— ︽ᠠᠯᠳᠠᠢ ᠶᠢᠨ ᠴᠤᠤᠷᠢᠶ᠎ᠠ ᠲᠤᠬᠤᠮ ᠤᠨ ᠲᠠᠯ᠎ᠠ︾ ᠳᠤᠮᠳᠠᠲᠦ ᠤᠯᠤᠰ • ᠲᠤᠬᠤᠮ ᠤᠨ ᠰᠤᠷ | ᠬᠠᠷᠪᠤᠯᠭ᠎ᠠ ᠶᠢᠨ ᠨᠠᠶᠢᠷ ᠤᠨ ᠲᠤᠬᠠᠢ ᠲᠠᠳᠠᠯᠠᠭ᠎ᠠ | ᠲᠤᠯᠤᠭᠠᠨ ᠰᠠᠷ᠎ᠠ ᠶᠢᠨ ᠲᠤᠬᠤᠮ ᠨᠤᠲᠤᠭ ᠭᠡᠵᠦ ᠵᠢᠷᠭᠠᠯ ᠤᠨ ᠳᠠᠭᠤᠤ ᠤᠶᠠᠩᠭᠠᠷᠠᠵᠦ᠂ ᠬᠦᠭᠡ ᠲᠠᠯ᠎ᠠ ᠨᠢ | ᠬᠦᠬᠡᠷᠡᠨ ᠨᠤᠭᠤᠭᠠᠷᠠᠵᠦ᠂ ᠬᠦᠭᠡᠮᠳᠦᠭ ᠠᠭᠤᠯᠠᠰ ᠨᠢ ᠢᠰᠬᠢᠷᠦᠨ ᠱᠤᠤᠬᠢᠵᠦ᠂ ᠬᠦᠯᠦᠭ ᠮᠤᠷᠢᠳ ᠨᠢ ᠳᠠᠷᠬᠠᠨ | ᠪᠡᠯᠴᠢᠵᠦ᠂ ᠬᠦᠮᠦᠨ ᠠᠷᠡᠳ ᠨᠢ ᠪᠠᠶᠠᠰᠤᠯᠴᠬᠠᠰᠠᠨ ᠦᠯᠵᠠᠶᠢᠲᠦ ᠵᠤᠨ ᠤ ᠴᠠᠭ ᠮᠦᠴᠠ ᠳᠤ᠂ ︽ᠠᠯᠳᠠᠢ ᠶᠢᠨ | ᠴᠤᠤᠷᠢᠶ᠎ᠠ ᠲᠤᠬᠤᠮ ᠤᠨ ᠲᠠᠯ᠎ᠠ︾ ᠳᠤᠮᠳᠠᠲᠦ ᠤᠯᠤᠰ • ᠲᠤᠬᠤᠮ ᠤᠨ ᠰᠤᠷ ᠬᠠᠷᠪᠤᠯᠭ᠎ᠠ ᠶᠢᠨ ᠨᠠᠶᠢᠷ | ᠲᠤᠬᠤᠮ ᠤᠨ ᠲᠠᠯ᠎ᠠ ᠳᠤ ᠠᠮᠵᠢᠯᠲᠠᠲᠠᠢ ᠰᠠᠶᠢᠬᠠᠨ ᠶᠠᠪᠤᠬᠳᠠᠪᠠ᠃ | ᠲᠤᠰ ᠤᠳᠠᠭᠠᠨ ᠤ ᠨᠠᠶᠢᠷ ᠢ ᠬᠤᠷᠴᠢᠨ ᠪᠠᠷᠠᠭᠤᠨ ᠭᠠᠷᠦᠨ ᠡᠮᠤᠨᠡᠲᠦ ᠬᠤᠰᠢᠭᠤᠨ ᠤ ᠠᠷᠡᠳ ᠤᠨ ᠵᠠᠰᠠᠭ ᠤᠨ | ᠤᠷᠳᠤᠨ ᠠᠴᠠ ᠭᠤᠤᠯᠯᠠᠨ ᠡᠷᠬᠢᠯᠡᠵᠦ᠂ ᠬᠤᠷᠴᠢᠨ ᠪᠠᠷᠠᠭᠤᠨ ᠭᠠᠷᠦᠨ ᠡᠮᠤᠨᠡᠲᠦ ᠬᠤᠰᠢᠭᠤᠨ ᠤ ᠰᠤᠶᠤᠯ ᠵᠤᠭᠠᠴᠠᠯ | ᠪᠡᠶ᠎ᠠ ᠲᠠᠮᠢᠷ ᠤᠨ ᠲᠤᠪᠴᠢᠶ᠎ᠠ᠂ ᠲᠤᠬᠤᠮ ᠰᠤᠮᠤ ᠶᠢᠨ ᠠᠷᠡᠳ ᠤᠨ ᠵᠠᠰᠠᠭ ᠤᠨ ᠤᠷᠳᠤᠨ ᠠᠴᠠ ᠳᠠᠭᠠᠭᠠᠴᠢᠯᠡᠨ | ᠡᠷᠬᠢᠯᠡᠵᠦ᠂ ᠵᠠᠰᠠᠬᠲᠦ ᠬᠤᠷᠴᠢᠨ ᠰᠤᠷ ᠬᠠᠷᠪᠤᠯᠭ᠎ᠠ ᠶᠢᠨ ᠨᠡᠶᠢᠭᠡᠮᠯᠢᠭ ᠠᠴᠠ ᠬᠠᠮᠵᠢᠨ ᠡᠷᠬᠢᠯᠡᠭᠰᠡᠨ ᠪᠠᠶᠢᠨ᠎ᠠ᠃ | ᠡᠬᠢᠯᠡᠯᠲᠡ ᠶᠢᠨ ᠶᠤᠰᠤᠯᠠᠯ ᠳᠤ᠂ ᠬᠤᠷᠴᠢᠨ ᠪᠠᠷᠠᠭᠤᠨ ᠭᠠᠷᠦᠨ ᠡᠮᠤᠨᠡᠲᠦ ᠬᠤᠰᠢᠭᠤᠨ ᠤ ᠨᠠᠮ ᠵᠠᠰᠠᠭ ᠤᠨ | ᠤᠳᠤᠷᠢᠳᠤᠯᠭ᠎ᠠ ᠵᠢᠴᠢ ᠬᠠᠮᠢᠶ᠎ᠠ ᠪᠦᠬᠦᠢ ᠪᠠᠶᠢᠭᠤᠯᠤᠯᠭ᠎ᠠ ᠨᠢᠭᠡᠴᠡ ᠶᠢᠨ ᠬᠠᠷᠢᠭᠤᠴᠠᠯᠭᠠᠳᠠᠨ᠂ ᠲᠤᠬᠤᠮ ᠰᠤᠮᠤ ᠶᠢᠨ | ᠤᠶᠢᠷ᠎ᠠ ᠬᠠᠪᠢ ᠶᠢᠨ ᠡᠯ᠎ᠠ ᠰᠤᠮᠤ ᠰᠢᠶᠠᠩ ᠤᠨ ᠬᠠᠷᠢᠭᠤᠴᠠᠯᠭᠠᠳᠠᠨ ᠪᠠ ᠲᠤᠬᠤᠮ ᠰᠤᠮᠤ ᠶᠢᠨ ᠠᠷᠡᠳ ᠲᠦᠮᠡᠨ᠂ | ᠬᠤᠯᠠ ᠤᠶᠢᠷ᠎ᠠ ᠶᠢᠨ ᠨᠠᠭᠠᠳᠦᠮᠴᠢᠨ ᠰᠤᠷᠴᠢᠳ ᠬᠠᠮᠲᠦ ᠤᠷᠤᠯᠴᠠᠬᠰᠠᠨ ᠪᠠᠶᠢᠨ᠎ᠠ᠃ | ᠡᠬᠢᠯᠡᠯᠲᠡ ᠶᠢᠨ ᠶᠤᠰᠤᠯᠠᠯ ᠨᠢ᠂ ᠤᠯᠤᠰ ᠤᠨ ᠰᠦᠯᠲᠡ ᠳᠠᠭᠤᠤ ᠶᠢ ᠳᠠᠭᠤᠯᠠᠵᠦ᠂ ᠤᠯᠤᠰ ᠤᠨ ᠲᠤᠭ ᠢ | ᠮᠠᠨᠳᠤᠭᠤᠯᠬᠤ᠂ ᠲᠤᠯᠭ᠎ᠠ ᠶᠢᠨ ᠭᠠᠯ ᠨᠤᠴᠤᠭᠠᠵᠤ᠂ ᠰᠤᠷᠴᠢᠳ ᠠᠴᠠ ᠨᠤᠮᠤ ᠰᠤᠮᠤ ᠪᠠᠨ ᠠᠷᠢᠭᠤᠳᠬᠠᠬᠤ᠂ ᠲᠤᠬᠤᠮ | ᠰᠤᠮᠤ ᠶᠢᠨ ᠨᠠᠮ ᠤᠨ ᠬᠤᠷᠢᠶ᠎ᠠ ᠶᠢᠨ ᠱᠦᠵᠢ ᠠᠴᠠ ᠤᠬᠳᠤᠯᠭ᠎ᠠ ᠶᠢᠨ ᠦᠭᠡ ᠶᠠᠷᠢᠬᠤ᠂ ᠬᠢᠨᠠᠬᠴᠢ ᠲᠠᠮᠢᠷᠴᠢᠳ ᠠᠴᠠ | ᠲᠠᠩᠭᠠᠷᠢᠭ ᠬᠢᠬᠦ᠂ ᠡᠬᠢᠯᠡᠯᠲᠡ ᠶᠢᠨ ᠶᠤᠰᠤᠯᠠᠯ ᠢ ᠲᠤᠩᠬᠠᠬᠯᠠᠬᠤ ᠵᠡᠷᠭᠡ ᠠᠯᠬᠤᠮ ᠳᠠᠷᠠᠭ᠎ᠠ ᠪᠠᠷ ᠶᠠᠪᠤᠬᠳᠠᠵᠠᠢ᠃ | ᠲᠤᠰ ᠤᠳᠠᠭᠠᠨ ᠤ ᠨᠠᠶᠢᠷ ᠨᠢ᠂ ᠬᠤᠷᠴᠢᠨ ᠪᠠᠷᠠᠭᠤᠨ ᠭᠠᠷᠦᠨ ᠡᠮᠤᠨᠡᠲᠦ ᠬᠤᠰᠢᠭᠤᠨ ᠤ ᠤᠯᠠᠭᠠᠨᠮᠤᠲᠦ ᠲᠠᠯ᠎ᠠ | ᠨᠤᠲᠤᠭ ᠤᠨ ᠵᠤᠭᠠᠴᠠᠯ ᠤᠨ ᠬᠦᠭᠵᠢᠯᠲᠠ ᠶᠢ ᠲᠦᠷᠭᠡᠳᠭᠡᠵᠦ᠂ ᠦᠨᠳᠦᠰᠦᠲᠡᠨ ᠤ ᠤᠯᠠᠮᠵᠢᠯᠠᠯᠲᠦ ᠰᠤᠶᠤᠯ ᠢᠶᠠᠨ | ᠤᠯᠠᠮ ᠨᠢᠭᠡ ᠠᠯᠬᠤᠮ ᠤᠯᠠᠮᠵᠢᠯᠡᠨ ᠪᠠᠳᠠᠷᠠᠭᠤᠯᠵᠦ᠂ ᠬᠤᠷᠴᠢᠨ ᠪᠠᠷᠠᠭᠤᠨ ᠭᠠᠷᠦᠨ ᠡᠮᠤᠨᠡᠲᠦ ᠬᠤᠰᠢᠭᠤᠨ ᠤ ᠠᠮᠢ | ᠠᠬᠤᠢ᠂ ᠵᠤᠨ ᠤ ᠤᠯᠠᠷᠢᠯ ᠤᠨ ᠵᠤᠭᠠᠴᠠᠯ ᠤᠨ ᠨᠡᠷᠡᠲᠦ ᠳᠡᠮᠳᠡᠭ ᠢ ᠡᠭᠦᠳᠦᠨ ᠪᠠᠶᠢᠭᠤᠯᠵᠦ᠂ ᠬᠤᠰᠢᠭᠤᠨ ᠤ ᠪᠠᠨ | ᠵᠤᠭᠠᠴᠠᠯ ᠤᠨ ᠨᠡᠷᠡᠲᠦ ᠳᠡᠮᠳᠡᠭᠲᠦ ᠶᠢ ᠤᠯᠠᠮ ᠨᠢᠭᠡ ᠠᠯᠬᠤᠮ ᠲᠦᠯᠬᠢᠨ ᠠᠬᠢᠭᠤᠯᠬᠤ ᠪᠠᠷ ᠭᠤᠤᠯ ᠵᠤᠷᠢᠯᠭ᠎ᠠ ᠪᠠᠨ | ᠪᠤᠯᠭᠠᠵᠠᠢ᠃ ᠨᠠᠶᠢᠷ ᠢᠶᠠᠨ ᠤᠯᠠᠮ ᠬᠦᠷ ᠬᠦᠭᠵᠢᠶᠠᠨ ᠲᠠᠢ ᠪᠤᠯᠭᠠᠬᠤ ᠡᠭᠦᠳᠡᠨ ᠠᠴᠠ ᠨᠠᠶᠢᠷ ᠡᠷᠬᠢᠯᠡᠭᠰᠡᠨ | ᠨᠢᠭᠡᠴᠡ ᠠᠴᠠ ᠪᠠᠰᠠ ᠦᠨᠳᠦᠰᠦᠲᠡᠨ ᠤ ᠤᠨᠴᠠᠯᠢᠬᠲᠦ ᠤᠷᠠᠨ ᠰᠠᠶᠢᠬᠠᠨ ᠤ ᠲᠤᠬᠯᠠᠯᠲᠠ᠂ ᠦᠨᠳᠦᠰᠦᠲᠡᠨ ᠤ | ᠬᠤᠪᠴᠠᠰᠦ ᠵᠠᠰᠠᠯ ᠤᠨ ᠦᠵᠡᠭᠦᠯᠦᠯᠭᠡ᠂ ᠭᠠᠷ ᠤᠷᠠᠯᠠᠯ ᠤᠨ ᠳᠡᠯᠭᠡᠨ ᠦᠵᠡᠭᠦᠯᠦᠯᠭᠡ᠂ ᠤᠯᠠᠭᠠᠨ ᠢᠳᠡᠭᠡ ᠪᠠ | ᠴᠠᠭᠠᠨ ᠢᠳᠡᠭᠡᠨ ᠤ ᠰᠢᠯᠭᠠᠷᠠᠭᠤᠯᠤᠯᠲᠠ᠂ ᠲᠦᠳᠡᠭ ᠭᠠᠯ ᠤᠨ ᠦᠳᠡᠰᠢᠯᠡᠭᠡ ᠵᠡᠷᠭᠡ ᠡᠯᠪᠡᠭ ᠠᠭᠤᠯᠭ᠎ᠠ ᠶᠢ | ᠲᠤᠬᠢᠷᠠᠭᠤᠯᠦᠨ ᠶᠠᠪᠤᠬᠳᠠᠭᠤᠯᠵᠦ᠂ ᠨᠤᠲᠤᠭ ᠤᠨ ᠤᠯᠠᠨ ᠲᠦᠮᠡᠨ ᠪᠤᠯᠤᠨ ᠬᠤᠯᠠ ᠤᠶᠢᠷ᠎ᠠ ᠠᠴᠠ ᠬᠦᠷᠦᠯᠴᠡᠨ | ᠢᠷᠡᠭᠰᠡᠨ ᠵᠤᠴᠢᠳ ᠨᠠᠭᠠᠳᠦᠮᠴᠢᠳ ᠤᠨ ᠬᠠᠷᠠᠭ᠎ᠠ ᠶᠢ ᠪᠠᠶᠠᠰᠬᠠᠵᠠᠢ᠃ | ᠤᠷᠤᠯᠳᠤᠭᠠᠨ ᠨᠢ ᠡᠷᠡᠭᠲᠠᠢ ᠶᠢᠨ 30 ᠮᠧᠲᠷ᠂ 40 ᠮᠧᠳ᠋ᠷ ᠤᠨ ᠰᠠᠷᠠᠨ ᠫᠠᠢ ᠶᠢᠨ ᠬᠠᠷᠪᠤᠭ᠎ᠠ ᠶᠢᠨ | ᠲᠤᠭᠤᠶᠢᠯᠠᠩ᠂ ᠡᠮᠡᠭᠲᠠᠢ ᠶᠢᠨ 20 ᠮᠧᠲᠷ᠂ 30 ᠮᠧᠲᠷ ᠤᠨ ᠰᠠᠷᠠᠨ ᠫᠠᠢ ᠶᠢᠨ ᠬᠠᠷᠪᠤᠭ᠎ᠠ ᠶᠢᠨ ᠲᠤᠭᠤᠶᠢᠯᠠᠩ᠂ | ᠪᠠᠭᠠᠴᠤᠳ ᠤᠨ 15 ᠮᠧᠲᠷ ᠤᠨ ᠲᠤᠭᠤᠶᠢᠯᠠᠩ ᠭᠡᠵᠦ ᠬᠤᠪᠢᠶᠠᠨ ᠶᠠᠪᠤᠬᠳᠠᠭᠤᠯᠵᠠᠢ᠃ ᠡᠭᠦᠨ ᠳᠤ᠂ ᠰᠢᠯᠢ ᠶᠢᠨ | ᠭᠤᠤᠯ᠂ ᠬᠦᠯᠦᠨ ᠪᠤᠶᠢᠷ᠂ ᠤᠯᠠᠭᠠᠨᠬᠠᠲᠠ᠂ ᠲᠦᠡᠭᠯᠢᠶᠤᠤ᠂ ᠬᠠᠷᠠᠮᠦ᠋ᠷᠡᠨ ᠮᠤᠵᠢ᠂ ᠬᠢᠷᠢᠨ᠂ ᠶᠦᠨᠨᠠᠨ ᠵᠡᠷᠭᠡ ᠪᠦᠬᠦ | ᠤᠯᠤᠰ ᠤᠨ ᠡᠯ᠎ᠠ ᠮᠤᠵᠢ ᠵᠢᠴᠢ ᠡᠯ᠎ᠠ ᠠᠶᠢᠮᠠᠭ ᠬᠤᠲᠠ ᠶᠢᠨ 500 ᠰᠢᠬᠠᠮ ᠰᠤᠷᠴᠢᠨ ᠬᠤᠷᠠᠨ ᠴᠤᠬᠯᠠᠷᠠᠵᠦ᠂ | ᠡᠷᠡᠬᠡᠢ ᠮᠡᠷᠭᠡᠨ ᠢᠶᠠᠨ ᠰᠦᠢᠬᠰᠠᠨ ᠪᠠᠶᠢᠨ᠎ᠠ᠃ ᠤᠷᠤᠯᠳᠤᠭᠠᠨ ᠬᠤᠷᠴᠠ ᠰᠢᠷᠦᠭᠦᠨ ᠶᠠᠪᠤᠬᠳᠠᠬᠰᠠᠨ ᠪᠤᠯᠬᠤᠷ | ᠨᠠᠶᠢᠷ ᠤᠨ ᠲᠠᠯᠠᠪᠠᠢ ᠶᠢᠨ ᠰᠤᠷᠴᠢᠳ ᠤᠨ ᠬᠠᠵᠠᠭᠤ ᠪᠠᠷ ᠭᠠᠷᠬᠤ ᠪᠤᠯᠭᠠᠨ ᠬᠠᠵᠠᠭᠤ ᠬᠠᠪᠢᠷᠭ᠎ᠠ ᠶᠢᠨ ᠬᠦᠮᠦᠰ ᠠᠴᠠ | ᠡᠨᠡ ᠰᠤᠷᠴᠢᠨ ᠬᠠᠮᠢᠭ᠎ᠠ ᠠᠴᠠ ᠢᠷᠡᠭᠰᠡᠨ ᠪᠤᠢ᠂ ᠰᠠᠶᠢᠬᠠᠨ ᠬᠠᠷᠪᠤᠵᠠᠢ᠂ ᠦᠨᠡᠭᠡᠷ ᠭᠤᠶᠤ ᠪᠠᠶᠢᠨ᠎ᠠ ᠭᠡᠬᠦ ᠳᠠᠭᠤᠨ | ᠰᠤᠨᠤᠰᠳᠠᠵᠦ ᠦᠪᠡᠷ ᠤᠨ ᠡᠷᠭᠡ ᠦᠭᠡᠢ ᠰᠤᠷ ᠬᠠᠷᠪᠤᠬᠤ ᠮᠡᠷᠭᠡᠵᠢᠯ ᠢ ᠰᠤᠷᠴᠦ ᠤᠷᠤᠯᠳᠤᠭᠠᠨ ᠳᠤ ᠤᠷᠤᠯᠴᠠᠬᠤ | ᠪᠠᠬ᠎ᠠ ᠶᠢ ᠳᠠᠲᠠᠨ᠎ᠠ᠃ | ᠶᠤᠰᠤᠯᠠᠯ ᠤᠨ ᠳᠠᠷᠠᠭ᠎ᠠ ᠲᠤᠬᠤᠮ ᠰᠤᠮᠤ ᠶᠢᠨ ᠨᠠᠮ ᠤᠨ ᠬᠤᠷᠢᠶᠠᠨ ᠤ ᠲᠡᠳ᠋ ᠱᠦᠵᠢ᠂ ᠰᠤᠮᠤᠨ ᠳᠠᠷᠤᠭ᠎ᠠ | ᠡᠷᠳᠡᠨᠢ ᠰᠤᠷᠪᠤᠯᠵᠢᠯᠠᠭ᠎ᠠ ᠬᠦᠯᠢᠶᠡᠬᠦ ᠳᠡᠭᠡᠨ᠄ ︽ᠦᠨᠦ ᠵᠢᠯ ᠤᠨ ᠰᠤᠷ ᠬᠠᠷᠪᠤᠯᠲᠠ ᠶᠢᠨ ᠨᠠᠶᠢᠷ ᠨᠢ | ᠦᠡᠭᠭᠡᠷᠡᠭᠰᠡᠨ ᠤ ᠬᠢᠨ ᠲᠠᠢ ᠬᠠᠷᠢᠴᠠᠭᠤᠯᠪᠠᠯ ᠬᠦᠷᠢᠶ᠎ᠠ ᠬᠡᠪᠴᠢᠶ᠎ᠠ ᠪᠠᠷ ᠦᠷᠭᠡᠨ ᠮᠦᠷᠲᠡᠭᠡᠨ ᠪᠦᠬᠦ ᠤᠯᠤᠰ ᠤᠨ ᠡᠯ᠎ᠠ | ᠭᠠᠵᠠᠷ ᠠᠴᠠ ᠨᠡᠩ ᠤᠯᠠᠨ ᠰᠤᠷᠴᠢᠨ ᠬᠦᠷᠦᠯᠴᠡᠨ ᠢᠷᠡᠭᠰᠡᠨ ᠪᠠᠶᠢᠨ᠎ᠠ᠂ ᠲᠤᠰ ᠤᠳᠠᠭᠠᠨ ᠤ ᠨᠠᠶᠢᠷ ᠨᠢ ᠮᠠᠨ ᠤ | ᠦᠨᠳᠦᠰᠦᠲᠡᠨ ᠤ ᠪᠠᠨ ᠰᠤᠶᠤᠯ ᠢᠶᠠᠨ ᠨᠡᠩ ᠢᠯᠡᠭᠦᠦ ᠤᠯᠠᠮᠵᠢᠯᠠᠨ ᠳᠡᠯᠭᠡᠷᠡᠭᠦᠯᠵᠦ᠂ ᠨᠤᠲᠤᠭ ᠤᠨ ᠰᠤᠶᠤᠯ | ᠵᠤᠭᠠᠴᠠᠯ ᠤᠨ ᠬᠦᠭᠵᠢᠯᠲᠠ ᠶᠢ ᠨᠡᠩ ᠢᠯᠡᠭᠦᠦ ᠠᠬᠢᠭᠤᠯᠵᠦ᠂ ᠨᠤᠲᠤᠭ ᠤᠨ ᠲᠦᠮᠡᠨ ᠤ ᠪᠠᠨ ᠰᠤᠶᠤᠯ ᠢ | ᠪᠠᠶᠠᠯᠢᠬᠵᠢᠭᠤᠯᠬᠤ ᠪᠠᠷ ᠭᠤᠤᠯ ᠪᠤᠯᠭᠠᠬᠰᠠᠨ ᠮᠦᠷᠲᠡᠭᠡᠨ ᠬᠤᠰᠢᠭᠤᠨ ᠤ ᠪᠠᠨ ᠰᠤᠶᠤᠯ ᠵᠤᠭᠠᠴᠠᠯ ᠤᠨ ᠤᠶᠢᠯᠡᠰ ᠢ | ᠬᠦᠭᠵᠢᠭᠦᠯᠬᠦ ᠪᠠᠷ ᠭᠤᠤᠯ ᠢᠶᠠᠨ ᠪᠤᠯᠭᠠᠵᠠᠢ︾ ᠭᠡᠵᠦ ᠶᠠᠷᠢᠵᠦ ᠪᠠᠶᠢᠯ᠎ᠠ᠃ | 7 ᠰᠠᠷ᠎ᠠ ᠶᠢᠨ 13 — 14 ᠤ ᠬᠤᠶᠠᠷ ᠡᠳᠦᠷ ᠤᠨ ᠬᠤᠷᠴᠠ ᠰᠢᠷᠦᠭᠦᠨ ᠤᠷᠤᠯᠳᠤᠭᠠᠨ ᠢᠶᠠᠷ ᠳᠠᠮᠵᠢᠨ᠂ | ᠡᠷᠡᠭᠲᠠᠢ ᠶᠢᠨ 30 ᠮᠧᠳ᠋ᠷ ᠤᠨ ᠤᠷᠤᠯᠳᠤᠭᠠᠨ ᠳᠤ᠂ ᠡᠷᠢᠶᠡᠨ ᠬᠤᠲᠠ ᠶᠢᠨ ᠦᠰᠬᠦᠪᠠᠶᠠᠷ ᠲᠡᠷᠢᠭᠦᠯᠡᠵᠦ᠂ ᠬᠦᠪᠡᠭᠡᠲᠦ | ᠰᠢᠷ᠎ᠠ ᠬᠤᠰᠢᠭᠤᠨ ᠤ ᠲᠤᠤᠯᠢᠰ ᠳᠡᠳ᠋ᠯᠡᠵᠦ᠂ ᠬᠢᠨᠭ᠍ᠭᠠᠨ ᠠᠶᠢᠮᠠᠭ ᠤᠨ ᠸᠠᠩ ᠴᠸᠡᠭ ᠭᠤᠳᠠᠭᠠᠷᠯᠠᠵᠠᠢ᠃ ᠡᠷᠡᠭᠲᠠᠢ ᠶᠢᠨ | 40 ᠮᠧᠳ᠋ᠷ ᠤᠨ ᠤᠷᠤᠯᠳᠤᠭᠠᠨ ᠳᠤ᠂ ᠠᠷᠦ ᠬᠤᠷᠴᠢᠨ ᠤ ᠶᠡᠭᠡ ᠲᠤᠷᠵᠢ ᠲᠡᠷᠢᠭᠦᠯᠡᠵᠦ᠂ ᠪᠠᠷᠠᠭᠤᠨ ᠪᠠᠭᠠᠷᠢᠨ ᠤ | ᠰᠡᠴᠡᠨᠮᠦ᠋ᠡᠭᠭᠡ ᠬᠤᠶᠠᠳᠤᠭᠠᠷ ᠲᠤ ᠤᠷᠤᠵᠦ᠂ ᠵᠠᠰᠠᠬᠲᠦ ᠶᠢᠨ ᠪᠤᠶᠠᠨᠳᠠᠯᠠᠢ ᠭᠤᠷᠪᠠᠳᠤᠭᠠᠷ ᠲᠤ ᠳᠤᠳᠤᠷᠠᠪᠠ᠃ | ᠡᠮᠡᠭᠲᠠᠢ ᠶᠢᠨ 20 ᠮᠧᠲᠷ ᠤᠨ ᠤᠷᠤᠯᠳᠤᠭᠠᠨ ᠳᠤ᠂ ᠠᠪᠠᠭ᠎ᠠ ᠶᠢᠨ ᠨᠠᠨᠳᠢᠨᠴᠡᠴᠡᠭ ᠲᠦᠷᠦᠭᠦᠯᠡᠵᠦ᠂ ᠳᠠᠷᠬᠠᠨ ᠤ | ᠪᠤᠤ ᠬᠤᠸᠠ ᠬᠤᠶᠠᠳᠤᠭᠠᠷ ᠲᠤ ᠤᠷᠦᠵᠦ᠂ ᠪᠠᠷᠠᠭᠤᠨ ᠦᠵᠦᠮᠦᠴᠢᠨ ᠤ ᠠᠯᠳᠠᠨᠳᠤᠶᠠᠭ᠎ᠠ ᠭᠤᠷᠪᠠᠳᠤᠭᠠᠷ ᠲᠤ ᠤᠷᠤᠵᠠᠢ | ᠃ 30 ᠮᠧᠲᠷ ᠤᠨ ᠤᠷᠤᠯᠳᠤᠭᠠᠨ ᠳᠤ᠂ ᠰᠢᠨ᠎ᠠ ᠪᠠᠷᠭᠤ ᠪᠠᠷᠠᠭᠤᠨ ᠬᠤᠰᠢᠭᠤᠨ ᠤ ᠲᠤᠶᠠᠭ᠎ᠠ ᠦᠵᠦᠭᠦᠷᠯᠡᠵᠦ᠂ | ᠪᠠᠷᠠᠭᠤᠨ ᠪᠠᠭᠠᠷᠢᠨ ᠤ ᠠᠯᠳᠠᠨᠳᠤᠶᠠᠭ᠎ᠠ ᠬᠤᠶᠠᠳᠤᠭᠠᠷ ᠲᠤ ᠳᠤᠳᠤᠷᠠᠵᠦ᠂ ᠪᠠᠷᠠᠭᠤᠨ ᠪᠠᠭᠠᠷᠢᠨ ᠤ ᠴᠤᠯᠮᠤᠨᠴᠢᠮᠡᠭ | ᠭᠤᠷᠪᠠᠳᠤᠭᠠᠷ ᠲᠤ ᠳᠤᠳᠤᠷᠠᠪᠠ᠃ ᠪᠠᠭᠠᠴᠤᠳ ᠤᠨ 15 ᠮᠧᠲᠷ ᠤᠨ ᠤᠷᠤᠯᠳᠤᠭᠠᠨ ᠳᠤ᠂ ᠤᠯᠠᠭᠠᠨᠬᠠᠲᠠ ᠶᠢᠨ | ᠤᠡᠭᠨᠢᠭᠤᠳ ᠬᠤᠰᠢᠭᠤᠨ ᠤ ᠨᠠᠨᠳᠢᠨ ᠲᠡᠷᠢᠭᠦᠯᠡᠵᠦ᠂ ᠤᠯᠠᠭᠠᠨᠬᠠᠲᠠ ᠶᠢᠨ ᠠᠷᠦ ᠬᠤᠷᠴᠢᠨ ᠬᠤᠰᠢᠭᠤᠨ ᠤ ᠠᠯᠢᠶᠠᠬᠦᠦ | ᠬᠤᠶᠠᠳᠤᠭᠠᠷ ᠲᠤ ᠤᠷᠤᠵᠦ᠂ ᠤᠯᠠᠭᠠᠨᠬᠠᠲᠠ ᠶᠢᠨ ᠤᠡᠭᠨᠢᠭᠤᠳ ᠬᠤᠰᠢᠭᠤᠨ ᠤ ᠪᠤᠤ ᠶᠢᠨ ᠰᠢᠩ ᠭᠤᠷᠪᠠᠳᠤᠭᠠᠷ ᠲᠤ | ᠲᠤᠳᠤᠷᠠᠪᠠ᠃ ᠤᠯᠠᠭᠠᠨ ᠢᠳᠡᠭᠡᠨ ᠤ ᠰᠢᠯᠭᠠᠷᠠᠭᠤᠯᠤᠯᠲᠠ ᠳᠤ᠂ ᠪᠤᠭᠤᠳᠠᠬ ᠪᠤᠯᠤᠨ ᠭᠦᠵᠡᠭᠡᠨ ᠪᠤᠭᠤᠳᠠᠬ ᠤᠨ | ᠲᠡᠷᠢᠭᠦᠨ ᠳᠤ ᠲᠤᠬᠤᠮ ᠰᠤᠮᠤ ᠶᠢᠨ ᠠᠴᠢᠯᠠᠩᠲᠦ ᠭᠠᠴᠠᠭ᠎ᠠ ᠶᠢᠨ ᠨᠠᠷᠠᠰᠦ ᠲᠡᠷᠢᠭᠦᠯᠡᠵᠦ᠂ ᠤᠭᠤᠴᠠ ᠶᠢᠨ | ᠲᠡᠷᠢᠭᠦᠨ ᠳᠤ᠂ ᠲᠤᠬᠤᠮ ᠰᠤᠮᠤ ᠶᠢᠨ ᠤᠰᠤᠨ ᠡᠬᠢ ᠭᠠᠴᠠᠭ᠎ᠠ ᠶᠢᠨ ᠶᠢᠨ ᠰᠢᠶᠤᠤ ᠲᠤᠳᠤᠷᠠᠵᠦ᠂ ᠰᠢᠷᠠᠮᠠᠯ ᠤᠨ | ᠨᠢᠭᠡᠳᠦᠭᠡᠷ ᠲᠤ᠂ ᠲᠤᠬᠤᠮ ᠰᠤᠮᠤ ᠶᠢᠨ ᠤᠰᠤᠨ ᠡᠬᠢ ᠭᠠᠴᠠᠭ᠎ᠠ ᠶᠢᠨ ᠣᠶᠥᠨᠪᠢᠯᠢᠭ ᠳᠤᠳᠤᠷᠠᠵᠦ᠂ ᠭᠡᠳᠡᠰᠦ | ᠳᠤᠳᠤᠷ ᠤᠨ ᠨᠢᠭᠡᠳᠦᠭᠡᠷ ᠨᠡᠷᠡᠰ ᠲᠤ᠂ ᠲᠤᠬᠤᠮ ᠰᠤᠮᠤ ᠶᠢᠨ ᠠᠴᠢᠯᠠᠩᠲᠦ ᠭᠠᠴᠠᠭ᠎ᠠ ᠶᠢᠨ ᠨᠠᠷᠠᠰᠦ ᠳᠤᠳᠤᠷᠠᠪᠠ᠃ | ᠴᠠᠭᠠᠨ ᠢᠳᠡᠭᠡᠨ ᠤ ᠰᠢᠯᠭᠠᠷᠠᠭᠤᠯᠤᠯᠲᠠ ᠳᠤ᠂ ᠮᠤᠩᠭᠤᠯ ᠰᠢᠬᠢᠷ ᠤᠨ ᠤᠷᠤᠯᠳᠤᠭᠠᠨ ᠳᠤ᠂ ᠲᠤᠬᠤᠮ ᠰᠤᠮᠤ ᠶᠢᠨ | ᠨᠠᠪᠴᠢ ᠲᠡᠷᠢᠭᠦᠯᠡᠵᠦ᠂ ᠵᠦᠭᠡᠭᠡᠢ ᠶᠢᠨ ᠤᠷᠤᠯᠳᠤᠭᠠᠨ ᠳᠤ᠂ ᠲᠤᠬᠤᠮ ᠰᠤᠮᠤ ᠶᠢᠨ ᠬᠠᠢ ᠲᠠᠩ ᠲᠡᠷᠢᠭᠦᠯᠡᠵᠦ᠂ ᠰᠢᠷ᠎ᠠ | ᠲᠤᠰᠤ ᠶᠢᠨ ᠤᠷᠤᠯᠳᠤᠭᠠᠨ ᠳᠤ᠂ ᠮᠠᠨᠵᠦ ᠶᠢᠨ ᠪᠠᠢ ᠤᠳᠤᠨᠭᠡᠷᠡᠯ ᠲᠡᠷᠢᠭᠦᠯᠡᠵᠦ᠂ ᠰᠢᠷᠠᠰᠦᠨ ᠤᠮᠳᠠᠭᠠᠨ ᠤ | ᠤᠷᠤᠯᠳᠤᠭᠠᠨ ᠳᠤ᠂ ᠲᠤᠬᠤᠮ ᠤᠨ ᠰᠠᠷᠠᠭᠤᠯ ᠲᠡᠷᠢᠭᠦᠯᠡᠵᠦ᠂ ᠬᠤᠷᠤᠳ ᠤᠨ ᠤᠷᠤᠯᠳᠤᠭᠠᠨ ᠳᠤ ᠤᠯᠠᠭᠠᠨᠮᠤᠲᠦ ᠶᠢᠨ | ᠽᠠᠨᠳᠠᠨ ᠲᠡᠷᠢᠭᠦᠯᠡᠵᠦ᠂ ᠴᠡᠭᠡ ᠶᠢᠨ ᠤᠷᠤᠯᠳᠤᠭᠠᠨ ᠳᠤ ᠲᠤᠬᠤᠮ ᠰᠤᠮᠤ ᠶᠢᠨ ᠨᠠᠮᠵᠢᠯ ᠲᠡᠷᠢᠭᠦᠯᠡᠪᠠ᠃ ︵ᠯᠢᠶᠠᠨ | ᠪᠤᠤ ᠮᠡᠳᠡᠭᠡᠯᠡᠪᠡ︶ | | | | | | |