ᠲᠠᠯ᠎ᠠ ᠶᠢᠨ ᠰᠤᠳᠦᠨ ᠡᠵᠢ
ᠨᠡᠶᠢᠲᠡᠯᠡᠭᠰᠡᠨ ᠴᠠᠭ᠄
2021/4/2
ᠲᠤᠤᠷᠠᠢ ᠮᠤᠳᠤᠨ ᠳᠤ ᠦᠨᠳᠦᠰᠤ ᠪᠤᠢ᠂  ᠲᠠᠯᠪᠢᠳᠦ ᠴᠡᠴᠡᠭ ᠳᠤ ᠰᠦᠰᠤᠭ᠌ ᠪᠤᠢ᠃ ᠲᠠᠨ ᠤ ᠦᠨᠡᠨᠴᠢ ᠰᠡᠳᠭᠢᠯ ᠢᠶᠠᠷ ᠲᠠᠯ᠎ᠠ ᠨᠤᠳᠤᠭ ᠤᠶᠠᠷᠠᠨ ᠪᠤᠢ᠃ ᠬᠠᠯᠠᠭᠤᠨ ᠨᠠᠷᠠ ᠲᠠᠢ ᠡᠳᠦᠷ ᠲᠠ ᠪᠡᠯᠴᠢᠭᠡᠷ ᠤᠨ ᠴᠤᠪᠤᠭ᠎ᠠ   ᠶᠢ ᠬᠡᠮᠵᠢᠨ᠂ ᠬᠠᠬᠢᠷ ᠡᠪᠦᠯ ᠤᠨ ᠰᠦᠨᠢ ᠲᠠ ᠢᠰᠡᠭᠡᠢ ᠶᠢᠨ ᠤᠷᠭᠢᠭᠤᠯ ᠢ ᠰᠡᠭᠦᠨᠡᠮ  ᠃ ᠦᠷᠦ ᠵᠦᠭᠡᠯᠡᠨ‌‍ᠰᠡᠳᠬᠢᠯ ᠢᠶᠠᠨ ᠲᠠ ᠨᠤᠲᠤᠭ ᠠᠷᠠᠳ ᠳᠤ ᠪᠠᠨ ᠬᠠᠶᠢᠷᠠᠯᠠᠵᠦ᠂ ᠡᠪᠴᠢᠭᠦᠤ ᠲᠦᠭᠦᠷᠡᠩ‌ᠬᠠᠶᠢᠷ᠎ᠠ ᠪᠠᠨ ᠲᠠ ᠮᠠᠯᠴᠢᠨ ᠲᠦᠮᠡᠨ ᠳᠤ ᠪᠠᠨ ᠡᠷᠭᠦᠵᠡᠢ᠃ ᠡᠵᠢ ᠡ᠂ ᠲᠠᠯ᠎ᠠ   ᠶᠢᠨ ᠰᠤᠳᠦᠨ ᠡᠵᠢ ᠡ᠂ ᠲᠠ ᠪᠢᠳᠡᠨᠠᠷ ᠡᠯᠢᠭᠡ ᠵᠢᠷᠦᠭᠡᠨ ᠤ ᠬᠤᠯᠪᠤᠭᠠᠰᠦ ᠲᠠᠢ᠃ ᠨᠠᠯᠠᠭᠠᠷ ᠨᠠᠮᠤᠷ ᠲᠤ ᠦᠵᠡᠮᠵᠢ  ᠪᠤᠢ᠂ ᠨᠠᠪᠴᠢᠳᠦ ᠬᠠᠪᠤᠷ ᠳᠤ ᠬᠤᠷ᠎ᠠ ᠪᠤᠢ᠂ ᠨᠠᠨᠳᠢᠨ ᠰᠡᠳᠭᠢᠯ ᠤᠨ ᠲᠤᠯᠠᠭᠠᠯᠠᠯ ᠳᠤ ᠨᠠᠷᠠᠯᠠᠭ ᠬᠤᠷᠸ᠎ᠠ ᠢᠭᠳᠦᠯᠤᠨ ᠪᠤᠢ᠃ ᠪᠠᠶᠠᠰᠬᠤ ᠡᠷᠡᠨ ᠳᠤ ᠦᠷᠭᠦᠯᠵᠢ ᠲᠠᠨ ᠤ ᠢᠨᠢᠶᠡᠮᠰᠦᠭᠯᠡᠯ ᠲᠦᠷᠭᠦ ᠪᠤᠢ᠂ ᠲᠦᠭᠰᠢᠭᠦᠷᠢᠲᠦ ᠮᠦᠴᠡ ᠳᠤ ᠲᠠᠩᠳᠠ‌‍ᠲ᠋ᠠᠨ ᠤ ᠲᠡᠮᠡᠴᠡᠯ ᠪᠠᠷ᠎ᠠ ᠪᠤᠢ᠃ ᠬᠠᠪᠢᠳᠠᠨ ᠤᠴᠢᠬᠤ ᠳᠤ ᠪᠦᠭᠡᠮ ᠭᠠᠯ ᠤᠨ ᠢᠯᠴᠢ ᠪᠤᠢ᠂ ᠬᠤᠯᠠ ᠠᠴᠠ ᠰᠠᠷᠠᠪᠴᠢᠯᠠᠬᠤ ᠳᠤ ᠭᠡᠷᠡᠯᠳᠦ ᠳ᠋ᠧᠩ ‍ᠤᠨ‌‍ᠴᠠᠮᠬᠠᠭ ᠪᠤᠢ᠃ ᠡᠵᠢ ᠡ᠂ ᠲᠠᠯ᠎ᠠ ᠶᠢᠨ ᠰᠤᠳᠦᠨ ᠡᠵᠢ ᠡ᠂ ᠲᠠ ᠪᠤᠯ ᠪᠢᠳᠡᠨ ᠤ ᠬᠠᠮᠤᠭ ᠲᠤᠳᠦᠨᠦ ᠬᠦᠮᠦᠨ᠃                                              2020 ᠤᠨ ᠤ11 ᠰᠠᠷ᠎ᠠ ᠶᠢᠨ26 ᠤ ᠡᠳᠦᠷ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号