| ︽ᠮᠠᠨ ᠤ ᠬᠢᠨ 1 ᠮᠦ ᠵᠢᠮᠢᠰ ᠲᠡᠭᠦᠬᠦ ᠬᠦᠷᠢᠶᠡᠯᠡᠩ ᠳᠡᠭᠡᠨ ᠰᠢᠨᠵᠢᠶᠠᠩ ᠲᠤᠭᠤᠷ ᠪᠠ ᠥᠯᠵᠡᠶᠢᠲᠦ ᠲᠤᠭᠤᠷ | ᠲᠠᠷᠢᠵᠠᠢ᠂ 5 ᠰᠠᠷ᠎ᠠ ᠶᠢᠨ ᠳᠤᠮᠳᠠᠴᠢ ᠠᠴᠠ ᠡᠬᠢᠯᠡᠨ ᠰᠢᠨᠵᠢᠶᠠᠩ ᠲᠤᠭᠤᠷ ᠵᠠᠯᠭᠠᠪᠡᠷ ᠪᠣᠯᠪᠠᠰᠤᠷᠠᠵᠤ᠂ | ᠵᠢᠭᠤᠯᠴᠢᠯᠠᠭᠴᠢᠳ ᠵᠢᠮᠢᠰ ᠲᠡᠬᠦᠬᠦ ᠪᠠᠷ ᠬᠦᠷᠦᠯᠴᠡᠨ ᠢᠷᠡᠵᠡᠭᠡᠵᠦ ᠪᠠᠶᠢᠨ᠎ᠠ︾ ᠭᠡᠵᠦ ᠬᠤᠷᠴᠢᠨ ᠪᠠᠷᠠᠭᠤᠨ ᠭᠠᠷᠤᠨ | ᠡᠮᠦᠨᠡᠲᠦ ᠬᠤᠰᠢᠭᠤᠨ ᠤ ᠬᠤᠷᠴᠢᠨ ᠪᠠᠯᠭᠠᠰᠤᠨ ᠤ ᠯᠢᠦ ᠱᠤ᠋ ᠴᠤᠸᠠᠨ ᠲᠣᠰᠬᠤᠨ ᠤ ᠲᠠᠷᠢᠮᠠᠯ ᠤᠨ ᠡᠷᠦᠬᠡ ᠴᠧᠨ ᠯᠢ | ᠵᠢᠤᠸᠠᠨ ᠬᠦᠯᠡᠮᠵᠢ ᠳᠡᠭᠡᠨ ᠲᠤᠭᠤᠷ ᠤᠨ ᠮᠤᠳᠤᠨ ᠤ ᠪᠠᠨ ᠰᠠᠯᠠᠭ᠎ᠠ ᠨᠠᠮᠠᠭ᠎ᠠ ᠪᠠᠨ ᠬᠠᠶᠢᠴᠢᠯᠠᠵᠤ ᠶᠠᠭᠠᠷᠠᠬᠤ ᠶᠢᠨ | ᠳᠠᠭᠠᠤ ᠰᠤᠷᠪᠤᠯᠵᠢᠯᠠᠭᠴᠢ ᠳᠤ᠄ ︽ᠵᠤᠭᠠᠴᠠᠭᠴᠢ ᠨᠠᠷ ᠬᠡᠷ ᠪᠦᠯᠢ ᠪᠠᠷ ᠢᠶᠠᠨ ᠮᠠᠨ ᠤ ᠡ᠊ᠨᠳᠡ ᠢᠷᠡᠵᠦ ᠰᠡᠯᠡᠭᠦᠴᠡᠬᠦ | ᠶᠢᠨ ᠲᠠᠭᠠᠤ ᠵᠢᠮᠢᠰ ᠳᠡᠭᠦᠵᠦ ᠪᠤᠯᠤᠨ᠎ᠠ᠂ ᠨᠠᠰᠤᠲᠠᠶᠢᠴᠤᠳ ᠪᠠ ᠬᠡᠤᠬᠡᠳ ᠪᠦᠷ ᠳᠤᠷᠠᠲᠠᠶ ᠪᠠᠶᠢᠳᠠᠭ ᠁︾ ᠭᠡᠵᠦ | ᠲᠠᠨᠢᠯᠴᠠᠭᠤᠯᠪᠠ᠃ | ᠣᠳᠣᠬᠠᠨ ᠳᠤ᠂ ᠬᠤᠷᠴᠢᠨ ᠪᠠᠯᠭᠠᠰᠤᠨ ᠤ ᠰᠢᠨᠵᠢᠶᠠᠩ ᠲᠤᠭᠤᠷ ᠪᠣᠯᠪᠠᠰᠤᠷᠠᠵᠦ ᠡᠬᠢᠯᠡᠯ᠎ᠡ᠃ ᠴᠧᠨ ᠯᠢ | ᠵᠢᠤᠸᠠᠨ ᠤ ᠬᠢᠨ ᠤ 500 ᠭᠠᠷᠤᠢ ᠰᠠᠭᠤᠷᠢ ᠰᠢᠨᠵᠢᠶᠠᠩ ᠲᠤᠭᠤᠷ ᠤᠨ ᠮᠣᠳᠣ ᠪᠣᠯᠤᠨ 100 ᠭᠠᠷᠤᠢ ᠰᠠᠭᠤᠷᠢ | ᠥᠯᠵᠡᠶᠢᠲᠦ ᠲᠤᠭᠤᠷ ᠤᠨ ᠮᠣᠳᠣᠨ ᠳᠤ ᠢᠭᠴᠤ ᠰᠠᠬᠤᠯᠢᠭ ᠵᠢᠮᠢᠰ ᠳᠡᠭᠦᠵᠢᠯᠡᠭᠳᠡᠵᠦ᠂ ᠦᠵᠡᠭᠰᠡᠨ ᠪᠦᠬᠦᠨ ᠤ | ᠰᠢᠯᠦᠰᠦ ᠶᠢ ᠬᠤᠷᠠᠭᠤᠯᠤᠨ᠎ᠠ᠃ | ᠣᠶᠢᠯᠠᠭᠠᠭᠰᠠᠨ ᠢᠶᠠᠷ᠂ ᠴᠧᠨ ᠯᠢ ᠵᠢᠤᠸᠠᠨ ᠤ ᠬᠢᠨ ᠤ ᠰᠢᠨᠵᠢᠶᠠᠩ ᠲᠤᠭᠤᠷ ᠨᠢ ᠤᠯᠠᠮᠵᠢᠯᠠᠯᠲᠤ ᠬᠥᠮᠦᠨ ᠤ | ᠬᠦᠴᠦ ᠪᠠᠷ ᠳᠠᠷᠢᠬᠤ ᠠᠷᠭ᠎ᠠ ᠶᠢ ᠬᠡᠷᠡᠭᠯᠡᠨ᠂ ᠣᠷᠭᠠᠨᠢᠭ ᠲᠠᠷᠢᠶᠠᠯᠠᠩ ᠤᠨ ᠪᠣᠷᠲᠣᠭᠤᠷ ᠣᠷᠣᠭᠤᠯᠵᠤ᠂ ᠨᠡᠷᠡᠨ ᠤ | ᠬᠡᠷᠡᠯ ᠢ ᠬᠠᠯᠬᠠᠯᠠᠭᠰᠠᠨ ᠰᠠᠯᠠᠭ᠎ᠠ ᠨᠠᠮᠠᠭ᠎ᠠ ᠶᠢ ᠴᠠᠭ ᠲᠤᠬᠠᠶ ᠳᠤᠨᠢ ᠬᠠᠶᠢᠴᠢᠯᠠᠨ ᠵᠠᠰᠠᠵᠤ᠂ ᠪᠣᠬᠢᠷᠲᠤᠯ ᠥᠬᠡᠶ | ᠰᠢᠨᠵᠢᠯᠡᠬᠦ ᠤᠬᠠᠭᠠᠨᠴᠢ ᠳᠠᠷᠢᠬᠤ ᠮᠡᠷᠭᠡᠵᠢᠯ ᠢᠶᠠᠷ ᠵᠢᠮᠢᠰ ᠤᠨ ᠦᠨᠦᠷ ᠠᠮᠳᠠ ᠶᠢ ᠳᠡᠭᠡᠭᠰᠢᠯᠡᠭᠦᠯᠦᠭᠰᠡᠨ ᠪᠠᠶᠢᠨ᠎ᠠ᠃ ︽ | ᠮᠠᠨᠠᠶᠢᠬᠢᠨ ᠵᠢᠮᠢᠰ ᠤᠨ ᠬᠦᠷᠢᠶᠡᠯᠡᠩ ᠡᠵᠡᠩᠨᠡᠭᠡᠳ ᠨᠢᠭᠡᠨᠲᠡ 10 ᠵᠢᠯ ᠪᠣᠯᠴᠢᠬᠠᠯ᠎ᠠ᠂ ᠵᠢᠯ ᠪᠦᠷᠢ 3000 ᠵᠢᠩ | ᠵᠢᠮᠢᠰ ᠪᠤᠷᠤᠯᠠᠭᠤᠯᠵᠤ᠂ ᠵᠢᠯ ᠤᠨ ᠣᠷᠣᠯᠭ᠎ᠠ 1 — 3 ᠲᠦᠮᠡᠨ ᠲᠥᠭᠦᠷᠢᠭ ᠣᠷᠴᠢᠮ ᠬᠦᠷᠴᠦ ᠪᠠᠶᠢᠨ᠎ᠠ︾ | ᠭᠡᠵᠦ ᠵᠢᠮᠢᠰ ᠤᠨ ᠬᠦᠷᠢᠶᠡᠯᠡᠩ ᠤᠨ ᠢᠶᠠᠨ ᠲᠤᠬᠠᠢ ᠡᠷᠬᠢᠴᠡᠭᠦᠯᠬᠦ ᠳᠤ ᠴᠧᠨ ᠯᠢ ᠵᠢᠤᠸᠠᠨ ᠤ ᠴᠢᠷᠠᠢ ᠳᠤ ᠣᠮᠣᠭᠰᠢᠯᠳᠤ | ᠢᠨᠢᠶᠡᠮᠰᠦᠭᠯᠡᠯ ᠪᠢᠯᠬᠠᠨ᠎ᠠ᠃ | ᠴᠧᠨ ᠯᠢ ᠵᠢᠤᠸᠠᠨ ᠤ ᠭᠡᠷ ᠤᠨ ᠰᠢᠨᠵᠢᠶᠠᠩ ᠲᠤᠭᠤᠷ ᠨᠢ ᠵᠢᠭᠤᠯᠴᠢᠯᠠᠭᠴᠢᠳ ᠤᠨ ᠪᠠᠭ᠋ᠠᠷᠬᠠᠯ ᠢ ᠲᠠᠲᠠᠭᠰᠠᠨ ᠢᠶᠠᠷ | ᠪᠠᠷᠠᠬᠤ ᠦᠭᠡᠢ ᠨᠡᠩ ᠴᠤ ᠨᠤᠲᠤᠭ ᠤᠨ ᠠᠬ᠎ᠠ ᠳᠡᠭᠦᠦ ᠨᠡᠷ ᠤᠨ ᠲᠠᠭᠠᠰᠢᠶᠠᠯ ᠢ ᠣᠯᠤᠭᠰᠠᠨ ᠪᠠᠶᠢᠨ᠎ᠠ᠃ ᠲᠣᠰᠬᠤᠨ ᠤ | ᠠᠷᠠᠳ ᠵᠠᠩ ᠶᠢᠨ ᠰᠢᠨ᠄ ︽ᠴᠧᠨ ᠯᠢ ᠵᠢᠤᠸᠠᠨ ᠤ ᠬᠦᠯᠡᠮᠵᠢ ᠳᠠᠬᠢ ᠰᠢᠨᠵᠢᠶᠠᠩ ᠲᠤᠭᠤᠷ ᠨᠢ ᠮᠠᠨ ᠤ ᠲᠣᠰᠬᠤᠨ ᠳᠤ | ᠨᠡᠷ᠎ᠡ ᠭᠠᠷᠴᠠᠢ᠃ ᠬᠥᠷᠰᠢ ᠵᠡᠷᠭᠡᠯᠡᠳᠡᠭᠡ ᠶᠢᠨ ᠬᠢᠨ ᠪᠦᠷ ᠳᠡᠳᠡᠨ ᠤ ᠳᠤ ᠬᠦᠷᠴᠦ ᠲᠤᠭᠤᠷ ᠠᠮᠳᠠᠯᠠᠳᠠᠭ᠂ | ᠨᠤᠲᠤᠭ ᠤᠨ ᠠᠬ᠎ᠠ ᠳᠡᠭᠦᠦ ᠨᠡᠷ ᠤᠨ ᠭᠡᠷ ᠤᠨ ᠡᠭᠦᠳᠡᠨ ᠳᠤ ᠪᠠᠨ ᠤᠷᠤᠯᠭ᠎ᠠ ᠣᠯᠵᠤ᠂ ᠠᠮᠢᠳᠤᠷᠠᠯ ᠨᠢ ᠡᠳᠦᠷ ᠠᠴᠠ | ᠡᠳᠦᠷ ᠥᠭᠡᠳᠡᠯᠡᠵᠦ ᠪᠠᠶᠢᠬᠤ ᠶᠢ ᠬᠠᠷᠠᠭᠠᠳ ᠦᠨᠡᠬᠡᠷ ᠪᠠᠶᠠᠷᠯᠠᠵᠤ ᠪᠠᠶᠢᠨ᠎ᠠ︾ ᠭᠡᠵᠦ ᠰᠤᠷᠪᠤᠯᠵᠢᠯᠠᠭᠴᠢ ᠳᠤ ᠶᠠᠷᠢᠨ᠎ᠠ᠃ | |