ᠲᠤᠭᠤᠷ ᠤᠨ ᠭᠤᠤᠯ ᠤᠨ ᠤᠰᠤ ᠨᠢ ᠲᠤᠩᠭᠠᠯᠠᠭ ᠰᠠᠶᠢᠬᠠᠨ | ᠲᠤᠭᠤᠷᠢᠵᠦ ᠰᠠᠭᠤᠭᠰᠠᠨ ᠬᠤᠰᠢᠭᠤ ᠨᠤᠲᠤᠭ ᠨᠠᠶᠢᠷᠠᠮᠳᠠᠭᠤ | ᠲᠤᠭᠲᠠᠵᠦ ᠰᠠᠭᠤᠭ᠎ᠠ ᠮᠠᠨ ᠤ ᠤᠯᠠᠨ ᠪᠦᠬᠦᠳᠡᠭᠡᠷ ᠢᠶᠠᠨ | ᠲᠤᠲᠤᠭᠠᠲᠤ ᠭᠠᠳᠠᠭᠠᠲᠤ ᠳᠤ ᠠᠯᠳᠠᠷᠰᠢᠮᠤᠢ᠃ | ᠤᠯᠠᠭᠠᠨ ᠬᠠᠳᠠᠨ ᠤ ᠦᠩᠬᠡ ᠨᠢ ᠰᠠᠶᠢᠬᠠᠨ | ᠤᠷᠤᠰᠴᠦ ᠭᠠᠷᠬᠤ ᠤᠰᠤᠨ ᠠᠷᠢᠭᠤᠨ ᠲᠤᠩᠭᠠᠯᠠᠭ | ᠤᠶᠤᠨ ᠪᠢᠯᠢᠭ ᠢ ᠨᠡᠮᠡᠭᠳᠡᠭᠦᠯᠦᠭᠰᠡᠨ | ᠤᠳᠬ᠎ᠠ ᠰᠤᠶᠤᠯ ᠢ ᠬᠦᠭᠵᠢᠬᠡᠨ ᠪᠠᠳᠠᠷᠠᠭᠤᠯᠤᠮᠤᠢ᠃ | ᠡᠮᠦᠨ᠎ᠡ ᠪᠡᠶ᠎ᠡ ᠶᠢᠨ ᠠᠭᠤᠯᠠ ᠠᠨᠦ ᠦᠵᠡᠰᠬᠦᠯᠡᠩ ᠰᠦᠷᠯᠢᠬᠦᠨ | ᠤᠷᠭᠤᠵᠦ ᠭᠠᠷᠤᠭᠰᠠᠨ ᠬᠠᠳᠠ ᠨᠢ ᠦᠵᠡᠮᠵᠢ ᠲᠠᠢ ᠰᠠᠶᠢᠬᠠᠨ | ᠤᠷᠲᠤ ᠬᠤᠶᠢᠲᠦ ᠳᠤᠷ ᠠᠯᠳᠠᠷᠰᠢᠭᠠᠳ | ᠦᠵᠡᠭᠰᠡᠨ ᠬᠦᠮᠦᠨ ᠪᠦᠷ ᠮᠠᠭᠳᠠᠨ ᠰᠠᠶᠢᠰᠢᠶᠠᠮᠤᠢ᠃ | ᠬᠦᠰᠡᠯᠲᠦ ᠰᠠᠶᠢᠬᠠᠨ ᠬᠠᠪᠤᠷ ᠬᠦᠷᠴᠦ ᠢᠷᠡᠬᠦ ᠳᠤ | ᠬᠦᠬᠡ ᠡᠪᠡᠰᠦ ᠮᠤᠲᠤ ᠨᠢ ᠬᠦᠬᠡᠷᠡᠯᠡ | ᠬᠦᠮᠦᠵᠢᠬᠦᠯᠵᠦ ᠪᠦᠲᠦᠬᠡᠬᠦ ᠮᠠᠨ ᠤ ᠵᠠᠯᠠᠭᠤᠰ | ᠬᠦᠰᠡᠯ ᠤᠨ ᠬᠦᠷᠢᠶᠡᠯᠡᠩ ᠢ ᠴᠤᠭᠴᠠᠯᠠᠮᠤᠢ᠃ |