ᠮᠠᠨᠳᠤᠭᠤᠯᠤᠭᠴᠢ | ᠪᠤᠷᠬᠠᠨ ᠳᠡᠭᠷᠢ ᠠᠴᠠ ᠰᠤᠶᠤᠷᠬᠠᠭᠰᠠᠨ | ᠪᠤᠭᠲᠠ ᠴᠢᠩᠬᠢᠰ ᠤᠨ ᠦᠪ ᠬᠦᠷᠦᠩᠭᠡ | ᠪᠤᠮᠠᠨ ᠭᠠᠯᠪᠠ ᠳᠤ ᠪᠠᠯᠠᠷᠠᠰᠢ ᠦᠬᠡᠢ | ᠪᠤᠶᠠᠨᠰᠠᠭ ᠰᠠᠶᠢᠬᠠᠨ ᠵᠠᠰᠠᠭᠲᠤ ᠬᠤᠰᠢᠭᠤ | ᠵᠠᠩ ᠰᠠᠶᠢᠲᠠᠢ ᠬᠦᠮᠦᠨ ᠠᠷᠠᠳ ᠤᠨ | ᠵᠢᠷᠭᠠᠯ ᠴᠡᠩᠭᠡᠯ ᠤᠨ ᠤᠷᠤᠨ ᠶᠤᠮ | ᠵᠠᠰᠠᠭ ᠲᠦᠷᠦ ᠪᠠᠨ ᠬᠦᠷᠢᠶᠡᠯᠡᠭᠰᠡᠨ | ᠵᠢᠪᠬᠤᠯᠠᠩᠲᠤ ᠰᠠᠶᠢᠬᠠᠨ ᠤᠷᠤᠨ ᠰᠠᠨ | ᠠᠭᠤᠯᠠ ᠤᠰᠤ ᠨᠢ ᠦᠵᠡᠰᠬᠦᠯᠡᠩ ᠰᠠᠶᠢᠬᠠᠨ | ᠠᠭᠤᠯᠵᠠᠭᠰᠠᠨ ᠪᠦᠬᠦᠨ ᠤ ᠵᠠᠩ ᠨᠢ ᠰᠠᠶᠢᠬᠠᠨ | ᠤᠨᠤᠭ᠎ᠠ ᠮᠠᠯ ᠨᠢ ᠲᠠᠷᠭᠤ ᠰᠠᠶᠢᠬᠠᠨ | ᠤᠳᠤᠮᠲᠤ ᠦᠨᠳᠦᠰᠦᠲᠡᠨ ᠤ ᠮᠠᠨᠳᠤᠭᠰᠠᠨ ᠤᠷᠤᠨ | ᠰᠢᠯᠦᠭ ᠳᠠᠭᠤᠯᠠᠯ ᠢᠶᠠᠷ ᠬᠠᠩᠬᠢᠨᠠᠭᠰᠠᠨ ᠤᠷᠤᠨ | ᠰᠠᠶᠢᠬᠠᠨ ᠤᠶᠠᠭᠠᠴᠢᠨ ᠰᠢᠯᠭᠠᠷᠠᠭᠰᠠᠨ ᠤᠷᠤᠨ | ᠰᠢᠳᠢᠲᠦ ᠨᠤᠮᠤ ᠰᠤᠮᠤ ᠬᠦᠪᠴᠢᠯᠡᠭᠰᠡᠨ ᠤᠷᠤᠨ | ᠰᠢᠯᠢᠳᠡᠭ ᠪᠦᠬᠡᠴᠤᠳ ᠮᠠᠭᠰᠢᠭᠰᠠᠨ ᠤᠷᠤᠨ | ᠠᠯᠤᠰ ᠤᠨ ᠪᠠᠷ᠎ᠠ ᠳᠤ ᠰᠦᠨᠳᠡᠷᠯᠡᠭᠰᠡᠨ | ᠠᠰᠬ᠎ᠠ ᠦᠨᠳᠦᠷ ᠪᠤᠭᠲᠠ ᠬᠠᠶᠢᠷᠬᠠᠨ ᠲᠠᠢ | ᠠᠰᠢᠲᠠ ᠶᠢᠨ ᠳᠡᠥᠬᠡᠨ ᠳᠤ ᠬᠢᠯᠠᠯᠵᠠᠭᠰᠠᠨ | ᠠᠭᠤᠤ ᠴᠢᠩᠬᠢᠰ ᠤᠨ ᠰᠦᠮ᠎ᠡ ᠶᠢᠨ ᠳᠠᠬᠢᠯᠭ᠎ᠠ ᠲᠠᠢ | ᠮᠠᠭᠳᠠᠭᠠᠯ ᠳᠠᠭᠤᠨ ᠳᠤ ᠭᠠᠷᠳᠠᠭ | ᠮᠠᠮᠠ ᠶᠢᠨ ᠰᠦᠮ᠎ᠡ ᠶᠢᠨ ᠮᠦᠷᠬᠦᠯ ᠲᠠᠢ | ᠮᠠᠷᠭᠠᠰᠢ ᠶᠢᠨ ᠦᠢᠯᠡᠰ ᠨᠢ ᠲᠤᠶᠠᠭᠠᠷᠠᠭᠰᠠᠨ | ᠮᠠᠨᠳᠤᠯ ᠤᠨ ᠢᠷᠡᠭᠡᠳᠦᠢ ᠲᠠᠢ ᠵᠠᠰᠠᠭᠲᠤ ᠮᠢᠨᠢ | ᠲᠦᠷᠦᠵᠦ ᠦᠰᠦᠭᠰᠡᠨ ᠵᠠᠰᠠᠭᠲᠤ ᠬᠤᠰᠢᠭᠤ ᠮᠢᠨᠢ | ᠳᠡᠥᠬᠡᠨ ᠳᠤ ᠠᠯᠳᠠᠷᠲᠠᠢ ᠰᠠᠶᠢᠬᠠᠨ ᠤᠷᠤᠨ | ᠳᠠᠩᠰᠤᠭ ᠰᠦᠷᠦᠭ ᠢᠶᠠᠨ ᠦᠷᠡᠵᠢᠬᠦᠯᠦᠭᠰᠡᠨ | ᠳᠠᠯ᠎ᠠ ᠶᠢᠨ ᠮᠠᠯᠴᠢᠳ ᠤᠨ ᠵᠢᠷᠭᠠᠯ ᠤᠨ ᠤᠷᠲᠤᠨ | ᠠᠭᠤᠯᠠ ᠨᠢ ᠨᠠᠮᠢᠯᠵᠢᠵᠦ ᠤᠰᠤ ᠨᠢ ᠮᠡᠯᠳᠡᠭᠡᠨᠡᠭᠰᠡᠨ | ᠦᠵᠡᠮᠵᠢᠲᠦ ᠰᠠᠶᠢᠬᠠᠨ ᠵᠠᠰᠠᠭᠲᠤ ᠬᠤᠰᠢᠭᠤ | ᠠᠷᠠᠳ ᠨᠢ ᠪᠠᠶᠠᠵᠢᠵᠦ ᠡᠷᠦᠬᠡ ᠨᠢ ᠴᠢᠨᠡᠭᠡᠯᠢᠭᠵᠢᠭᠰᠡᠨ | ᠠᠮᠤᠭᠤᠯᠠᠩᠲᠤ ᠰᠠᠶᠢᠬᠠᠨ ᠵᠠᠰᠠᠭᠲᠤ ᠬᠤᠰᠢᠭᠤ ᠮᠢᠨᠢ︕ | ᠤᠯᠠᠭᠠᠨᠮᠤᠲᠤ ᠶᠢᠨ ᠪᠠᠶᠠᠨᠵᠢᠷᠦᠬᠡ ᠳᠤ | 2020.12.29 | |