ᠪᠠ᠊᠂ ᠴᠤᠭᠴᠠᠮ ᠤᠷᠴᠢᠭᠤᠯᠪᠠ | ᠮᠤᠳᠤ ᠦᠨᠳᠦᠰᠤ ᠲᠠᠢ᠂ ᠬᠤᠸᠠᠷ ᠰᠦᠨᠡᠰᠦ ᠲᠠᠢ᠂ | ᠲᠠ ᠪᠠᠶᠢᠬᠤ ᠠᠴᠠ ᠲᠠᠯ᠎ᠠ ᠨᠤᠳᠤᠭ ᠰᠡᠳᠬᠢᠯᠭᠡ ᠲᠠᠢ ᠪᠤᠯᠵᠠᠢ᠃ | ᠬᠠᠯᠠᠭᠤᠨ ᠨᠠᠷᠠ ᠲᠠᠢ ᠡᠳᠦᠷ ᠤᠳ ᠢ ᠲᠠ ᠮᠠᠯᠵᠢᠯ ᠤᠨ ᠲᠠᠯᠠᠪᠤᠷ ᠲᠤ ᠦᠩᠭᠡᠷᠡᠭᠦᠯᠵᠤ᠂ | ᠬᠠᠬᠢᠷ ᠡᠪᠦᠯ ᠤᠨ ᠰᠦᠨᠢ ᠤᠳ ᠢ ᠲᠠ ᠮᠠᠯᠴᠢᠨ ᠤ ᠦᠷᠦᠭᠡᠨ ᠳᠤ ᠬᠤᠷᠤᠭᠠᠵᠠᠢ᠃ | ᠦᠷᠦᠪᠴᠢᠭᠡᠨ ᠰᠡᠳᠬᠢᠯ ᠢᠶᠠᠨ ᠲᠠ ᠨᠤᠲᠤᠭ ᠤᠰᠤᠨ ᠳᠠᠭᠠᠨ ᠡᠷᠭᠦᠵᠤ᠂ | ᠠᠭᠤᠳᠠᠮ ᠬᠠᠶᠢᠷ᠎ᠠ ᠪᠠᠨ ᠲᠠ ᠠᠭᠤᠤ ᠮᠠᠯᠴᠢᠳ ᠲᠠᠭᠠᠨ ᠬᠠᠨᠳᠢᠪᠯᠠᠵᠠᠢ᠂ ᠡᠵᠢ ᠡ᠂ | ᠲᠠᠯ᠎ᠠ ᠨᠤᠲᠤᠭ ᠤᠨ ᠰᠠᠶᠢᠨ ᠡᠵᠢ ᠡ᠂ | ᠲᠠ ᠪᠢᠳᠡᠨᠠᠷ ᠲᠠᠢ ᠰᠡᠳᠬᠢᠯ ᠵᠢᠷᠦᠭᠡ ᠬᠤᠯᠪᠤᠭᠠᠲᠠᠢ᠃ | ᠨᠠᠮᠤᠷ ᠦᠵᠡᠮᠵᠢ ᠲᠠᠢ᠂ ᠬᠠᠪᠤᠷ ᠬᠤᠷ᠎ᠠ ᠲᠠᠢ᠂ | ᠲᠠᠨ ᠤ ᠠᠴᠢ ᠪᠠᠷ ᠬᠦᠮᠦᠨ ᠤ ᠽᠠᠮᠪᠤᠯᠢᠭ ᠬᠠᠶᠢᠷ᠎ᠠ ᠪᠠᠷ ᠪᠢᠯᠬᠠᠨ᠎ᠠ᠃ | ᠪᠠᠶᠠᠰᠬᠤ ᠮᠦᠴᠡ ᠳᠤ ᠲᠠᠨ ᠤ ᠢᠨᠢᠶᠡᠮᠰᠦᠭᠯᠡᠯ ᠲᠤᠳᠠᠬᠤ ᠦᠭᠡᠢ᠂ | ᠲᠦᠭᠰᠢᠭᠦᠷᠢᠲᠦ ᠦᠶ᠎ᠡ ᠳᠤ ᠲᠠᠨ ᠤ ᠪᠠᠷ᠎ᠠ ᠬᠤᠴᠤᠷᠠᠬᠤ ᠦᠭᠡᠢ᠂ | ᠲᠠᠨ ᠲᠠᠢ ᠬᠠᠪᠢᠳᠠᠬᠤ ᠳᠤ ᠨᠢᠭᠡᠨ ᠪᠦᠭᠡᠮ ᠭᠠᠯ ᠰᠢᠭ᠋᠂ | ᠲᠠᠨ ᠢ ᠪᠠᠷᠠᠭᠠᠯᠠᠬᠤ ᠳᠤ ᠨᠢᠭᠡᠨ ᠰᠠᠭᠤᠷᠢ ᠴᠠᠮᠬᠠᠭ ᠰᠢᠭ᠋᠂ ᠡᠵᠢ ᠡ᠂ | ᠲᠠᠯ᠎ᠠ ᠨᠤᠲᠤᠭ ᠤᠨ ᠰᠠᠶᠢᠨ ᠡᠵᠢ ᠡ᠂ | ᠲᠠ ᠪᠤᠯ ᠪᠢᠳᠡᠨ ᠤ ᠬᠠᠮᠤᠭ ᠬᠠᠶᠢᠷᠠᠯᠠᠯᠲᠠᠢ ᠬᠦᠮᠦᠨ᠃ | 2020 ᠤᠨ ᠤ 11 ᠰᠠᠷ᠎ᠠ ᠶᠢᠨ 26 ᠤ ᠡᠲᠦᠷ | ᠶᠦᠨ ᠱᠣ᠋ ᠪᠢ ᠶᠢᠨ ᠬᠤᠪᠢᠰᠬᠠᠯ ᠤᠨ ᠵᠣᠷᠢᠭ ᠰᠠᠨᠠᠭ᠎ᠠ ᠦᠨᠢᠳᠡ ᠤᠷᠤᠰᠢᠨ᠎ᠠ︕ | ᠶᠦᠨ ᠱᠣ᠋ ᠪᠢ 16 ᠨᠠᠰᠤᠲᠠᠢ ᠳᠠᠭᠠᠨ ᠳᠡᠭᠦᠦ ᠪᠦᠬᠡ ᠪᠠᠨ ᠳᠠᠭᠠᠭᠤᠯᠤᠨ ᠶᠠᠨ ᠠᠨ ᠳᠤ ᠬᠦᠷᠴᠦ | ᠬᠤᠪᠢᠰᠬᠠᠯ ᠳᠤ ᠤᠷᠤᠯᠴᠠᠪᠠ᠃ 19 ᠨᠠᠰᠤᠲᠠᠢ ᠳᠠᠭᠠᠨ ᠳᠠᠷᠤᠢ 1941 ᠣᠨ ᠳᠤ᠂ ᠶᠠᠨ ᠠᠨ ᠠᠴᠠ ᠥᠪᠥᠷ | ᠮᠣᠩᠭᠤᠯ ᠳᠤ ᠪᠤᠴᠠᠭᠰᠠᠨ ᠤ ᠳᠠᠷᠠᠭ᠎ᠠ᠂ ᠳᠠᠯᠠᠨ ᠬᠠᠷ᠎ᠠ ᠠᠭᠤᠯᠠ ᠶᠢᠨ ᠶᠠᠫᠣᠨ ᠢ ᠡᠰᠡᠷᠭᠦᠴᠡᠬᠦ ᠫᠠᠷᠲ᠋ᠢᠽᠠᠨ ᠠᠩᠬᠢ ᠳᠤ | ᠤᠷᠤᠯᠴᠠᠪᠠ᠃ | ᠨᠢᠭᠡ ᠤᠳᠠᠭᠠᠨ ᠤ ᠳᠠᠶᠢᠯᠠᠯᠳᠤᠭᠠᠨ ᠳᠤ ᠪᠢᠴᠢᠬᠠᠨ ᠪᠠᠶᠢᠯᠳᠤᠭᠴᠢ ᠰᠢᠶᠣᠣ ᠱᠠᠨ ᠳ᠋ᠦᠩ ᠰᠤᠮᠤᠨ ᠳᠤ | ᠣᠨᠣᠭᠳᠠᠭᠠᠳ ᠬᠦᠨᠳᠦ ᠰᠢᠷᠬᠠᠲᠤᠵᠠᠶ᠃ ᠡᠷᠡᠯᠬᠡᠭ ᠪᠠᠭᠠᠲᠤᠷᠯᠢᠭ ᠶᠦᠨ ᠱᠦ ᠪᠢ ᠲᠤᠬᠠᠢ ᠶᠢᠨ ᠦᠶ᠎ᠡ ᠶᠢᠨ ᠬᠠᠳᠠᠭᠤ | ᠪᠡᠷᠭᠡ ᠪᠠᠶᠢᠳᠠᠯ ᠲᠤᠤᠷ᠎ᠠ᠂ ᠰᠫᠢᠷᠲ ᠢᠶᠠᠷ ᠵᠢᠵᠢᠭ ᠬᠢᠲᠤᠭ᠎ᠠ ᠶᠢ ᠠᠷᠢᠭᠤᠳᠬᠠᠭᠰᠠᠨ ᠤ ᠳᠠᠷᠠᠭ᠎ᠠ᠂ ᠰᠢᠶᠣᠣ ᠱᠠᠨ | ᠳ᠋ᠦᠩ ᠤᠨ ᠰᠤᠮᠤ ᠶᠢ ᠨᠢ ᠠᠪᠴᠤ ᠥᠭᠪᠡ᠃ ᠳᠣᠪᠣᠴᠠᠭ ᠳᠣᠲᠣᠷ᠎ᠠ ᠨᠢᠭᠡᠨ ᠡᠮᠡᠭᠲᠡᠶ ᠫᠠᠷᠲ᠋ᠢᠽᠠᠨ ᠠᠩᠭᠢ ᠶᠢᠨ | ᠭᠡᠰᠢᠭᠦᠨ ᠪᠤᠯᠤᠨ ᠶᠦᠨ ᠱᠣ᠋ ᠪᠢ ᠬᠤᠶᠠᠭᠤᠯᠠ ᠰᠢᠷᠠᠭᠳᠤᠭᠰᠠᠳ ᠢ ᠠᠪᠤᠷᠠᠬᠤ ᠡᠮ ᠲᠡᠪᠡᠷᠢᠵᠦ ᠬᠦᠶᠦᠵᠦ ᠪᠠᠶᠢᠭᠠᠳ | ᠬᠠᠭᠤᠷᠮᠠᠭ ᠴᠡᠷᠢᠭ ᠲᠤ ᠰᠡᠷᠡᠵᠦ ᠮᠡᠳᠡᠭᠳᠡᠭᠰᠡᠨ ᠦᠶ᠎ᠡ ᠳᠤ᠂ ᠶᠦᠨ ᠱᠣ᠋ ᠪᠢ ᠡᠮᠡᠭᠲᠡᠶ ᠫᠠᠷᠲ᠋ᠢᠽᠠᠨ ᠠᠩᠭᠢ ᠶᠢᠨ | ᠬᠡᠰᠢᠬᠦᠨ ᠢ ᠡᠮ ᠲᠡᠪᠡᠷᠢᠬᠦᠯᠦᠨ ᠤᠷᠢᠳᠠᠪᠠᠷ ᠲᠤᠲᠠᠭᠠᠯᠭᠠᠵᠦ᠂ ᠥᠪᠡᠷ ᠢᠶᠠᠨ ᠦᠯᠡᠳᠡᠭᠡᠳ ᠪᠸᠢᠢᠫᠢᠡᠭ ᠠᠴᠠ ᠠᠭᠤᠯᠠᠨ | ᠲᠤᠰᠬᠤᠨ ᠳᠤ ᠢᠷᠡᠵᠦ ᠦᠵᠡᠵᠦ ᠵᠢᠷᠤᠬᠤ ᠨᠡᠷ᠎ᠡ ᠪᠠᠷ ᠬᠠᠭᠤᠷᠮᠠᠭ ᠴᠡᠷᠢᠭ ᠤᠨ ᠨᠡᠬᠡᠮᠵᠢᠯᠡᠨ ᠪᠠᠶᠢᠴᠠᠭᠠᠯᠲᠠ ᠠᠴᠠ | ᠤᠬᠠᠭᠠᠯᠢᠭ ᠢᠶᠠᠷ ᠵᠠᠶᠢᠯᠠᠪᠠ᠃ | ᠮᠣᠩᠭᠤᠯ ᠭᠡᠷ ᠲᠤ᠂ ᠪᠠᠲᠤ ᠶᠢᠨ ᠡᠬᠡᠨᠡᠷ ᠲᠠᠨ᠎ᠠ ᠪᠡᠷᠭᠡ ᠬᠦᠩᠬᠡᠵᠢᠯᠲᠡ ᠠᠴᠠ ᠪᠤᠯᠵᠦ ᠲᠤᠤᠷ᠎ᠠ ᠪᠡᠶ᠎ᠡ ᠠᠴᠠ ᠨᠢ | ᠶᠡᠭᠡ ᠬᠡᠮᠵᠢᠶ᠎ᠡ ᠪᠠᠷ ᠴᠢᠰᠤ ᠭᠠᠷᠤᠭᠰᠠᠨ ᠳᠤ᠂ ᠬᠠᠷᠠᠭ᠎ᠠ ᠰᠣᠬᠤᠷ ᠪᠠᠲᠤ ᠰᠡᠩᠳᠡ ᠮᠡᠩᠳᠡ ᠮᠣᠷᠢ ᠤᠨᠤᠵᠤ | ᠲᠤᠰᠠᠯᠠᠮᠵᠢ ᠭᠤᠶᠤᠬᠤ ᠪᠠᠷ ᠭᠠᠷᠤᠭᠠᠳ ᠰᠠᠨᠠᠮᠰᠠᠷ ᠦᠬᠡᠢ ᠬᠠᠶᠠᠭᠳᠠᠨ ᠤᠶᠢᠴᠢᠪᠠ᠃ ᠪᠠᠲᠤ ᠶᠢᠨ ᠬᠦᠤ ᠠᠭᠤᠳᠠᠮ | ᠶᠠᠭ ᠡᠨᠡ ᠦᠶ᠎ᠡ ᠳᠤ ᠳᠠᠪᠬᠢᠵᠦ ᠪᠠᠶᠢᠭ᠎ᠠ ᠵᠢᠢ ᠫᠦ᠋ ᠲᠡᠷᠭᠡ ᠶᠢ ᠣᠯᠵᠤ ᠬᠠᠷᠠᠵᠦ ᠲᠤᠰᠠᠯᠠᠮᠵᠢ ᠭᠤᠶᠤᠵᠠᠢ᠃ ᠶᠦᠨ | ᠱᠣ᠋ ᠪᠢ ᠪᠣᠯᠤᠨ ᠵᠢᠯᠣᠭᠤᠴᠢ ᠥᠯᠵᠡᠶ ᠲᠡᠷᠭᠡᠨ ᠠᠴᠠ ᠪᠠᠨ ᠪᠠᠭᠤᠵᠤ ᠪᠠᠶᠢᠳᠠᠯ ᠢ ᠠᠰᠠᠭᠤᠭᠰᠠᠨ ᠤ ᠳᠠᠷᠠᠭ᠎ᠠ᠂ | ᠳᠠᠷᠦ᠋ᠢᠬᠠᠨ ᠡᠮᠴᠢ ᠡᠷᠢᠬᠦᠯᠪᠡ᠃ ᠶᠦᠨ ᠱᠦ ᠪᠢ ᠮᠣᠩᠭᠤᠯ ᠭᠡᠷ ᠲᠤ ᠢᠷᠡᠵᠦ ᠲᠠᠨ᠎ᠠ ᠶᠢᠨ ᠭᠠᠷ ᠢ ᠠᠳᠬᠤᠵᠦ | ᠦᠵᠡᠭᠰᠡᠨ ᠳᠤ ᠳᠡᠷᠡ ᠶᠡᠭᠡ ᠴᠢᠰᠤ ᠭᠠᠷᠴᠦ ᠪᠠᠴᠢᠮ ᠴᠢᠰᠤ ᠶᠡᠭᠦᠯᠡᠬᠦ ᠴᠢᠬᠤᠯᠠᠲᠠᠢ ᠪᠤᠯᠤᠭᠰᠠᠨ ᠪᠣᠯᠪᠠᠴᠤ ᠲᠠᠯ᠎ᠠ | ᠨᠤᠲᠤᠭ ᠮᠠᠯᠵᠢᠬᠤ ᠣᠷᠣᠨ ᠠᠴᠠ ᠴᠢᠰᠤᠨ ᠡᠭᠡᠳᠡᠩ ᠣᠯᠬᠤ ᠳᠤ ᠬᠦᠴᠢᠷ ᠪᠣᠯᠬᠤᠷ ᠵᠠᠯᠠᠭᠤ ᠬᠡᠥᠬᠡᠨ ᠲᠠᠨ᠎ᠠ ᠦᠵᠡᠵᠦ | ᠪᠠᠶᠢᠳᠠᠯ᠎ᠠ ᠨᠢᠲᠦ ᠪᠠᠨ ᠠᠨᠢᠵᠦ ᠠᠮᠢ ᠲᠠᠯᠪᠢᠪᠠ᠃ ᠢᠩᠭᠢᠭᠡᠳ ᠶᠦᠨ ᠱᠣ᠋ ᠪᠢ ᠶᠢᠨ ᠨᠢᠳᠦᠨ ᠡᠮᠦᠨ᠎ᠡ ᠦᠷᠭᠦᠯᠵᠢ | ᠲᠠᠨ᠎ᠠ ᠶᠢᠨ ᠴᠢᠰᠤᠨ ᠡᠭᠡᠳᠡᠩ ᠦᠭᠡᠢ ᠠᠴᠠ ᠪᠣᠯᠵᠤ ᠡᠷᠬᠢᠮ ᠨᠠᠨᠳᠢᠨ ᠠᠮᠢ ᠨᠠᠰᠤ ᠪᠠᠨ ᠠᠯᠳᠠᠭᠰᠠᠨ ᠡᠮᠭᠡᠨᠢᠯᠲᠦ | ᠪᠠᠶᠢᠳᠠᠯ ᠢᠯᠡᠷᠡᠵᠦ᠂ ᠲᠡᠷᠡ ᠦᠶ᠎ᠡ ᠠᠴᠠ ᠡᠬᠢᠯᠡᠨ᠂ ᠲᠡᠷᠡ ᠳᠠᠷᠤᠢ ᠴᠢᠰᠤᠨ ᠤ ᠥᠷᠲᠡᠭᠡ ᠪᠠᠶᠢᠭᠤᠯᠬᠤ ᠪᠠᠷ ᠵᠤᠷᠢᠭ | ᠰᠢᠭᠤᠳᠴᠠᠢ᠃ ᠬᠤᠵᠢᠮ ᠨᠢ᠂ ᠶᠦᠨ ᠱᠣ᠋ ᠪᠢ ᠭᠠᠵᠠᠷ ᠪᠣᠯᠭᠠᠨ ᠳᠤ ᠶᠡᠭᠡ ᠬᠦᠴᠦ ᠬᠥᠳᠡᠯᠮᠦᠷᠢ ᠵᠠᠷᠤᠴᠠᠭᠤᠯᠵᠦ᠂ | ᠪᠦᠬᠦ ᠤᠯᠤᠰ ᠤᠨ ᠬᠠᠮᠤᠭ ᠠᠩᠬᠠᠨ ᠤ ᠦᠨ᠎ᠡ ᠲᠥᠯᠥᠪᠦᠷᠢ ᠦᠭᠡᠶ ᠪᠠᠷ ᠴᠢᠰᠤ ᠬᠠᠨᠳᠢᠪᠯᠠᠬᠤ ᠴᠢᠰᠤᠨ ᠤ ᠥᠷᠲᠡᠭᠡ | ᠡᠴᠦᠰ ᠲᠡᠭᠡᠨ ᠥᠪᠥᠷ ᠮᠣᠩᠭᠤᠯ ᠳᠤ ᠪᠠᠶᠢᠭᠤᠯᠤᠭᠳᠠᠪᠠ᠃ | ᠬᠥᠮᠦᠨ ᠬᠠᠶᠢᠷ᠎ᠠ ᠰᠡᠳᠬᠢᠯᠭᠡ ᠲᠠᠢ ᠪᠠᠶᠢᠬᠤ ᠬᠡᠷᠡᠭᠲᠡᠢ︕ | ᠠᠵᠢᠯᠲᠠᠳ ᠶᠦᠨ ᠱᠦ ᠪᠢ ᠶᠢᠨ ᠨᠠᠷᠢᠨ ᠪᠢᠴᠢᠭᠡᠴᠢ ᠴᠧᠨ ᠰᠢᠦᠢ ᠶᠢ ᠡᠷᠢᠵᠦ ᠣᠯᠤᠭᠠᠳ᠂ ᠲᠤᠬᠠᠶ ᠶᠢᠨ ᠦᠶ᠎ᠡ | ᠳᠤ ᠦᠪᠦᠷ ᠮᠣᠩᠭᠤᠯ ᠤᠨ ᠤᠯᠠᠭᠠᠨ ᠵᠠᠭᠠᠯᠮᠠᠶᠢᠲᠠᠨ ᠤ ᠨᠡᠶᠢᠭᠡᠮᠯᠢᠭ ᠢ ᠪᠠᠶᠢᠭᠤᠯᠤᠭᠰᠠᠨ ᠥᠩᠭᠡᠷᠡᠯᠲᠡ ᠶᠢ ᠣᠶᠢᠯᠠᠭᠠᠪᠠ | ᠃ ᠲᠤᠬᠠᠶ ᠶᠢᠨ ᠦᠶ᠎ᠡ ᠳᠤ ᠵᠠᠰᠠᠭ ᠤᠨ ᠣᠷᠳᠣᠨ ᠤ ᠪᠡᠯᠡ ᠮᠥᠩᠭᠦ ᠬᠦᠷᠦᠯᠴᠡᠬᠦ ᠦᠬᠡᠢ ᠪᠠᠶᠢᠭᠰᠠᠨ ᠪᠣᠯᠬᠤᠷ᠂ ᠶᠦᠨ | ᠱᠦ ᠪᠢ ᠪᠠᠶᠢᠭᠤᠯᠭ᠎ᠠ ᠪᠣᠯᠤᠨ ᠡᠯ᠎ᠡ ᠠᠵᠤ ᠠᠬᠤᠶᠢᠯᠠᠯ ᠤᠨ ᠬᠤᠭᠤᠷᠣᠨᠳᠣ ᠮᠤᠩᠭᠠᠨᠢᠵᠦ ᠪᠠᠶᠢᠭᠠᠳ ᠥᠪᠡᠷ ᠢᠶᠠᠨ | ᠪᠡᠯᠡ ᠮᠦᠩᠬᠦ ᠴᠤᠭᠯᠠᠭᠤᠯᠵᠤ᠂ ᠡᠷᠳᠡᠯᠡᠵᠦ ᠤᠷᠤᠶᠢᠯᠠᠵᠦ ᠬᠦᠶᠦᠵᠦ ᠪᠠᠶᠢᠭᠰᠠᠨ ᠴᠦ ᠬᠠᠨᠳᠤᠭᠰᠠᠨ ᠵᠦᠭ ᠲᠤ | ᠬᠠᠳᠠᠭᠠᠰᠦ ᠮᠦᠷᠬᠦᠵᠦ ᠪᠠᠶᠢᠯ᠎ᠠ᠃ ᠲᠡᠷᠡ ᠬᠠᠮᠲᠤ ᠪᠡᠯᠡᠳᠬᠡᠵᠦ ᠪᠠᠶᠢᠭ᠎ᠠ ᠬᠥᠮᠦᠰ ᠲᠤ ᠪᠠᠨ᠄ ᠪᠢᠳᠡ ᠪᠣᠯ ᠬᠥᠮᠦᠨ ᠢ | ᠭᠤᠶᠤᠵᠤ ᠠᠵᠢᠯ ᠬᠢᠯᠬᠡᠵᠦ ᠪᠠᠶᠢᠨ᠎ᠠ᠃ ᠡᠶᠢᠮᠦ ᠠᠴᠠ ︽ᠠᠮᠠ ᠤᠷᠠᠨ᠂ ᠨᠢᠭᠤᠷ ᠪᠠᠬᠢ᠂ ᠬᠦᠯ ᠬᠤᠷᠲᠤᠨ︾ | ᠪᠠᠶᠢᠬᠤ ᠬᠡᠷᠡᠭᠲᠡᠢ ᠬᠡᠵᠡᠢ᠃ ᠳᠠᠷᠠᠭ᠎ᠠ ᠨᠢ ᠶᠦᠨ ᠱᠦ ᠪᠢ ᠠᠵᠤ ᠠᠬᠤᠶᠢᠯᠠᠯᠲᠠᠨ ᠸᠠᠩ ᠬᠠᠨ ᠱᠧᠩ ᠢ ᠢᠳᠬᠠᠵᠤ | ᠪᠠᠶᠢᠭᠠᠳ ᠵᠣᠴᠢᠨ ᠵᠠᠯᠠᠬᠤ ᠳᠤ ᠬᠡᠷᠡᠭᠯᠡᠬᠦ ᠪᠠᠷ ᠪᠡᠯᠡᠳᠬᠡᠭᠰᠡᠨ ᠭᠤᠷᠪᠠᠨ ᠮᠢᠩᠭ᠎ᠠ ᠭᠠᠷᠤᠶ ᠲᠥᠭᠦᠷᠢᠭ ᠢ ᠤᠯᠠᠭᠠᠨ | ᠵᠠᠭᠠᠯᠮᠠᠶᠢᠲᠠᠨ ᠤ ᠨᠡᠶᠢᠭᠡᠮᠯᠢᠭ ᠤᠨ ᠴᠤᠭᠯᠠᠭᠤᠯᠤᠭᠰᠠᠨ ᠬᠠᠶᠢᠷ᠎ᠠ ᠬᠠᠯᠠᠮᠵᠢ ᠶᠢᠨ ᠪᠡᠯᠡ ᠮᠥᠩᠭᠦ ᠪᠣᠯᠭᠠᠵᠠᠢ᠃ | ᠢᠩᠭᠢᠭᠡᠳ ᠥᠪᠥᠷ ᠮᠣᠩᠭᠤᠯ ᠤᠨ ᠤᠯᠠᠭᠠᠨ ᠵᠠᠭᠠᠯᠮᠠᠢᠲᠠᠨ ᠤ ᠨᠡᠶᠢᠭᠡᠮᠯᠢᠭ ᠨᠢ ᠰᠤᠷᠭᠠᠭᠤᠯᠢ ᠪᠠᠶᠢᠭᠤᠯᠬᠤ ᠳᠤ ᠲᠤᠰᠠ | ᠪᠤᠯᠤᠭᠰᠠᠨ ᠢᠶᠠᠷ ᠪᠠᠷᠠᠬᠤ ᠦᠭᠡᠢ᠂ ᠮᠠᠰᠢ ᠣᠯᠠᠨ ᠬᠦᠴᠢᠷᠳᠡᠯ ᠲᠠᠢ ᠣᠯᠠᠨ ᠲᠦᠮᠡᠨ ᠪᠠ ᠡᠷᠳᠡᠮ ᠰᠢᠨᠵᠢᠯᠡᠭᠡᠨ ᠤ | ᠠᠵᠢᠯ ᠢ ᠬᠠᠪᠰᠤᠷᠴᠠᠢ… | ᠡᠪ ᠬᠠᠮᠲᠤᠴᠤᠳ ᠤᠨ ᠢᠲᠡᠭᠡᠯ ᠪᠢᠰᠢᠷᠡᠯ︕ | ᠮᠠᠯᠴᠢᠨ ᠪᠠᠲᠤ ᠨᠢᠲᠤᠨ ᠤ ᠴᠠᠭᠠᠨ ᠬᠠᠷᠠᠩ ᠡᠪᠡᠳᠴᠢᠨ ᠤᠯᠵᠦ ᠬᠠᠷᠠᠭ᠎ᠠ ᠠᠯᠳᠠᠭᠰᠠᠨ ᠠᠴᠠ ᠪᠤᠯᠵᠦ᠂ ᠨᠢᠭᠡ | ᠭᠡᠷ ᠤᠨ ᠠᠮᠢᠳᠤᠷᠠᠯ ᠨᠢ ᠬᠦᠴᠢᠷᠳᠡᠯ ᠳᠤ ᠲᠤᠯᠭᠠᠷᠠᠵᠤ᠂ ᠥᠪᠡᠷ ᠢ ᠪᠠᠨ ᠵᠡᠮᠳᠡᠭ ᠬᠡᠵᠦ ᠦᠵᠡᠭᠰᠡᠨ ᠪᠠᠲᠤ ᠰᠠᠶ᠋ᠢᠬᠠᠨ | ᠦᠵᠡᠭᠳᠡᠭᠡᠳ ᠤᠳᠠᠭᠠᠳᠤᠶ ᠨᠢᠯᠬ᠎ᠠ ᠬᠡᠤᠬᠡᠳ ᠢᠶᠠᠨ ᠲᠡᠪᠡᠷᠢᠵᠦ ᠨᠠᠶᠢᠭᠤᠨ ᠳᠠᠶᠢᠭᠤᠵᠦ ᠪᠠᠶᠢᠭᠠᠳ ᠦᠬᠦᠯ ᠤᠨ ᠵᠠᠮ ᠢ | ᠰᠤᠩᠭᠤᠵᠦ ᠪᠠᠶᠢᠯ᠎ᠠ᠃ ᠮᠠᠰᠢ ᠣᠯᠠᠨ ᠴᠠᠭᠠᠨ ᠬᠠᠷᠠᠩ ᠡᠪᠡᠳᠴᠢᠨ ᠣᠯᠤᠭᠰᠠᠨ ᠡᠪᠡᠳᠴᠢᠲᠡᠨ ᠤ ᠭᠡᠷ ᠪᠦᠯᠢ ᠨᠢ ᠴᠦ | ᠪᠦᠷ ᠬᠦᠴᠢᠷᠳᠡᠯ ᠳᠤ ᠲᠤᠯᠭᠠᠷᠠᠵᠦ ᠪᠠᠶᠢᠭᠰᠠᠨ ᠲᠤᠯᠠ᠂ ᠡᠨᠡ ᠪᠦᠬᠦᠨ ᠨᠢ ᠴᠥᠮ ᠶᠦᠨ ᠱᠣ᠋ ᠪᠢ ᠨᠠᠰᠤᠲᠠᠨ ᠤ | ᠰᠡᠳᠬᠢᠯ ᠢ ᠡᠮᠵᠢᠭᠯᠡᠬᠦᠯᠦᠨᠡ ᠁ | ᠲᠤᠬᠠᠶ ᠶᠢᠨ ᠦᠶ᠎ᠡ ᠳᠤ ᠥᠪᠥᠷ ᠮᠣᠩᠭᠤᠯ ᠤᠨ ᠤᠯᠠᠭᠠᠨ ᠵᠠᠭᠠᠯᠮᠠᠢᠲᠠᠨ ᠤ ᠨᠡᠶᠢᠭᠡᠮᠯᠢᠭ ᠤᠨ ᠳᠠᠷᠤᠭ᠎ᠠ ᠪᠠᠶᠢᠭᠰᠠᠨ | ᠶᠦᠨ ᠱᠣ᠋ ᠪᠢ ᠨᠥᠬᠦᠷ᠂ ᠬᠤᠪᠢᠰᠬᠠᠯ ᠤᠨ ᠡᠷᠲᠡ ᠴᠢᠯᠥᠭᠡᠯᠡᠭᠳᠡᠭᠰᠡᠨ ᠣᠷᠣᠨ ᠳᠤ ᠬᠦᠷᠴᠦ ᠠᠷᠠᠳ ᠣᠯᠠᠨ ᠤ | ᠡᠳᠡᠭᠡᠷ ᠡᠪᠡᠳᠴᠢᠨ ᠡᠮᠭᠡᠭ ᠪᠠ ᠬᠦᠴᠢᠷᠳᠡᠯ ᠢ ᠣᠶᠢᠯᠠᠭᠠᠭᠰᠠᠨ ᠤ ᠳᠠᠷᠠᠭ᠎ᠠ ᠠᠷᠭ᠎ᠠ ᠪᠦᠬᠦᠨ ᠢ ᠰᠦᠪᠡᠭᠴᠢᠯᠡᠵᠦ | ᠪᠠᠶᠢᠭᠠᠳ ᠠᠮᠧᠷᠢᠺᠠ ᠶᠢᠨ ᠨᠡᠷᠡᠲᠦ ᠡᠮᠴᠢ ᠢᠯᠢᠱᠠᠪᠠᠶ ᠶᠢ ᠤᠷᠢᠨ ᠵᠠᠯᠠᠵᠦ ᠰᠣᠶᠢᠳᠭᠡᠯ ᠬᠤᠷᠢᠶᠠᠬᠤ ᠦᠭᠡᠶ ᠪᠠᠷ | ᠨᠢᠲᠤᠨ ᠤ ᠴᠠᠭᠠᠨ ᠬᠠᠷᠠᠩ ᠡᠪᠡᠳᠴᠢᠨ ᠤᠯᠤᠭᠰᠠᠨ ᠬᠠᠷᠠᠭ᠎ᠠ ᠠᠯᠳᠠᠭᠰᠠᠨ 600 ᠭᠠᠷᠤᠶ ᠮᠠᠯᠴᠢᠨ | ᠲᠠᠷᠢᠶᠠᠴᠢᠳ ᠲᠤ ᠭᠡᠭᠡᠨ ᠰᠠᠷᠠᠭᠤᠯ ᠢ ᠳᠠᠬᠢᠨ ᠠᠪᠴᠢᠷᠠᠵᠦ ᠦᠭᠪᠡ᠃ 600 ᠭᠠᠷᠤᠶ ᠭᠡᠷ ᠪᠦᠯᠢ᠂ ᠬᠥᠰᠡᠷᠳᠡᠭᠰᠡᠨ | ᠬᠦᠴᠢᠷᠳᠡᠯ ᠤᠨ ᠳᠤᠮᠳᠠ ᠠᠴᠠ ᠭᠠᠷᠴᠤ ᠢᠷᠡᠪᠡ᠃ ᠡᠨᠡ ᠬᠦ ᠠᠵᠢᠯ ᠶᠦᠨ ᠱᠦ ᠪᠢ ᠲᠤᠰᠬᠠᠶ ᠮᠡᠷᠭᠡᠵᠢᠯᠲᠡᠨ ᠡᠮᠴᠢ | ᠤᠷᠢᠵᠦ ᠡᠪᠡᠳᠴᠢᠲᠡᠨ ᠤ ᠮᠡᠰᠡ ᠵᠠᠰᠠᠯ ᠢ ᠨᠠᠷᠢᠨ ᠨᠢᠮᠪᠠᠶ ᠲᠤᠬᠢᠷᠠᠭᠤᠯᠵᠠᠢ᠃ | ᠶᠦᠨ ᠱᠦ ᠪᠢ ᠶᠢᠨ ᠡᠷ᠎ᠡ ᠨᠥᠬᠦᠷ ᠱᠢ ᠭᠤᠸᠠᠩ ᠬᠤᠸᠠ ᠨᠠᠰᠤ ᠪᠠᠷᠠᠭᠰᠠᠨ ᠤ ᠳᠠᠷᠠᠭ᠎ᠠ ᠶᠦᠨ ᠱᠣ᠋ ᠪᠢ | ᠡᠪᠡᠳᠴᠢᠯᠡᠭᠡᠳ ᠡᠮᠨᠡᠯᠭᠡ ᠳᠤ ᠣᠷᠣᠭᠠᠳ ᠨᠢᠭᠡ ᠭᠠᠷᠠᠭ ᠪᠣᠯᠤᠭᠰᠠᠨ ᠦᠭᠡᠢ᠂ ᠰᠢᠯᠢ ᠶᠢᠨ ᠭᠤᠤᠯ ᠠᠶᠢᠮᠠᠭ ᠲᠤ | ᠣᠨᠴᠠ ᠶᠡᠭᠡ ᠵᠤᠳ ᠪᠣᠯᠵᠤ᠂ ᠲᠡᠷᠡ ᠡᠪᠡᠳᠴᠢᠨ ᠲᠠᠢ ᠪᠡᠶ᠎ᠡ ᠪᠠᠨ ᠴᠢᠷᠴᠦ ᠪᠠᠶᠢᠭᠠᠳ ᠲᠤᠬᠠᠶ ᠶᠢᠨ ᠭᠠᠵᠠᠷ ᠲᠤ | ᠬᠦᠷᠴᠦ ᠭᠠᠮᠰᠢᠭ ᠠᠴᠠ ᠠᠪᠤᠷᠠᠬᠤ ᠳᠤ ᠤᠷᠤᠯᠴᠠᠪᠠ᠃ ᠵᠠᠷᠢᠮ ᠮᠠᠯᠴᠢᠳ ᠤᠨ ᠭᠡᠷ ᠪᠦᠯᠢ ᠨᠢ ᠨᠢᠭᠡᠨᠲᠡ ᠠᠮᠤ | ᠪᠤᠳᠠᠭ᠎ᠠ ᠲᠠᠰᠤᠷᠠᠵᠤ᠂ ᠶᠦᠨ ᠱᠣ᠋ ᠪᠢ ᠵᠡᠷᠭᠡ ᠬᠡᠳᠦᠨ ᠬᠥᠮᠦᠨ ᠶᠡᠭᠡ ᠴᠠᠰᠤᠨ ᠳᠤᠮᠳᠠᠭᠤᠷ ᠬᠦᠴᠢᠷ | ᠪᠡᠷᠬᠡᠰᠢᠶᠡᠯ ᠲᠠᠢ ᠪᠠᠷ ᠶᠠᠪᠤᠵᠤ᠂ ᠠᠮᠤ ᠪᠤᠳᠠᠭ᠎ᠠ ᠵᠢᠷᠭᠤᠭᠠᠨ ᠬᠤᠨᠤᠭ ᠲᠠᠰᠤᠷᠠᠭᠰᠠᠨ ᠮᠣᠩᠭᠤᠯ ᠭᠡᠷ ᠲᠤ ᠣᠶᠢᠷᠠᠲᠤᠵᠤ | ᠤᠴᠢᠬᠤ ᠳᠤ᠂ ᠮᠣᠩᠭᠤᠯ ᠭᠡᠷ ᠤᠳᠠᠯ ᠦᠭᠡᠢ ᠶᠡᠭᠡ ᠴᠠᠰᠤᠨ ᠳᠤ ᠭᠡᠷ ᠤᠨ ᠣᠷᠣᠢ ᠶᠢ ᠳᠠᠪᠠᠭ᠋ᠤ ᠬᠡᠵᠦ ᠪᠠᠶᠢᠬᠤ ᠶᠢ | ᠤᠯᠵᠦ ᠬᠠᠷᠠᠭᠠᠳ ᠶᠦᠨ ᠱᠣ᠋ ᠪᠢ ᠮᠠᠯᠴᠢᠳ ᠤᠨ ᠠᠪᠤᠷᠠᠯ ᠭᠤᠶᠤᠬᠤ ᠳᠣᠬᠢᠶ᠎ᠠ — ᠨᠠᠮᠢᠷᠠᠭᠰᠠᠨ ᠬᠠᠳᠠᠭ ᠢ | ᠤᠯᠵᠦ ᠬᠠᠷᠠᠪᠠ᠃ ᠶᠦᠨ ᠱᠣ᠋ ᠪᠢ ᠵᠡᠷᠭᠡ ᠬᠥᠮᠦᠰ ᠭᠠᠮᠰᠢᠭ ᠠᠴᠠ ᠠᠪᠤᠷᠠᠬᠤ ᠪᠣᠳᠠᠰ ᠢ ᠲᠡᠪᠡᠷᠢᠨ ᠮᠣᠩᠭᠤᠯ | ᠭᠡᠷ ᠲᠤ ᠣᠷᠣᠵᠦ᠂ ᠵᠤᠤᠬᠠᠨ ᠭᠠᠯ ᠢ ᠨᠢ ᠬᠦᠭᠵᠢᠬᠡᠵᠦ ᠨᠢᠭᠡ ᠭᠡᠷ ᠤᠨ ᠬᠥᠮᠦᠰ ᠢ ᠠᠪᠤᠷᠠᠪᠠ᠃ ᠡᠯ᠎ᠡ ᠬᠠᠶᠢᠷ᠎ᠠ | ᠬᠠᠯᠠᠮᠵᠢ ᠶᠢᠨ ᠠᠵᠤ ᠠᠬᠤᠶᠢᠯᠠᠯ ᠤᠳ ᠶᠦᠨ ᠱᠣ᠋ ᠪᠢ ᠶᠢᠨ ᠳᠠᠶᠢᠴᠢᠯᠠᠯ ᠵᠤᠷᠢᠭᠵᠢᠭᠤᠯᠤᠯ ᠲᠤᠤᠷ᠎ᠠ᠂ ᠬᠤᠶᠢᠨ᠎ᠠ | ᠬᠤᠶᠢᠨ᠎ᠠ ᠠᠴᠠ ᠪᠠᠨ ᠬᠠᠷᠠᠮ ᠥᠬᠡᠶ ᠵᠣᠷᠢᠭᠤᠯᠵᠤ᠂ ᠭᠠᠮᠰᠢᠭᠳᠠᠭᠰᠠᠨ ᠠᠷᠠᠳ ᠲᠤ ᠪᠤᠶᠠᠨ ᠦᠢᠯᠡᠳᠦᠨ᠂ ᠬᠠᠶᠢᠷ᠎ᠠ | ᠬᠠᠯᠠᠮᠵᠢ ᠪᠠᠨ ᠡᠷᠭᠦᠪᠡ᠃ | ᠶᠦᠨ ᠱᠣ᠋ ᠪᠢ ᠶᠢᠨ ᠶᠡᠭᠡ ᠬᠠᠶᠢᠷ᠎ᠠ ᠨᠢ ᠴᠠᠭ ᠣᠷᠣᠨ ᠵᠠᠶ ᠶᠢ ᠰᠤᠨᠳᠠᠯᠠᠵᠦ᠂ ᠳᠠᠶᠢᠨ ᠤ ᠦᠶ᠎ᠡ ᠳᠤ ᠴᠦ ᠭᠡᠰᠡᠨ᠂ | ᠡᠩᠬᠡ ᠲᠠᠶᠢᠪᠤᠩ ᠴᠠᠭ ᠦᠶ᠎ᠡ ᠳᠤ ᠴᠦ ᠬᠡᠰᠡᠨ ᠲᠡᠷᠡ ᠴᠦᠮ ᠡᠪ ᠬᠠᠮᠲᠤ ᠨᠠᠮ ᠤᠨ ᠭᠡᠰᠢᠭᠦᠨ ᠤ ᠬᠠᠶᠢᠷ᠎ᠠ ᠪᠠ | ᠢᠲᠡᠭᠡᠯ ᠪᠢᠰᠢᠷᠡᠯ ᠢᠶᠠᠷ ᠬᠤᠪᠢᠰᠬᠠᠯᠲᠤ ᠠᠮᠢᠳᠤᠷᠠᠯ ᠤᠨ ᠵᠠᠮ ᠢ ᠡᠯᠬᠦᠪᠡ᠃ ᠶᠦᠨ ᠱᠦ ᠪᠢ ᠶᠢᠨ ᠬᠤᠪᠢᠰᠬᠠᠯᠲᠤ | ᠵᠣᠷᠢᠭ ᠰᠠᠨᠠᠭ᠎ᠠ ᠪᠣᠯ ᠥᠨᠢ ᠡᠭᠦᠷᠢᠳᠡ ᠪᠢᠳᠡᠨ ᠤ ᠰᠤᠷᠤᠯᠴᠠᠬᠤ ᠳᠠᠭᠤᠷᠢᠶᠠᠯ ᠪᠤᠯᠤᠨ᠎ᠠ︕ | |