠠᠵᠢᠯᠯᠠᠭ᠎ᠠ ᠶᠢᠨ ᠲᠤᠬᠠᠢ ᠶᠢᠨ ᠲᠠᠯᠠᠪᠠᠢ ᠳᠤ᠂ ᠳᠤᠮᠳᠠᠳᠤ ᠤᠯᠤᠰ ᠤᠨ ᠳ᠋ᠠ ᠳ᠋ᠢ ᠳᠠᠭᠠᠳᠬᠠᠯ ᠤᠨ ᠬᠢᠩᠭᠠᠨ | ᠭᠤᠤᠯ ᠰᠠᠯᠪᠤᠷᠢ ᠺᠣᠮᠫᠠᠨᠢ ᠶᠢᠨ ᠬᠠᠷᠢᠭᠤᠴᠠᠯᠭᠠᠲᠠᠨ ᠠᠶᠤᠯᠭᠦᠢ ᠦᠢᠯᠡᠳᠪᠦᠷᠢᠯᠡᠯ ᠤᠨ ᠬᠠᠷᠢᠭᠤᠴᠠᠯᠭ᠎ᠠ ᠶᠢ | ᠨᠠᠶᠢᠳᠠᠪᠤᠷᠢᠵᠢᠭᠤᠯᠬᠤ ᠲᠤᠬᠠᠢ ᠣᠪᠣᠷ ᠢᠶᠠᠨ ᠢᠯᠡᠳᠬᠡᠬᠦ ᠦᠭᠡ ᠬᠡᠯᠡᠪᠡ᠃ ᠡᠬᠢᠯᠡᠯᠲᠡ ᠶᠢᠨ ᠶᠣᠰᠣᠯᠠᠯ | ᠳᠠᠭᠤᠰᠤᠭᠰᠠᠨ ᠤ ᠲᠠᠷᠠᠭ᠎ᠠ᠂ ᠬᠤᠷᠠᠯ ᠳᠤ ᠣᠷᠣᠯᠴᠠᠭᠰᠠᠨ ᠤᠳᠤᠷᠢᠳᠤᠯᠭ᠎ᠠ ᠬᠠᠮᠲᠤ ᠪᠠᠷ ᠡᠯ᠎ᠡ ᠤᠬᠠᠭᠤᠯᠭ᠎ᠠ | ᠦᠵᠡᠭᠦᠯᠭᠡ ᠶᠢᠨ ᠲᠣᠭᠤᠷᠢᠭ ᠲᠤ ᠭᠦᠨᠵᠡᠭᠡᠶᠢᠷᠡᠨ ᠲᠣᠭᠤᠷᠢᠨ ᠦᠵᠡᠵᠦ ᠵᠢᠭᠠᠨ ᠵᠢᠯᠣᠭᠤᠳᠴᠤ᠂ ᠠᠶᠤᠯᠭᠦᠢ | ᠦᠢᠯᠡᠳᠪᠦᠷᠢᠯᠡᠯ ᠤᠨ ᠤᠬᠠᠭᠤᠯᠭ᠎ᠠ ᠶᠢᠨ ᠠᠵᠢᠯ ᠢ ᠥᠷᠨᠢᠭᠦᠯᠵᠦ ᠪᠠᠶᠢᠭ᠎ᠠ ᠪᠠᠶᠢᠳᠠᠯ ᠢ ᠨᠠᠷᠢᠨ ᠣᠶᠢᠯᠠᠭᠠᠪᠠ᠃ |