ᠪᠤᠷᠭᠠᠰᠤᠳᠠᠢ ᠰᠢᠶᠠᠩ ᠤᠨ ᠬᠢᠩᠭᠠᠨ ᠴᠦᠬᠦᠷᠦᠮ ᠵᠢᠭᠤᠯᠴᠢᠯᠠᠯ ᠤᠨ ᠠᠮᠠᠷᠠᠯᠲᠠ ᠶᠢᠨ ᠣᠷᠣᠨ
ᠨᠡᠶᠢᠲᠡᠯᠡᠭᠰᠡᠨ ᠴᠠᠭ᠄
2025/6/6
        ᠬᠤᠷᠴᠢᠨ ᠪᠠᠷᠠᠭᠤᠨ ᠭᠠᠷᠤᠨ ᠡᠮᠦᠨᠡᠳᠦ ᠬᠤᠰᠢᠭᠤᠨ ᠤ ᠬᠢᠩᠭᠠᠨ ᠴᠦᠬᠦᠷᠦᠮ ᠵᠢᠭᠤᠯᠴᠢᠯᠠᠯ ᠤᠨ ᠠᠮᠠᠷᠠᠯᠲᠠ ᠶᠢᠨ ᠣᠷᠣᠨ ᠨᠢ ᠴᠥᠭᠦᠷᠥᠮ ᠤᠨ ᠡᠬᠢ ᠪᠠᠶᠠᠯᠢᠭ ᠲᠤ ᠲᠦᠰᠢᠭᠯᠡᠵᠦ᠂ ︽ᠠᠮᠢ ᠠᠬᠤᠢ + ᠵᠢᠭᠤᠯᠴᠢᠯᠠᠯ︾ ᠢᠶᠠᠷ ᠭᠤᠣᠯ ᠪᠣᠯᠭᠠᠵᠤ᠂ ᠨᠠᠭᠤᠷ ᠤᠨ ᠬᠥᠪᠡᠭᠡᠨ ᠤ ᠰᠡᠯᠡᠭᠦᠴᠡᠯ᠂ ᠠᠮᠲᠠᠲᠤ ᠢᠳᠡᠭᠡᠨ ᠵᠡᠷᠭᠡ ᠤᠯᠠᠨ ᠡᠰᠢᠲᠦ ᠣᠷᠣᠨ ᠪᠦᠰᠡ ᠶᠢ ᠭᠠᠷᠭᠠᠵᠤ᠂ ︽ᠬᠥᠬᠡᠮᠳᠦᠭ ᠨᠣᠭᠤᠭᠠᠨ ᠠᠭᠤᠯᠠ ᠤᠰᠤ ᠪᠣᠯ ᠠᠯᠳᠠ ᠮᠥᠩᠭᠦᠨ ᠠᠭᠤᠯᠠ ᠮᠥᠨ︾ ᠭᠡᠬᠦ ᠤᠶᠢᠯᠠᠭᠠᠭᠳᠠᠭᠤᠨ ᠢ ᠦᠢᠯᠡᠳᠦᠯᠭᠡᠵᠢᠭᠦᠯᠵᠦ ᠪᠠᠶᠢᠨ᠎ᠠ᠃      ᠨᠤᠳᠤᠭ ᠤᠨ ᠮᠤᠷᠤᠶ ᠰᠠᠷᠤᠶ ᠪᠤᠷᠤ ᠵᠠᠮ ᠢᠶᠠᠷ ᠮᠠᠰᠢᠨ ᠳᠡᠷᠭᠡ ᠪᠠᠷ ᠳᠠᠪᠬᠢᠭᠤᠯᠬᠤ ᠳᠤ᠂ ᠬᠦᠬᠡᠷᠡᠨ ᠬᠠᠷᠠᠭᠳᠠᠬᠤ ᠴᠦᠬᠦᠷᠦᠮ ᠤᠨ ᠬᠠᠰᠢᠯᠭ᠎ᠠ ᠨᠢ ᠨᠢᠳᠦᠨ ᠪᠠᠷ᠎ᠠ ᠶᠢᠨ ᠦᠵᠦᠭᠦᠷ ᠲᠤ ᠳᠤᠳᠤᠷᠠᠨ᠎ᠠ᠂ ᠴᠡᠩᠬᠡᠷ ᠬᠥᠬᠡ ᠣᠭᠲᠠᠷᠭᠤᠶ ᠬᠦᠪᠦᠩ ᠴᠠᠭᠠᠨ ᠡᠭᠦᠯᠡᠨ ᠤ ᠳᠣᠤᠷ᠎ᠠ᠂ ᠬᠢᠩᠭᠠᠨ ᠴᠦᠬᠦᠷᠦᠮ ᠨᠢ ᠨᠣᠮᠢᠨ ᠨᠣᠭᠤᠭᠠᠨ ᠬᠡᠪᠢᠰ ᠮᠡᠲᠦ ᠠᠭᠤᠯᠠᠰ ᠤᠨ ᠡᠯᠢᠭᠡᠨ ᠳᠤ ᠠᠷ ᠳᠠᠳᠠᠨ ᠢᠷᠠᠯᠵᠠᠵᠤ᠂ ᠥᠷᠯᠥᠭᠡ ᠶᠢᠨ ᠮᠠᠨᠠᠨ ᠨᠢᠮᠬᠡᠨ ᠱᠠ ᠮᠡᠲᠦ ᠴᠦᠬᠦᠷᠦᠮ ᠢᠶᠠᠷ ᠥᠩᠭᠡᠷᠡᠬᠦ ᠳᠤ᠂ ᠨᠠᠷᠠᠨ ᠤ ᠬᠡᠷᠡᠯ ᠨᠢᠮᠭᠡᠨ ᠮᠠᠨᠠᠨ ᠢ ᠨᠡᠪᠲᠡᠯᠦᠨ᠂ ᠲᠤᠩᠭᠠᠯᠠᠭ ᠲᠣᠯᠢ ᠶᠢ ᠲᠩᠷᠢ ᠭᠠᠵᠠᠷ ᠤᠨ ᠬᠤᠭᠤᠷᠣᠨᠳᠣ ᠰᠢᠭᠢᠳᠬᠡᠭᠰᠡᠨ ᠮᠡᠲᠦ ᠬᠠᠷᠠᠭᠳᠠᠨ᠎ᠠ᠃ ᠢᠭᠴᠤ ᠰᠠᠬᠤᠯᠢᠭ ᠨᠠᠷᠠᠰᠤ ᠮᠠᠶᠢᠯᠠᠰᠤ ᠠᠭᠤᠯᠠ ᠨᠢᠷᠤᠭᠤᠳ ᠢ ᠲᠣᠩᠭᠤᠷᠤᠭᠤᠯᠤᠨ ᠲᠤᠰᠬᠠᠨ᠂ ᠤᠶᠠᠬᠠᠨ ᠰᠠᠯᠬᠢᠨ ᠤ ᠠᠶ᠎ᠠ ᠪᠠᠷ ᠡᠪᠡᠰᠦ ᠨᠤᠭᠤᠭ᠎ᠠ ᠲᠤᠬᠢᠶᠠᠯᠵᠠᠨ ᠬᠦᠮᠦᠰ ᠲᠤ ᠤᠷᠴᠢᠯᠠᠩ ᠤᠨ ᠭᠠᠳᠠᠨᠠᠬᠢ ᠠᠮᠤᠭᠤᠯᠠᠩ ᠤᠨ ᠤᠷᠤᠨ ᠳᠤ ᠬᠦᠷᠦᠭᠰᠡᠨ ᠰᠢᠭ ᠰᠠᠨᠠᠭᠳᠠᠭᠤᠯᠤᠨ᠎ᠠ᠃       ᠮᠠᠩᠨᠤᠭ ᠳᠡᠨᠢᠭᠡᠷ ᠲᠠᠯ᠎ᠠ ᠶᠢᠨ ᠲᠤᠮᠳᠠ ᠮᠣᠩᠭᠤᠯ ᠭᠡᠷ ᠤᠳ ᠨᠡᠭᠦᠳᠡᠯᠯᠡᠨ ᠪᠠᠭᠤᠭᠰᠠᠨ ᠭᠠᠯᠠᠭᠤᠳ ᠤᠨ ᠰᠦᠷᠦᠭ ᠰᠢᠭ ᠲᠤᠩ ᠴᠠᠭᠠᠨ ᠢᠶᠠᠷ ᠪᠦᠮᠪᠦᠭᠡᠯᠵᠡᠨ ᠠᠯᠣᠰ ᠠᠴᠠ ᠬᠦᠷᠬᠦ ᠵᠤᠴᠢᠳ ᠢᠶᠠᠨ ᠡᠭᠦᠳᠡ ᠪᠠᠨ ᠨᠡᠬᠡᠬᠡᠵᠦ ᠤᠭᠳᠤᠵᠤ ᠪᠠᠶᠢᠭ᠎ᠠ ᠰᠢᠭ᠋ ᠬᠠᠷᠠᠭᠳᠠᠨ᠎ᠠ᠃  3000 ᠾᠧᠺᠲᠷ ᠴᠥᠭᠦᠷᠥᠮ ᠨᠢ ᠡᠷᠬᠢᠨ ᠲᠣᠭᠤᠷᠢᠨ ᠤ ᠲᠠᠷᠢᠶᠠᠨ ᠭᠠᠵᠠᠷ ᠤᠨ ᠤᠰᠤᠯᠠᠯᠲᠠ ᠶᠢ ᠪᠠᠲᠤᠯᠠᠬᠤ ︽ᠠᠮᠢ ᠨᠠᠰᠤᠨ ᠤ ᠡᠬᠢ ᠰᠤᠷᠪᠤᠯᠵᠢ︾ ᠪᠣᠯᠤᠭᠰᠠᠨ ᠢᠶᠠᠷ ᠪᠠᠷᠠᠬᠤ ᠥᠬᠡᠶ᠂ ᠨᠠᠩ ᠴᠤ ᠤᠰᠤ ᠠᠷᠪᠢᠯᠠᠬᠤ ᠠᠮᠢ ᠠᠬᠤᠶ ᠶᠢᠨ ᠵᠠᠭᠪᠤᠷ ᠵᠢᠱᠢᠶ᠎ᠡ ᠪᠣᠯᠵᠣ᠂ ᠰᠢᠨᠵᠢᠯᠡᠬᠦ ᠤᠬᠠᠭᠠᠨᠴᠢ ᠪᠠᠷ ᠤᠰᠤ ᠶᠢ ᠬᠠᠳᠠᠭᠠᠯᠠᠵᠦ ᠬᠥᠷᠥᠰᠥ ᠰᠢᠷᠣᠶ ᠶᠢ ᠰᠢᠮᠡᠵᠢᠭᠦᠯᠵᠦ᠂ ᠠᠮᠢ ᠠᠬᠤᠶ ᠶᠢ ᠰᠡᠷᠭᠦᠭᠡᠬᠦ ᠢᠨᠵᠧᠨᠧᠷᠢᠩ ᠢᠶᠠᠷ ᠨᠤᠭᠤ ᠭᠠᠵᠠᠷ ᠤᠨ ᠠᠮᠢᠵᠢᠷᠠᠯ ᠤᠨ ᠬᠦᠴᠦᠨ ᠢ ᠰᠡᠷᠭᠦᠭᠡᠵᠦ ᠬᠠᠮᠠᠭᠠᠯᠠᠨ᠎ᠡ᠃     ᠬᠦᠮᠦᠰ ᠵᠢᠭᠠᠯᠲᠠ ᠶᠢᠨ ᠫᠠᠶᠢᠰᠠ ᠶᠢᠨ ᠤᠯᠠ ᠮᠥᠷ ᠢᠶᠠᠷ ᠠᠯᠭᠤᠷᠬᠠᠨ ᠠᠯᠬᠤᠵᠦ ᠬᠢᠩᠭᠠᠨ ᠴᠦᠬᠦᠷᠦᠮ ᠵᠢᠭᠤᠯᠴᠢᠯᠠᠯ ᠤᠨ ᠠᠮᠠᠷᠠᠯᠲᠠ ᠶᠢᠨ ᠣᠷᠣᠨ ᠤ ᠭᠤᠶᠢᠳᠠ ᠰᠠᠶᠢᠬᠠᠨ ᠶᠢᠷᠲᠢᠨᠴᠦ ᠳᠤ ᠤᠷᠤᠵᠦ ᠪᠤᠯᠤᠨ᠎ᠠ᠃ ᠡ᠊ᠨᠳᠡᠬᠢ ᠵᠤᠭ᠎ᠠ ᠴᠡᠩᠭᠡᠯ ᠤᠨ ᠲᠥᠷᠥᠯ ᠵᠦᠢᠯ ᠨᠢ ᠤᠯᠠᠨ ᠶᠠᠩᠵᠤ ᠶᠢᠨ ᠪᠠᠶᠢᠵᠤ᠂ ᠥᠨᠳᠥᠷ ᠣᠭᠲᠠᠷᠭᠤᠶ ᠶᠢᠨ ᠳᠣᠯᠣᠭᠠᠨ ᠭᠠᠳᠠᠷᠭᠤᠲᠤ ᠴᠣᠭᠴᠠ ᠶᠢ ᠡᠷᠬᠡᠰᠢᠶᠡᠯ ᠳᠡᠭᠡᠨ ᠣᠷᠣᠭᠤᠯᠬᠤ᠂ ︽ᠣᠨᠴᠠ ᠲᠦᠷᠦᠯ ᠤᠨ ᠴᠠᠭᠳᠠᠭ᠎ᠠ ᠶᠢᠨ ᠨᠠᠢᠮᠠᠨ ᠵᠦᠢᠯ︾ ᠢ ᠪᠡᠶ᠎ᠡ ᠪᠠᠷ ᠢᠶᠠᠨ ᠣᠶᠢᠯᠠᠭᠠᠬᠤ᠂ ︽ᠣᠶ ᠰᠢᠭᠤᠶ ᠶᠢ ᠰᠢᠪᠳᠤᠯᠬᠤ︾ ᠶᠠᠪᠤᠴᠠ ᠳᠤ ᠪᠠᠷᠲᠠᠭ᠎ᠠ ᠰᠢᠨᠵᠢᠯᠡᠭᠴᠢ ᠪᠣᠯᠵᠣ᠂ ︽ᠦᠨᠡᠨ ᠬᠥᠮᠦᠨ CS︾ ᠤᠨ ᠳᠠᠶᠢᠨ ᠤ ᠪᠠᠶᠢᠳᠠᠯ ᠳᠤ ᠣᠶᠤᠨ ᠤ ᠲᠡᠮᠡᠴᠡᠭᠡᠨ ᠬᠢᠬᠦ᠂ ᠠᠭᠤᠯᠠᠷᠬᠠᠭ ᠭᠠᠵᠠᠷ ᠢᠶᠠᠷ ᠬᠡᠭᠡᠷᠯᠢᠭ ᠮᠣᠲ᠋ᠣᠷᠳᠤ ᠲᠡᠷᠭᠡ ᠤᠨᠤᠨ ᠲᠠᠪᠬᠢᠭᠤᠯᠬᠤ᠂ ᠠᠭᠤᠯᠠᠨ ᠵᠠᠮ ᠤᠨ ᠭᠤᠯᠭᠤᠭᠤᠷ ᠬᠠᠪᠲᠠᠰᠤᠲᠤ ᠲᠡᠷᠭᠡᠨ ᠳᠤ ᠰᠠᠭᠤᠵᠤ ᠨᠠᠭᠠᠳᠬᠤ ᠵᠡᠷᠭᠡ ᠨᠢ ᠨᠠᠩ ᠴᠤ ᠤᠯᠠᠨ ᠤ ᠪᠠᠬ᠎ᠠ ᠶᠢ ᠳᠠᠳᠠᠨ᠎ᠠ᠃ ᠬᠡᠦᠬᠡᠳ ᠤᠳ ᠪᠠᠰᠠ ︽ᠤᠢ ᠰᠢᠭᠤᠢ ᠶᠢᠨ ᠰᠢᠳᠢᠲᠦ ᠲᠣᠣᠷ︾᠂ ᠵᠢᠭᠠᠰᠤ ᠭᠥᠬᠢᠳᠡᠬᠦ ᠵᠡᠷᠭᠡ ᠲᠣᠭᠯᠠᠭᠠᠮ ᠳᠤ ᠤᠷᠤᠯᠴᠠᠨ᠂ ᠭᠡᠷ ᠤᠨ ᠬᠥᠮᠦᠰ ᠲᠠᠢ ᠪᠠᠨ ᠰᠡᠯᠡᠭᠦᠦ ᠴᠠᠭ ᠢᠶᠠᠨ ᠪᠠᠶᠠᠷ ᠬᠦᠷ ᠲᠠᠢ ᠪᠠᠷ ᠥᠩᠭᠡᠷᠡᠭᠦᠯᠬᠦ ᠶᠢᠨ ᠬᠠᠮᠲᠤ ᠭᠠᠯᠲᠤ ᠲᠡᠷᠭᠡᠨ ᠳᠤ ᠰᠠᠭᠤᠵᠤ᠂ ᠠᠭᠤᠯᠠ ᠤᠰᠤᠨ ᠤ ᠳᠤᠮᠳᠠᠭᠤᠷ ᠠᠯᠭᠤᠷᠬᠠᠨ ᠢᠶᠠᠷ ᠠᠶᠠᠯᠠᠵᠤ᠂ ᠠᠮᠢ ᠠᠬᠤᠢ ᠶᠢᠨ ᠭᠤᠶᠤ ᠰᠠᠶᠢᠬᠠᠨ ᠢ ᠰᠤᠨᠢᠷᠬᠠᠵᠤ ᠪᠤᠯᠤᠨ᠎ᠠ᠃      ᠬᠦᠮᠦᠰ ᠠᠮᠢ ᠠᠬᠤᠶ ᠶᠢᠨ ᠵᠠᠮ ᠢᠶᠠᠷ ᠠᠯᠭᠤᠷᠬᠠᠨ ᠶᠠᠪᠤᠬᠤ ᠳᠤ ᠬᠥᠯ ᠲᠤᠤᠷ᠎ᠠ ᠪᠠᠶᠢᠭᠠᠯᠢ ᠶᠢᠨ ᠠᠶᠢᠵᠠᠮ ᠴᠣᠬᠢᠯᠭ᠎ᠠ ᠲᠠᠢ ᠰᠠᠨᠠᠭᠳᠠᠵᠦ᠂ ᠬᠡᠭᠡᠷ᠎ᠡ ᠭᠠᠳᠠᠨᠠᠬᠢ ᠠᠩᠭᠢᠯᠤᠮ᠎ᠠ ᠰᠠᠶᠢᠬᠠᠨ ᠦᠨᠦᠷ ᠠᠮᠲᠠ ᠲᠠᠢ ᠰᠢᠷᠠᠮᠠᠯ᠂ ᠨᠠᠮ ᠰᠡᠯᠡᠭᠦᠬᠡᠨ ᠬᠡᠭᠡᠷ᠎ᠡ ᠶᠢᠨ ᠪᠠᠭᠤᠳᠠᠯ ᠵᠡᠷᠭᠡ ᠢᠳᠡᠬᠦ ᠨᠠᠭᠠᠳᠬᠤ ᠬᠤᠨᠤᠭᠯᠠᠬᠤ ᠵᠡᠷᠬᠡ ︽ᠨᠢᠭᠡ ᠥᠷᠲᠡᠭᠡᠳᠤ ᠮᠠᠶ᠋ᠢᠭ︾ ᠤᠨ ᠦᠢᠯᠡᠴᠢᠯᠡᠭᠡ ᠶᠢ ᠬᠦᠷᠳᠡᠵᠦ ᠪᠤᠯᠤᠨ᠎ᠠ᠃ ᠡᠨᠡ ᠪᠣᠯ ᠳᠠᠷᠤᠶ ᠬᠢᠩᠭᠠᠨ ᠴᠦᠬᠦᠷᠦᠮ ᠤᠨ ᠵᠢᠭᠤᠯᠴᠢᠯᠠᠯ ᠤᠨ ᠠᠮᠠᠷᠠᠯᠳᠠ ᠶᠢᠨ ᠤᠷᠤᠨ ᠪᠣᠯᠤᠨ᠎ᠠ᠃    ᠬᠢᠩᠭᠠᠨ ᠴᠦᠬᠦᠷᠦᠮ ᠤᠨ ᠵᠢᠭᠤᠯᠴᠢᠯᠠᠯ ᠤᠨ ᠠᠮᠠᠷᠠᠯᠲᠠ ᠶᠢᠨ ᠣᠷᠣᠨ ᠠᠭᠤᠯᠠ ᠤᠰᠤᠨ ᠤ ᠦᠩᠭᠡ ᠦᠵᠡᠮᠵᠢ ᠪᠣᠯᠤᠨ ᠰᠣᠶᠣᠯ ᠢᠷᠭᠡᠨᠰᠢᠯ ᠢ ᠠᠭᠤᠰᠤᠯᠴᠠᠵᠤ᠂ ᠲᠡᠦᠬᠡ ᠰᠣᠶᠣᠯ᠂ ᠪᠠᠶᠢᠭᠠᠯᠢ ᠶᠢᠨ ᠦᠩᠭᠡ ᠦᠵᠡᠮᠵᠢ ᠪᠣᠯᠤᠨ ᠵᠤᠭ᠎ᠠ ᠴᠡᠩᠭᠡᠯ ᠰᠡᠯᠡᠭᠦᠴᠡᠯ ᠢ ᠨᠢᠭᠡ ᠴᠤᠬᠴᠠᠵᠢᠭᠤᠯᠤᠨ ᠳᠦᠷᠪᠡᠨ ᠵᠦᠭ ᠨᠠᠢᠮᠠᠨ ᠵᠤᠪᠬᠢᠰ ᠤᠨ ᠵᠤᠭᠠᠴᠠᠭᠰᠠᠳ ᠤᠨ ᠬᠦᠷᠦᠯᠴᠡᠨ ᠢᠷᠡᠬᠦ ᠶᠢ ᠪᠠᠶᠠᠷᠯᠠᠨ ᠤᠭᠳᠤᠵᠤ ᠪᠠᠶᠢᠨ᠎ᠠ᠃
 
ᠢᠷᠡᠯᠲᠡ᠄ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号