ᠡᠵᠢ ᠳᠡᠯᠡᠬᠡᠢ
ᠨᠡᠶᠢᠲᠡᠯᠡᠭᠰᠡᠨ ᠴᠠᠭ᠄
2020/5/11
           ︵ᠠᠴᠢᠲᠦ ᠡᠵᠢ ᠶᠢᠨ ᠭᠡᠭᠡᠨ ᠲᠤᠷᠠᠳᠬᠠᠯ ᠳᠤ︶                     ᠪᠤᠷᠵᠢᠬᠢᠨ ᠨᠠᠷᠠᠨᠴᠤᠭᠲᠤ ᠡᠩᠬᠡ ᠶᠢᠨ ᠨᠤᠭᠤᠭᠠᠨ ᠲᠠᠯ᠎ᠠ ᠬᠤᠷ᠎ᠠ ᠪᠠᠷ ᠲᠤᠲᠠᠨ᠎ᠠ ᠢᠰᠡᠭᠡᠢ ᠴᠠᠭᠠᠨ ᠭᠡᠷ ᠮᠢᠨᠢ ᠡᠵᠡᠨ ᠢᠶᠠᠷ ᠲᠤᠲᠠᠨ᠎ᠠ ᠡᠩᠬᠦᠷᠡᠢ ᠪᠦᠪᠡᠢ ᠶᠢᠨ ᠠᠷᠭᠠᠳᠠᠯ ᠢᠨᠢᠶᠡᠲᠦ ᠪᠠᠷ ᠲᠤᠲᠠᠨ᠎ᠠ ᠡᠩᠰᠡᠷᠡᠬᠦ ᠵᠦᠭᠡᠯᠡᠨ ᠰᠡᠳᠬᠢᠯ ᠮᠢᠨᠢ ᠬᠠᠶᠢᠷ᠎ᠠ ᠪᠠᠷ ᠲᠤᠲᠠᠨ᠎ᠠ ᠡ ᠰᠠᠭᠠᠯᠢ ᠶᠢᠨ ᠦᠷᠯᠦᠭᠡ ᠶᠢᠨ ᠨᠠᠪᠴᠢᠨ ᠰᠢᠬᠦᠳᠡᠷᠢ ᠰᠢᠭ ᠰᠠᠴᠤᠭᠳᠠᠨ ᠪᠦᠮᠪᠦᠷᠢᠭᠰᠡᠨ ᠳᠤᠷᠠᠰᠤᠮᠵᠢ ᠶᠢᠨ ᠨᠢᠯᠪᠤᠰᠦ ᠮᠢᠨᠢ ᠰᠠᠭᠠᠭᠰᠠᠨ ᠰᠥ ᠶᠢᠨ ᠬᠢᠨᠢ ᠰᠢᠬᠢᠷᠯᠢᠭ ᠠᠮᠳᠠ ᠪᠠᠷ ᠽᠠᠮᠪᠤᠯᠢᠩ ᠤᠨ ᠡᠯᠢᠭᠡᠨ ᠳᠤ ᠰᠡᠷᠡᠯ ᠢ ᠬᠦᠨᠳᠡᠬᠦ‍ ᠰᠢᠭ ᠨᠠᠷᠠᠯᠠᠭ ᠡᠲᠦᠷ ᠤᠨ ᠴᠡᠴᠡᠭᠲᠦ ᠪᠡᠯᠴᠢᠭᠡᠷ ᠲᠤ ᠪᠠᠨ ᠨᠠᠳᠬᠤᠨ ᠬᠦᠶᠦᠭᠰᠡᠨ ᠲᠤᠭᠤᠯ ᠢᠶᠠᠨ ᠰᠠᠷᠠᠪᠴᠢᠯᠠᠬᠤ ᠰᠢᠭ᠋ ᠨᠠᠰᠤᠲᠠᠨ ᠪᠤᠭᠤᠷᠤᠯ ᠤᠨ ᠮᠢᠨᠢ ᠪᠦᠷᠦᠯᠵᠡᠭᠰᠡᠨ ᠪᠠᠷ᠎ᠠ ᠨᠠᠭᠠᠰᠢᠯᠠᠵᠦ ᠪᠠᠶᠢᠬᠤ ᠰᠢᠭ᠋ ᠬᠠᠷᠠᠭᠳᠠᠭᠠᠳ ᠪᠠᠶᠢᠮᠠᠷ ᠡ ᠰᠡᠮᠡᠶᠢᠭᠰᠡᠨ ᠯᠠ ᠶᠢᠨ ᠪᠦᠳᠡᠬᠢ ᠬᠡᠷᠡᠯ ᠳᠤ ᠪᠠᠨ ᠰᠠᠷᠠ ᠳᠡᠯᠳᠡᠷᠡᠲᠡᠯ᠎ᠡ ᠦᠢᠯᠡ ᠪᠠᠨ ᠤᠶᠤᠭᠰᠠᠭᠠᠷ ᠦᠯᠦᠰᠬᠦ ᠪᠤᠯᠭᠤᠵᠠᠢ ᠬᠡᠮᠡᠨ ᠦᠷ᠎ᠡ ᠪᠠᠨ ᠡᠨᠡᠷᠢᠭᠰᠡᠬᠡᠷ ᠦᠷᠯᠦᠭᠡ ᠦᠳᠡᠰᠢ ᠪᠠᠷ ᠮᠤᠩᠭᠠᠨᠢᠨ ᠶᠠᠭᠠᠷᠠᠭᠰᠠᠭᠠᠷ ᠡᠪᠡᠢ ᠡᠵᠢ ᠮᠢᠨᠢ ᠠᠷᠭᠠᠯ ᠢᠶᠠᠨ ᠬᠤᠷᠮᠤᠶᠢᠯᠠᠨ ᠡᠷᠢᠨ ᠤ ᠲᠤᠭᠤᠰᠤᠨ ᠳᠤ ᠵᠦᠳᠡᠯ ᠢᠶᠠᠨ ᠠᠴᠢᠭᠰᠠᠭᠠᠷ ᠡᠷᠡᠭᠦᠯ ᠤᠷᠴᠢᠯᠠᠩ ᠤᠨ ᠰᠠᠶᠢᠨ ᠤ ᠢᠷᠦᠭᠡᠯ ᠢᠶᠠᠷ ᠡᠰᠡᠨᠢᠬᠦ ᠤᠨᠳᠤᠷᠤᠯ ᠤᠨ ᠭᠡᠭᠡ ᠶᠢ ᠤᠯᠭᠤᠭᠰᠠᠨ ᠡ ᠬᠦᠮᠦᠨ ᠤᠨ ᠶᠢᠷᠲᠢᠨᠴᠦ ᠳᠤ ᠮᠦᠰᠦ ᠲᠠᠢ ᠶᠠᠪᠤᠬᠤ ᠶᠢᠨ ᠬᠦᠦ ᠶᠢᠨ ᠮᠠᠷᠭᠠᠰᠢ ᠶᠢ ᠬᠦᠯᠢᠶᠡᠭᠰᠡᠭᠡᠷ ᠨᠠᠰᠤᠵᠢᠭᠰᠠᠨ ᠬᠦᠭᠰᠢᠨ ᠪᠤᠭᠤᠷᠤᠯ ᠡᠵᠢ ᠶᠢᠨ ᠢᠶᠠᠨ ᠵᠢᠳᠭᠦᠯ ᠢ ᠬᠦᠨᠳᠦᠯᠡᠵᠦ ᠡᠷᠬᠢᠴᠡᠭᠦᠯᠬᠦ ᠳᠤ ᠬᠠᠷᠠᠮᠰᠠᠮᠠᠷ ᠰᠠᠨᠠᠭᠳᠠᠨ᠎ᠠ ᠠᠵᠢᠯᠴᠢ ᠵᠦᠭᠡᠢ ᠰᠢᠭ ᠠᠮᠢᠳᠤᠷᠠᠯ ᠳᠤ ᠮᠤᠩᠭᠠᠨᠢᠭᠰᠠᠨ ᠠᠴᠢᠳᠠᠨ ᠪᠤᠭᠤᠷᠤᠯ ᠡᠵᠢ ᠶᠢ ᠪᠠᠨ ᠰᠠᠨᠠᠬᠤ ᠳᠤ ᠠᠯᠠᠭ ᠬᠤᠷᠸ᠎ᠠ ᠳᠤ ᠲᠦᠰᠢᠯᠭᠡ ᠡᠵᠡᠭᠦᠶᠢᠷᠡᠨ ᠠᠴᠢᠷ ᠦᠷ᠎ᠡ ᠮᠢᠨᠢ ᠨᠢᠯᠪᠤᠰᠤᠷᠠᠭᠠᠳ ᠪᠠᠶᠢᠨ᠎ᠠ ᠡ ᠡᠷᠳᠡᠨᠢᠲᠦ ᠴᠤᠭᠴᠠᠰ ᠨᠢ ᠡᠬᠡ ᠭᠠᠵᠠᠷ ᠲᠤ ᠪᠠᠨ ᠡᠩᠬᠡ ᠮᠡᠨᠳᠦ ᠪᠠᠷ ᠰᠢᠩᠬᠡᠬᠦ ᠶᠢᠨ ᠵᠢᠮ᠎ᠡ ᠪᠠᠷ ᠡᠵᠢ ᠰᠢᠲᠦᠭᠡᠨ ᠠᠴᠢᠯᠠᠯ ᠤᠨ ᠳᠡᠯᠡᠬᠡᠢ ᠮᠢᠨᠢ ᠡᠷᠬᠢᠰᠢ ᠦᠬᠡᠢ ᠪᠤᠴᠠᠭᠰᠠᠨ ᠮᠦᠩᠬᠡ ᠲᠤᠷᠠᠳᠬᠠᠯ ᠡ ᠡᠵᠢ ᠮᠢᠨᠢ ᠪᠠᠶᠢᠭᠰᠠᠨ ᠢᠶᠠᠷ ᠡᠷ᠎ᠡ ᠪᠡᠶ᠎ᠡ ᠲᠤᠷᠨᠢᠭᠰᠠᠨ ᠡᠬᠡ ᠬᠡᠯᠡᠨ ᠤ ᠬᠦᠷᠦᠰᠦᠨ ᠳᠤ ᠤᠷᠠᠯᠢᠭ ᠤᠨ ᠵᠠᠮ ᠲᠠᠢ ᠡᠵᠢ ᠶᠢᠨ ᠬᠠᠶᠢᠷ᠎ᠠ ᠪᠠᠷ ᠤᠬᠠᠭ᠎ᠠ ᠪᠤᠳᠤᠯ ᠳᠡᠬᠦᠯᠳᠡᠷᠵᠢᠭᠰᠡᠨ ᠡᠩᠬᠦᠷᠡᠢ ᠬᠤᠶᠢᠴᠢᠰ ᠲᠤ ᠦᠭᠬᠢᠶᠡᠮᠤᠷ ᠵᠢᠳᠭᠦᠯ ᠲᠠᠢ ᠡ ᠪᠤᠳᠢᠰᠳᠢᠸ᠎ᠠ ᠳᠤ ᠵᠠᠯᠪᠠᠷᠢᠨ ᠡᠷᠢᠬᠡ ᠪᠠᠨ ᠲᠤᠭᠠᠯᠠᠬᠤ ᠪᠤᠭᠤᠷᠤᠯ ᠡᠵᠢ ᠶᠢᠨ ᠮᠢᠨᠢ ᠠᠷᠢᠭᠤᠨ ᠰᠦᠨᠡᠰᠦ ᠲᠠᠨᠢ ᠪᠤᠳᠠᠯᠠᠩ ᠤᠨ ᠤᠷᠤᠨ ᠤ ᠨᠤᠮ ᠤᠨ ᠳᠠᠭᠤᠨ ᠢᠶᠠᠷ ᠪᠤᠶᠠᠨᠲᠤ ᠨᠤᠲᠤᠭ ᠲᠠᠭᠠᠨ ᠠᠬᠢᠭᠠᠳ ᠮᠡᠨᠳᠤᠯᠠᠭᠡᠰᠡᠢ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号