ᠨᠠᠮᠤᠷᠵᠢᠶ᠎ᠠ
ᠨᠡᠶᠢᠲᠡᠯᠡᠭᠰᠡᠨ ᠴᠠᠭ᠄
2020/10/23
            ᠨᠠᠰᠦ ᠪᠠᠷ ᠢᠶᠠᠨ ᠪᠢ ᠨᠠᠮᠤᠷᠵᠢᠶ᠎ᠠ ᠪᠠᠨ ᠰᠠᠬᠢᠶ᠎ᠠ             ᠨᠠᠶᠢᠷᠠᠭ ᠢᠶᠠᠷ ᠢᠶᠠᠨ ᠪᠢ ᠭᠤᠨᠢᠭ ᠢᠶᠠᠨ ᠠᠷᠭᠠᠳᠠᠶ᠎ᠠ ᠨᠠᠷᠠ ᠪᠠᠨ ᠳᠠᠭᠠᠭᠰᠠᠨ ᠨᠡᠬᠦᠳᠡᠯᠴᠢᠨ ᠨᠠᠮᠤᠷ ᠲᠠᠭᠠᠨ ᠳᠡᠩᠳᠡᠭᠦᠦ ᠭᠤᠨᠢᠭᠳᠠᠶᠢᠬᠠᠨ ᠨᠠᠭᠤᠷ ᠢᠶᠠᠨ ᠤᠷᠭᠢᠭᠰᠠᠨ ᠰᠢᠪᠠᠭᠤᠳ ᠨᠢᠰᠬᠦ ᠳᠡᠭᠡᠨ ᠳᠡᠶᠢᠮᠦ ᠭᠠᠩᠭᠠᠨᠠᠩᠬᠠᠨ ᠬᠤᠯᠢᠮᠠᠭ ᠢᠶᠠᠷ ᠶᠠᠷᠢᠭᠰᠠᠨ ᠤᠭᠰᠠᠭᠠᠳᠠᠨ ᠬᠤᠯᠤᠭᠠᠨ᠎ᠠ ᠵᠢᠯ ᠳᠡᠭᠡᠨ ᠰᠡᠬᠦᠷᠡᠰᠦᠳᠡᠶᠢᠬᠠᠨ ᠬᠤᠲᠠ ᠪᠠᠷ ᠢᠶᠠᠨ ᠬᠤᠳᠠᠯᠳᠤᠬᠤ ᠮᠠᠯᠴᠢᠳ ᠬᠤᠵᠢᠮ ᠤᠨ ᠡᠲᠦᠷ ᠲᠡᠭᠡᠨ ᠬᠠᠷᠠᠮᠰᠠᠯᠳᠠᠶᠢᠬᠠᠨ ᠰᠦ ᠶᠢᠨ ᠦᠨᠦᠷ ᠲᠠᠢ ᠭᠤᠤᠯ ᠰᠢᠷᠭᠠᠯ ᠦᠩᠭᠡ ᠶᠢᠨ ᠲᠤᠯᠬᠢᠶᠠᠨ ᠲᠠᠢ ᠰᠦᠷᠦᠭ ᠤᠨ ᠬᠡᠰᠢᠭ ᠲᠠᠢ ᠲᠠᠯ᠎ᠠ ᠰᠠᠷ᠎ᠠ ᠵᠢᠯ ᠤᠨ ᠲᠤᠷᠠᠰᠤᠮᠵᠢ ᠲᠠᠢ ᠡᠯᠦᠨᠴᠡ ᠬᠤᠯᠤᠨᠴᠠ ᠶᠢᠨ ᠦᠷ᠎ᠡ ᠠᠴᠠ ᠡᠬᠡᠷᠡᠮ᠎ᠡ ᠲᠠᠯ᠎ᠠ ᠳᠠᠭᠠᠨ ᠲᠦᠳᠡᠭ ᠲᠠᠢ ᠡᠵᠡᠨ ᠴᠢᠩᠬᠢᠰ ᠤᠨ ᠦᠷ᠎ᠡ ᠠᠴᠠ ᠠᠽᠢᠶ᠎ᠠ ᠡᠸᠦ᠋ᠷᠦᠫᠡ ᠳᠤ ᠪᠠᠭᠤᠴᠠ ᠲᠠᠢ ᠬᠤᠷᠢᠳᠤᠭᠠᠷ ᠵᠠᠭᠤᠨ ᠤ ᠬᠠᠪᠤᠷ ᠠᠴᠠ ᠬᠠᠳᠠᠭᠤ ᠴᠠᠭ ᠤᠨ ᠡᠭᠡᠳᠡᠷᠡᠬᠡᠨ ᠮᠡᠳᠡᠷᠡᠭᠳᠡᠨ᠎ᠡ ᠬᠠᠨᠤᠮᠠᠯ ᠲᠤᠨᠤᠮᠠᠯ ᠤᠰᠤ ᠲᠠᠢ ᠨᠠᠮᠤᠷ ᠠᠴᠠ ᠬᠡᠯᠡ ᠰᠤᠶᠤᠯ ᠤᠨ ᠬᠤᠪᠢᠷᠠᠯᠲᠠ ᠡᠬᠢᠯᠡᠨ᠎ᠡ ᠨᠠᠷᠠ ᠪᠠᠨ ᠳᠠᠭᠠᠭᠰᠠᠨ ᠨᠡᠭᠦᠳᠡᠯᠴᠢᠨ ᠨᠠᠮᠤᠷ ᠨᠠᠮᠤᠷ ᠮᠡᠨᠳᠦ ᠪᠠᠶᠢᠭᠠᠰᠠᠢ ᠨᠤᠲᠤᠭ ᠢᠶᠠᠨ ᠰᠠᠬᠢᠭᠰᠠᠨ ᠮᠤᠩᠭᠤᠯᠴᠤᠳ ᠨᠠᠮᠤᠷᠵᠢᠶ᠎ᠠ ᠳᠤ ᠲᠤᠯᠭ᠎ᠠ ᠪᠠᠳᠠᠷᠠᠭᠠᠰᠠᠢ︕               ᠰ᠊᠂ ᠭᠠᠯᠰᠠᠩ      2020/10/22
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号