ᠤᠳᠤᠮ ᠢᠶᠠᠨ ᠵᠠᠯᠭᠠᠵᠦ ᠠᠭᠤᠳᠠᠮ ᠳᠠᠯ᠎ᠠ ᠳᠤ ᠰᠤᠨᠤᠷ ᠪᠠᠶᠠᠰᠬᠠᠨ | ᠤᠯᠠᠷᠢᠯ ᠢᠶᠠᠨ ᠳᠠᠭᠠᠵᠦ ᠡᠪᠦᠭᠡᠳ ᠤᠨ ᠭᠤᠯᠤᠮᠳᠠ ᠪᠠᠨ ᠮᠠᠨᠠᠭᠰᠠᠨ | ᠪᠢ ᠲᠠᠯ᠎ᠠ ᠶᠢᠨ ᠰᠠᠯᠬᠢ ᠪᠠᠷ ᠢᠯᠪᠡᠭᠦᠯᠦᠭᠰᠡᠨ | ᠮᠤᠷᠢ ᠲᠠᠢ ᠪᠠᠨ ᠢᠷᠡᠭᠰᠡᠨ ᠬᠤᠷᠢᠳᠤᠭᠠᠷ ᠵᠠᠭᠤᠨ ᠤ ᠮᠤᠩᠭᠤᠯ | ᠪᠢ ᠲᠤᠯᠤᠭᠠᠨ ᠡᠬᠡᠰᠢᠭ ᠢᠶᠠᠷ ᠵᠡᠪᠰᠡᠭᠯᠡᠭᠰᠡᠨ | ᠢᠰᠡᠭᠡᠢ ᠲᠤᠭᠤᠷᠭᠠᠲᠠᠨ ᠤ ᠬᠠᠯᠠᠭᠤᠨ ᠴᠢᠰᠤᠨ ᠤ ᠦᠷᠡᠰ | ᠠᠪᠤ ᠶᠢᠨ ᠭᠤᠤᠷᠰᠤᠲᠦ ᠬᠦᠯᠦᠭ ᠤᠨ ᠲᠤᠮᠤᠭ ᠢ ᠠᠮᠢᠯᠠᠭᠤᠯᠵᠦ ᠨᠢᠰᠭᠡᠭᠰᠡᠨ | ᠡᠵᠢ ᠶᠢᠨ ᠲᠤᠯᠠᠭᠠᠨ ᠡᠩᠭᠡᠷ ᠲᠤ ᠡᠪᠦᠭᠡᠷᠡᠳᠡᠯᠡ ᠨᠢᠯᠬᠠᠷᠠᠵᠦ ᠵᠢᠷᠭᠠᠭᠰᠠᠨ | ᠡᠬᠡ ᠬᠡᠯᠡ ᠪᠠᠨ ᠡᠷᠳᠡᠨᠢ ᠪᠤᠯᠭᠠᠨ ᠭᠠᠨᠵᠤᠭᠠᠯᠠᠵᠦ ᠬᠠᠷᠠᠮᠨᠠᠭᠰᠠᠨ | ᠪᠢ᠂ ᠮᠠᠯᠴᠢᠨ ᠬᠦᠮᠦᠨ | 2020/10/16 | ᠰ᠊᠂ ᠭᠠᠯᠰᠠᠩ |