ᠠᠩᠬᠠᠳᠤᠭᠠᠷ ᠬᠤᠭᠤᠴᠠᠭᠠᠨ ᠤ ᠱᠠᠩᠬᠠᠢ ᠶᠢᠨ ᠨᠠᠭᠠᠳᠤᠮ ᠪᠤᠯᠪᠠ
ᠨᠡᠶᠢᠲᠡᠯᠡᠭᠰᠡᠨ ᠴᠠᠭ᠄
2019/12/6
   2019 ᠤᠨ ᠤ 12 ᠰᠠᠷ᠎ᠠ ᠶᠢᠨ 1 ᠳᠤ ᠱᠠᠩᠬᠠᠢ ᠬᠤᠳᠠᠨ᠎ᠠ ᠠᠩᠬᠠᠳᠤᠭᠠᠷ ᠤᠳᠠᠭᠠᠨ ᠤ ᠨᠠᠭᠠᠳᠤᠮ ᠪᠤᠯᠤᠯ᠎ᠠ᠃    ᠱᠠᠩᠬᠠᠢ ᠬᠤᠳᠠᠨ᠎ᠠ ᠬᠠᠤᠯᠢ ᠠᠵᠤ ᠠᠬᠤᠢ ᠶᠢᠨ ᠠᠵᠢᠯ ᠡᠷᠬᠢᠯᠡᠵᠤ ᠶᠠᠪᠤᠭ᠎ᠠ ᠳ᠋ᠦ᠋ ᠶᠢᠨ ᠯᠦᠩ ᠨᠠᠷ ᠤᠨ ᠴᠢᠷᠮᠠᠶᠢᠯᠭ᠎ᠠ ᠪᠠᠷ ᠱᠠᠩᠬᠠᠢ ᠬᠤᠳᠠᠨ᠎ᠠ ᠠᠵᠢᠯᠯᠠᠵᠤ ᠠᠮᠢᠳᠤᠷᠠᠵᠤ ᠪᠠᠶᠢᠭ᠎ᠠ ᠮᠤᠩᠭᠤᠯᠴᠤᠳ ᠤᠨ ᠤᠯᠠᠨ ᠵᠢᠯ ᠬᠦᠰᠡᠨ ᠬᠦᠯᠢᠶᠡᠭᠰᠡᠨ ᠨᠠᠭᠠᠳᠤᠮ ᠢᠶᠠᠨ ᠬᠢᠬᠦ ᠬᠦᠰᠡᠯ ᠨᠢ ᠡᠶᠢᠨᠬᠦ ᠪᠡᠶᠡᠯᠡᠵᠤ ᠪᠠᠶᠢᠭ᠎ᠠ ᠪᠢᠯᠡ᠃    ᠨᠠᠭᠠᠳᠤᠮ ᠳᠤ ᠱᠠᠩᠬᠠᠢ ᠳᠤ ᠠᠵᠢᠯᠯᠠᠵᠤ ᠠᠮᠢᠳᠤᠷᠠᠵᠤ ᠪᠠᠶᠢᠭ᠎ᠠ ᠮᠤᠩᠭᠤᠯᠴᠤᠳ ᠠᠴᠠ ᠭᠠᠳᠠᠨ᠎ᠠ᠂ ᠤᠶᠢᠷ᠎ᠠ ᠬᠠᠪᠢ ᠶᠢᠨ ᠵᠧᠵᠢᠶᠠᠩ᠂ ᠵᠢᠶᠠᠩᠰᠤ᠂ ᠠᠨᠾᠦ᠋ᠢ ᠵᠡᠷᠭᠡ ᠮᠤᠵᠢ ᠶᠢᠨ ᠮᠤᠩᠭᠤᠯᠴᠤᠳ ᠴᠦ ᠲᠡᠪᠡᠯ ᠵᠠᠰᠠᠯ ᠢᠶᠠᠷ ᠢᠶᠠᠨ ᠭᠤᠶᠤᠵᠤ ᠬᠦᠷᠦᠯᠴᠡᠨ ᠢᠷᠡᠭᠰᠡᠨ ᠪᠠᠶᠢᠯ᠎ᠠ᠃ ᠨᠠᠭᠠᠳᠤᠮ ᠤᠨ ᠡᠬᠢᠯᠡᠯᠳᠡ ᠶᠢᠨ ᠶᠤᠰᠤᠯᠠᠯ ᠠᠯᠳᠠᠷᠳᠤ ᠮᠤᠷᠢᠨ ᠬᠤᠭᠤᠷᠴᠢ ᠴᠢ᠊ · ᠪᠤᠯᠠᠭ ᠤᠨ ᠬᠦᠭᠵᠢᠮᠳᠡᠭᠰᠡᠨ ︽ᠲᠦᠮᠡᠨ ᠠᠭᠳᠠ ᠶᠢᠨ ᠲᠦᠪᠡᠷᠬᠡᠨ︾ ᠢᠶᠠᠷ ᠴᠤᠭ ᠵᠤᠯᠪᠤᠭᠠᠳᠠᠢ ᠡᠬᠢᠯᠡᠵᠤ᠂ ᠤᠷᠤᠰ ᠤᠨ ᠬᠤᠯᠪᠤᠭᠠᠨ ᠤ ᠪᠦᠭᠦᠳᠡ ᠨᠠᠶᠢᠷᠠᠮᠳᠠᠬᠤ ᠬᠠᠯᠢᠮᠠᠭ ᠤᠯᠤᠰ ᠤᠨ ᠨᠡᠷᠡᠳᠣ ᠲᠠᠭᠤᠴᠢᠨ ᠴᠠᠭᠠᠨᠵᠠᠮ᠂ ᠦᠪᠦᠷ ᠮᠤᠩᠭᠤᠯ ᠤᠨ ᠲᠠᠭᠤᠴᠢᠨ ᠮᠦᠩᠭᠦᠨᠴᠡᠴᠡᠭ ᠠᠶ᠎ᠠ ᠲᠠᠭᠤᠤ ᠪᠠᠨ ᠡᠷᠬᠦᠨ ᠨᠠᠶᠢᠷ ᠲᠤ ᠬᠦᠷ ᠨᠡᠮᠡᠵᠤ᠂ ᠲᠦᠩᠯᠢᠶᠤᠤ ᠬᠤᠳᠠ ᠶᠢᠨ ᠦᠨᠳᠦᠰᠦᠳᠡᠨ ᠤ ᠲᠠᠭᠤᠤ ᠪᠦᠵᠢᠭ ᠤᠨ ᠬᠦᠷᠢᠶᠡᠯᠡᠩ᠂ ᠱᠠᠩᠬᠠᠢ ᠶᠢᠨ ᠰᠡᠭᠡᠭᠡᠳᠡᠳ ᠤᠨ ᠪᠦᠯᠬᠦᠮ᠂ ᠰᠢᠨᠵᠢᠶᠠᠩ ᠤᠨ ᠪᠠᠶᠠᠠᠭᠤᠤᠯ ᠤᠨ ᠡᠾᠧᠵᠢᠩ ᠰᠢᠶᠠᠨ ᠤ ︽ᠵᠡᠭᠦᠨᠰᠢ ᠪᠤᠴᠠᠭᠰᠠᠨ ᠤᠶᠢᠷᠠᠳ︾ ᠠᠷᠠᠳ ᠤᠨ ᠲᠠᠭᠤᠤ ᠶᠢᠨ ᠨᠡᠶᠢᠭᠡᠮᠯᠢᠭ᠂ ᠬᠦᠬᠡᠨᠠᠭᠤᠷ ᠤᠨ ᠲᠦᠯᠦᠬᠡᠯᠡᠭᠴᠢᠳ ᠤᠨ ᠪᠦᠯᠬᠦᠮ ᠭᠤᠴᠤ ᠰᠠᠶᠢᠬᠠᠨ ᠲᠤᠭᠯᠠᠯᠳᠠ ᠪᠠᠨ ᠡᠷᠭᠦᠭᠰᠡᠨ ᠪᠠᠶᠢᠨ᠎ᠠ᠃    ᠡᠨᠡ ᠤᠳᠠᠭᠠᠨ ᠤ ᠨᠠᠭᠠᠳᠤᠮ ᠪᠦᠬᠡ ᠶᠢᠨ ᠪᠠᠷᠢᠯᠳᠤᠭᠠᠨ᠂ ᠰᠤᠷ ᠬᠠᠷᠪᠤᠯᠲᠠ᠂ ᠮᠤᠩᠭᠤᠯ ᠰᠢᠲᠠᠷ᠎ᠠ ᠵᠡᠷᠭᠡ ᠪᠠᠶᠠᠯᠢᠭ ᠠᠭᠤᠯᠭ᠎ᠠ ᠲᠠᠢ ᠶᠠᠪᠤᠭᠳᠠᠪᠠ᠃ ᠬᠦᠴᠦᠳᠤ 64 ᠪᠦᠬᠡ ᠶᠢᠨ ᠪᠠᠷᠢᠯᠳᠤᠭᠠᠨ ᠳᠤ ᠦᠪᠦᠷ ᠮᠤᠩᠭᠤᠯ ᠤᠷᠤᠨ ᠤ ᠨᠡᠷᠡᠳᠣ ᠪᠦᠬᠡ ᠪᠠᠳᠤᠵᠢᠷᠭᠠᠯ᠂ ᠭᠡᠭᠡᠷᠡᠬᠦ᠂ ᠠᠯᠲᠠᠨᠰᠦ᠋ᠬᠡ᠂ ᠮᠦᠩᠭᠡᠳᠦ᠋ᠭᠦᠷᠡᠩ ᠨᠠᠷ ᠵᠤᠳᠤᠭᠯᠠᠵᠤ᠂ ᠲᠡᠭᠡᠳᠣ ᠲᠦᠷᠪᠡ ᠳᠤ ᠪᠠᠳᠤᠵᠢᠷᠭᠠᠯ᠂ ᠰᠦᠮᠪᠦᠷ᠂ ᠮᠦᠩᠭᠡᠳᠦ᠋ᠬᠦᠷᠡᠩ᠂ ᠠᠮᠤᠷᠵᠢᠷᠭᠠᠯ ᠨᠠᠷ ᠰᠢᠯᠭᠠᠷᠠᠵᠤ᠂ ᠪᠠᠳᠤᠵᠢᠷᠭᠠᠯ ᠲᠡᠷᠢᠬᠦᠯᠡᠵᠤ᠂ ᠰᠦᠮᠪᠦᠷ ᠲᠡᠳ᠋ᠯᠡᠪᠡ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号