ᠪᠠᠶᠠᠠᠵᠢᠷᠦᠬᠡ ᠠᠭᠤᠯᠠᠨ ᠤ ᠮᠠᠭᠲᠠᠭᠠᠯ
ᠨᠡᠶᠢᠲᠡᠯᠡᠭᠰᠡᠨ ᠴᠠᠭ᠄
2020/4/9
        ᠪᠦᠬᠦ ᠬᠦᠴᠦᠲᠦ ᠠᠭᠤᠯᠠ ᠤᠰᠤᠨ ᠤ ᠬᠠᠨ ᠪᠤᠢ ᠪᠦᠷᠢᠨ ᠲᠡᠭᠦᠰ ᠰᠦᠮᠪᠦᠷ ᠯᠦᠭᠡ ᠠᠳᠠᠯᠢᠬᠠᠨ ᠪᠦᠵᠢᠭᠯᠡᠭᠴᠢ ᠬᠠᠨ ᠭᠠᠷᠤᠳᠢ ᠶᠢᠨ ᠪᠠᠶᠢᠳᠠᠯ ᠲᠠᠢ ᠪᠢᠲᠡᠭᠦᠦ ᠬᠤᠤᠷᠲᠦ ᠯᠤᠤᠰ ᠤᠨ ᠬᠠᠳ ᠤᠨ ᠳᠠᠷᠤᠯᠭ᠎ᠠ ᠪᠠᠶᠢᠨ᠎ᠠ᠃ ᠠᠯᠤᠰ ᠠᠴᠠ ᠠᠵᠢᠭᠯᠠᠨ ᠰᠢᠨᠵᠢᠪᠡᠰᠦ ᠠᠷᠰᠯᠠᠨ ᠵᠠᠭᠠᠨ ᠬᠦᠯᠦᠭᠯᠡᠭᠰᠡᠨ ᠪᠠᠶᠢᠳᠠᠯ ᠲᠠᠢ ᠠᠰᠬᠠᠨ ᠲᠤᠮᠳᠠ ᠤᠷᠬᠢᠯ ᠳᠤᠨᠢ ᠭᠠᠷᠬᠤ ᠳᠤ ᠠᠰᠤᠷᠤᠤ ᠰᠠᠶᠢᠬᠠᠨ ᠲᠤᠩᠭᠠᠯᠠᠭ ᠪᠦᠬᠡᠳ ᠭᠡᠭᠡᠨ᠃ ᠲᠦᠭ ᠲᠦᠮᠡᠨ ᠠᠭᠤᠯᠠ ᠤᠰᠤᠨ ᠤ ᠲᠡᠷᠢᠬᠦᠨ ᠪᠤᠢ ᠲᠦᠳᠡᠯ ᠦᠭᠡᠢ ᠢᠪᠡᠭᠡᠨ ᠦᠭᠬᠦᠭᠴᠢ ᠲᠡᠭᠷᠢ ᠪᠤᠢ ᠳᠡᠭᠦᠰ ᠴᠠᠭ ᠤᠨ ᠴᠡᠴᠡᠭ ᠤᠨ ᠬᠤᠷ᠎ᠠ ᠪᠠᠭᠤᠯᠭᠠᠭᠴᠢ ᠳᠡᠭᠦᠯᠳᠡᠷ ᠬᠦᠴᠦᠲᠦ ᠪᠢᠯᠢᠭ ᠤᠨ ᠠᠭᠤᠯᠠ ᠪᠤᠢ᠃ ᠵᠢᠯᠠᠭ᠎ᠠ ᠵᠠᠪᠠ ᠬᠦᠨᠳᠡᠢ ᠲᠠᠯ᠎ᠠ ᠪᠠᠷ ᠠᠭᠤᠵᠢᠮ ᠵᠢᠪᠡᠷ ᠰᠠᠯᠬᠢᠨ ᠨᠢ ᠨᠠᠮᠤᠭᠤᠬᠠᠨ ᠪᠦᠬᠡᠳ ᠰᠡᠷᠢᠬᠦᠨ ᠵᠠᠰᠠᠭᠲᠦ ᠮᠠᠨ ᠤ ᠠᠭᠤᠯᠠ ᠤᠰᠤᠨ ᠤ ᠬᠠᠨ ᠪᠤᠢ ᠵᠠᠰᠠᠯᠠᠭᠴᠢ ᠪᠠᠶᠠᠠᠵᠢᠷᠦᠬᠡ ᠶᠢ ᠮᠠᠭᠲᠠᠮᠤ᠃ ᠲᠠᠪᠤᠨ ᠬᠤᠰᠢᠭᠤ ᠬᠤᠨᠢ ᠮᠠᠯ ᠤᠨ ᠬᠡᠰᠢᠭ ᠢ ᠲᠠᠰᠤᠷᠠᠯᠲᠠ ᠦᠭᠡᠢ ᠢᠪᠡᠭᠡᠨ ᠦᠭᠬᠦᠭᠴᠢ ᠠᠭᠤᠯᠠ ᠲᠠᠨ ᠤ ᠰᠡᠳᠬᠢᠯ ᠢ ᠪᠠᠶᠠᠰᠬᠠᠬᠤ ᠳᠤ ᠲᠠᠩᠰᠤᠭ ᠶᠡᠭᠡ ᠪᠤᠶᠠᠨ ᠬᠡᠰᠢᠭ ᠰᠤᠶᠤᠷᠬᠠᠨᠨ᠎ᠠ᠃ ᠬᠤᠩᠬᠤᠯ ᠳᠤ ᠬᠡᠪᠳᠡᠬᠦ ᠪᠠᠷᠰ ᠬᠢᠭᠡᠳ ᠴᠢᠨ᠋ᠸ᠎ᠠ ᠬᠤᠶᠠᠷ ᠬᠦᠮᠦᠨ ᠳᠡᠮᠡᠴᠡᠯᠳᠦᠬᠦ ᠶᠢᠨ ᠳᠠᠷᠤᠯᠭ᠎ᠠ ᠬᠤᠲᠠ ᠳᠤ ᠪᠠᠶᠢᠬᠤ ᠬᠤᠨᠢ ᠮᠠᠯ ᠤᠨ ᠵᠤᠳᠠᠷ ᠢ ᠬᠤᠲᠠᠯᠠ ᠶᠢᠨ ᠲᠠᠲᠠᠨ ᠠᠴᠠ ᠵᠠᠶᠢᠯᠠᠭᠤᠯᠤᠨ ᠰᠤᠶᠤᠷᠬᠠᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号