—— ᠳᠡᠪᠰᠡᠭ ᠰᠣᠷᠭᠠᠭᠤᠯᠢ ᠶᠢᠨ ᠪᠠᠳᠣ | | ᠬᠤᠭᠤᠷ ᠴᠣᠭᠤᠷ ᠢᠶᠠᠨ ᠬᠦᠭᠯᠡᠭᠦᠯᠣᠭᠡᠳ | ᠬᠤᠯᠪᠣᠭ᠎ᠠ ᠰᠢᠯᠣᠭ᠌ ᠢᠶᠠᠨ ᠡᠭᠦᠰᠭᠡᠶ᠎ᠡ︕ | ᠬᠤᠳᠠᠯᠠ ᠲᠦᠮᠡᠨ ᠢᠶᠠᠨ ᠪᠠᠶᠠᠰᠬᠠᠭᠠᠳ | ᠬᠦᠭᠵᠢᠯᠳᠣ ᠠᠮᠢᠳᠣᠷᠠᠯ ᠢᠶᠠᠨ ᠮᠠᠭᠳᠠᠶ᠎ᠠ︕ | ᠠᠷᠠᠯᠳᠣ ᠬᠤᠭᠤᠷ ᠢᠶᠠᠨ ᠳᠠᠳᠠᠭᠠᠳ | ᠠᠶᠠᠯᠭᠤ ᠬᠦᠭᠵᠢᠮ ᠢᠶᠠᠨ ᠨᠡᠶᠢᠯᠠᠭᠦᠯᠣᠶᠠ︕ | ᠠᠷᠠᠳ ᠣᠯᠠᠨ ᠢᠶᠠᠨ ᠪᠠᠶᠠᠰᠬᠠᠭᠠᠳ | ᠠᠭᠤᠣ ᠲᠦᠷᠣ ᠪᠠᠨ ᠲᠠᠭᠤᠯᠠᠶ᠎ᠠ︕ | ᠨᠠᠮ ᠪᠠᠶᠢᠭᠤᠯᠣᠭᠳᠠᠭᠰᠠᠨ ᠶᠢᠷᠡᠨ ᠨᠠᠢᠮᠠᠨ ᠵᠢᠯ ᠤᠨ ᠤᠢ ᠪᠠᠨ | ᠨᠠᠷᠭᠢᠶᠠᠨ ᠬᠦᠭᠵᠢᠶᠠᠨ ᠲᠠᠢ ᠣᠭᠳᠣᠶ᠎ᠠ︕ | ᠣᠯᠣᠰ ᠪᠠᠶᠢᠭᠤᠯᠣᠭᠳᠠᠭᠰᠠᠨ ᠲᠠᠯᠠᠨ ᠵᠢᠯ ᠤᠨ ᠤᠢ ᠪᠠᠨ | ᠤᠴᠢᠷ ᠢ ᠨᠢ ᠲᠠᠭᠠᠷᠠᠭᠤᠯᠵᠣ ᠬᠤᠯᠪᠣᠶ᠎ᠠ︕ | ᠶᠢᠷᠡᠨᠨᠠᠢᠮᠠᠨ ᠵᠢᠯ ᠤᠨ ᠠᠮᠵᠢᠯᠳᠠ ᠪᠠᠷ ᠢᠶᠠᠨ | ᠢᠷᠭᠡᠳ ᠢᠶᠠᠨ ᠴᠢᠨᠡᠭᠡᠯᠢᠭ ᠪᠣᠯᠭᠠᠭᠰᠠᠨᠨᠠᠮ ᠮᠢᠨᠢ ᠡ︕ | ᠡᠷᠬᠡ ᠴᠢᠯᠣᠭᠡ ᠵᠣᠯ ᠵᠢᠷᠭᠠᠯ ᠢ | ᠡᠳ᠋ᠯᠡᠭᠦᠯᠵᠣ ᠣᠯᠭᠤᠭᠰᠠᠨ ᠡᠬᠡ ᠣᠯᠣᠰ ᠮᠢᠨᠢ ᠡ︕ | ᠬᠠᠷ᠎ᠠ ᠪᠦᠯᠣᠭ᠍ᠳᠡᠨ ᠢ ᠠᠷᠢᠯᠭᠠᠬᠤ ᠪᠠᠷ | ᠨᠠᠮ ᠤᠨ ᠲᠦᠪ ᠬᠤᠷᠢᠶ᠎ᠠ ᠣᠷᠢᠶᠠᠯᠠᠵᠣ ᠪᠠᠶᠢᠨ᠎ᠠ︕ | ᠬᠠᠷᠬᠢᠰ ᠬᠦᠴᠣᠨ ᠢ ᠣᠰᠠᠳᠬᠠᠬᠤ ᠪᠠᠷ | ᠲᠦᠷᠣ ᠶᠢᠨ ᠶᠠᠪᠣᠳᠠᠯ ᠤᠨ ᠬᠤᠷᠢᠶ᠎ᠠ ᠵᠠᠷᠯᠢᠭᠳᠠᠵᠣ ᠪᠠᠶᠢᠨ᠎ᠠ︕ | ᠲᠣᠰᠬᠠᠢ ᠲᠡᠮᠡᠴᠡᠯ ᠢ ᠦᠷᠨᠢᠭᠦᠯᠦᠭᠡᠳ | ᠲᠣᠭᠳᠠᠭᠤᠨ ᠠᠮᠣᠷ ᠢ ᠪᠠᠬᠢᠵᠢᠭᠦᠯᠵᠤ ᠪᠠᠶᠢᠨ᠎ᠠ︕ | ᠳᠡᠭᠡᠷᠡᠩᠭᠦᠢ ᠡᠳᠡᠭᠡᠳ ᠢ ᠠᠷᠢᠯᠭᠠᠭᠠᠳ | ᠲᠦᠪᠰᠢᠨ ᠠᠮᠣᠷ ᠢ ᠪᠠᠳᠣᠯᠠᠵᠣ ᠪᠠᠶᠢᠨ᠎ᠠ︕ | ᠲᠠᠩᠬᠠᠢ ᠯᠣᠶᠢᠪᠠᠷᠴᠢᠨ ᠤ ᠶᠠᠯᠠᠳᠣ ᠠᠵᠢᠯᠯᠠᠭ᠎ᠠ ᠳᠤ | ᠳᠠᠷᠣᠢ ᠲᠦᠷᠭᠡᠨ ᠴᠤᠬᠢᠯᠳᠠ ᠦᠭᠴᠣ ᠪᠠᠶᠢᠨ᠎ᠠ︕ | ᠬᠠᠣᠯᠢ ᠶᠢ ᠵᠦᠷᠢᠴᠡᠭᠰᠡᠨᠶᠠᠯᠠᠳᠣ ᠠᠵᠢᠯᠯᠠᠭ᠎ᠠ ᠳᠤ | ᠬᠠᠶᠢᠷ᠎ᠠ ᠨᠠᠶᠢᠷ ᠦᠭᠡᠢ ᠳᠠᠷᠣᠯᠳᠠ ᠦᠭᠴᠣ ᠪᠠᠶᠢᠨ᠎ᠠ︕ | ᠦᠷᠭᠡᠨ ᠲᠦᠮᠡᠨ ᠢ ᠣᠷᠢᠶᠠᠯᠠᠵᠣ | ᠢᠳᠡᠪᠭᠢᠲᠠᠢ ᠣᠷᠣᠯᠴᠠᠬᠤ ᠶᠢ ᠵᠣᠷᠢᠭᠵᠢᠭᠤᠯᠵᠣ ᠪᠠᠶᠢᠨ᠎ᠠ︕ | ︿︿ᠬᠤᠣᠷᠳᠣ ᠬᠠᠪᠣᠳᠠᠷ﹀﹀ ᠤᠨ ᠰᠦᠪᠡᠭᠴᠢ ᠣᠯᠵᠣ | ᠬᠤᠷᠳᠣᠨ ᠮᠡᠳᠡᠭᠦᠯᠬᠦ ᠶᠢ ᠣᠬᠠᠭᠤᠯᠵᠣ ᠪᠠᠶᠢᠨ᠎ᠠ︕ | | ᠬᠠᠷ᠎ᠠ ᠪᠦᠯᠣᠭ᠍ᠳᠡᠨ ᠬᠠᠮᠢᠭ᠎ᠠ ᠪᠠᠶᠢᠨ᠎ᠠ ᠤᠤ︖ | ᠬᠠᠮᠤᠭ ᠪᠦᠭᠦᠳᠡᠭᠡᠷ ᠴᠣᠬᠢᠶ᠎ᠠ︕ | ᠬᠠᠷᠬᠢᠰ ᠬᠦᠴᠣᠨᠬᠠᠮᠢᠭᠠ ᠪᠠᠶᠢᠨ᠎ᠠ ᠤᠤ︖ | ᠬᠠᠮᠤᠭ ᠪᠦᠭᠦᠳᠡᠭᠡᠷ ᠵᠠᠨᠴᠢᠶ᠎ᠠ︕ | ᠳᠠᠯᠳᠠ ᠶᠢᠨ ︿︿ᠬᠠᠮᠠᠭᠠᠯᠠᠭᠴᠢ﹀﹀ ᠬᠠᠮᠢᠭ᠎ᠠ ᠪᠠᠶᠢᠨ᠎ᠠ ᠤᠤ︖ | ᠰᠢᠭᠤᠳ ᠢᠯᠡᠴᠢᠯᠡᠨ ᠮᠠᠳᠡᠭᠦᠯᠣᠶᠡ︕ | ᠪᠣᠷᠣᠩᠬᠤᠢ ᠬᠠᠷᠬᠢᠰ ᠬᠠᠮᠢᠭ᠎ᠠ ᠪᠠᠶᠢᠨ᠎ᠠ ᠤᠤ︖ | ᠪᠤᠳᠠ ᠴᠤᠬᠢᠨ ᠵᠠᠨᠴᠢᠶ᠎ᠠ︕ | ᠪᠦᠬᠦ ᠠᠷᠠᠳ ᠢᠶᠠᠷ ᠪᠦᠯᠬᠦᠮᠳᠡᠵᠣ | ᠪᠣᠯᠪᠠᠰᠣᠨ ᠶᠣᠰᠣᠷᠬᠠᠭ ᠨᠡᠶᠢᠭᠡᠮ ᠢ ᠪᠠᠶᠢᠭᠤᠯᠣᠶ᠎ᠠ︕ | ᠲᠦᠪ ᠰᠣᠷᠳᠠᠯ ᠢ ᠪᠠᠳᠠᠷᠠᠭᠤᠯᠵᠣ | ᠡᠶ᠎ᠡ ᠵᠣᠬᠢᠴᠠᠩᠭᠤᠢ ᠨᠡᠶᠢᠭᠡᠮ ᠢ ᠪᠠᠶᠢᠭᠤᠯᠣᠶ᠎ᠠ︕ | | ᠬᠠᠷ᠎ᠠ ᠪᠦᠯᠣᠭ᠍ᠳᠡᠨ ᠳᠤ ᠬᠦᠨᠳᠣ ᠴᠤᠬᠢᠯᠳᠠ ᠦᠭᠭᠦᠭᠡᠳ | ᠬᠠᠪᠤ ᠴᠡᠩᠭᠡᠯ ᠲᠠᠢ ᠠᠮᠢᠳᠣᠷᠠᠵᠠᠭᠠᠶᠠ︕ | ᠬᠠᠷᠬᠢᠰ ᠬᠦᠴᠣᠨ ᠢ ᠬᠤᠭ ᠦᠭᠡᠢ ᠠᠷᠢᠯᠭᠠᠭᠠᠳ | ᠬᠠᠨᠣᠮᠵᠢ ᠵᠢᠷᠭᠠᠯ ᠲᠠᠢ ᠠᠮᠢᠳᠣᠷᠠᠵᠠᠭᠠᠶᠠ︕ | -- 2019.6.20 |