ᠵᠠᠰᠠᠭᠲᠤ ᠠᠷᠠᠳ ᠤᠨ ᠤᠯᠠᠮᠵᠢᠯᠠᠯᠲᠤ ᠤᠶᠤᠳᠠᠯ ᠬᠠᠳᠬᠤᠮᠠᠯ ᠤᠨ ᠲᠦᠷᠦᠯ ᠵᠤᠶᠢᠯ
ᠨᠡᠶᠢᠲᠡᠯᠡᠭᠰᠡᠨ ᠴᠠᠭ᠄
2020/5/27
   ᠵᠠᠰᠠᠭᠲᠤ ᠭᠠᠷ ᠤᠶᠤᠳᠠᠯ ᠳᠤ ᠭᠤᠤᠯᠳᠠᠭᠤ ᠬᠠᠷ᠎ᠠ᠂ ᠴᠠᠭᠠᠨ᠂ ᠬᠦᠬᠡ ᠪᠦᠰ ᠤᠳᠠᠰᠤ ᠪᠤᠯᠤᠨ ᠠᠷᠪᠠᠨ ᠬᠤᠶᠠᠷ  ᠠᠴᠠ ᠬᠤᠷᠢᠨ ᠲᠦᠷᠪᠡᠨ ᠦᠩᠬᠡ ᠶᠢᠨ ᠲᠤᠷᠭᠠᠨ ᠤᠳᠠᠰᠦ ᠶᠢ ᠬᠤᠪᠴᠠᠰᠦ ᠳᠠᠪᠡᠯ᠂ ᠭᠤᠲᠤᠯ ᠱᠠᠬᠠᠢ᠂ ᠵᠠᠰᠠᠯ ᠵᠢᠮᠰᠡᠭ ᠤᠨ ᠤᠶᠤᠳᠠᠯ ᠳᠤ ᠬᠡᠷᠡᠭᠯᠡᠵᠦ᠂ ᠲᠤᠭᠤᠷᠴᠤᠭ᠂ ᠢᠰᠡᠭᠡᠢ ᠲᠤᠭᠤᠷᠭ᠎ᠠ ᠵᠡᠷᠭᠡ ᠪᠦᠲᠦᠭᠦᠯᠢᠭ ᠤᠶᠤᠳᠠᠯ ᠪᠠ ᠭᠤᠲᠤᠯ ᠱᠠᠬᠠᠢ ᠶᠢᠨ ᠤᠯᠠ ᠰᠢᠷᠢᠬᠦ ᠪᠠ ᠤᠯᠠᠯᠠᠬᠤ ᠳᠤ ᠤᠯᠤᠰᠤᠨ ᠤᠳᠠᠰᠦ ᠪᠠ ᠨᠤᠤᠰᠤᠨ ᠤᠳᠠᠰᠦ ᠶᠢ ᠬᠡᠷᠡᠭᠯᠡᠳᠡᠭ᠃    ᠵᠠᠰᠠᠭᠲᠤ ᠬᠤᠷᠴᠢᠨ ᠤ ᠭᠠᠷ ᠤᠶᠤᠳᠠᠯ ᠤᠷᠠᠯᠠᠯ ᠢ ᠤᠶᠤᠵᠦ ᠬᠠᠳᠬᠤᠬᠤ ᠠᠷᠭ᠎ᠠ ᠬᠡᠯᠪᠡᠷᠢ ᠪᠠ ᠤᠷᠠᠯᠠᠯ ᠤᠨ ᠰᠢᠨᠵᠢ ᠲᠦᠷᠬᠦ᠂ ᠦᠢᠯᠡ ᠤᠶᠤᠳᠠᠯ ᠤᠨ ᠬᠡᠯᠪᠡᠷᠢ ᠮᠠᠶ᠋ᠢᠭ ᠢᠶᠠᠷ ᠨᠢ ᠲᠤᠤᠷᠠᠬᠢ ᠮᠡᠲᠦ ᠬᠤᠷᠢ ᠰᠢᠬᠠᠮ ᠲᠦᠷᠦᠯ ᠳᠤ ᠠᠩᠬᠢᠯᠠᠨ᠎ᠠ᠄    ᠵᠠᠰᠠᠭᠲᠤ ᠬᠤᠷᠴᠢᠨ ᠤ ᠭᠠᠷ ᠤᠶᠤᠳᠠᠯ ᠢ ᠲᠤᠭᠤᠴᠢᠶᠠᠷ ︵ᠲᠤᠭᠤᠴᠢᠬᠤ︶᠂ ᠰᠢᠭᠯᠠᠬᠤ᠂ ᠰᠢᠷᠢᠮᠡᠯ᠂ ᠤᠷᠢᠶᠠᠬᠤ ︵ᠤᠷᠢᠶᠠᠮᠠᠯ︶᠂ ᠬᠠᠳᠬᠤᠬᠤ ︵ᠬᠠᠳᠬᠤᠮᠠᠯ︶ ᠨᠠᠭᠠᠬᠤ ︵ᠨᠠᠭᠠᠮᠠᠯ︶᠂ ᠰᠡᠶᠢᠯᠬᠦ ︵ᠰᠡᠶᠢᠯᠤᠮᠡᠯ︶᠂ ᠬᠦᠪᠦᠷᠢᠳᠬᠦ᠂ ᠬᠦᠰᠢᠬᠦ᠂ ᠲᠤᠪᠬᠢᠬᠤ᠂ ᠰᠢᠳᠡᠬᠦ᠂ ᠦᠭᠡᠷᠡᠰᠢᠯᠡᠬᠦ᠂ ᠰᠦᠯᠵᠢᠬᠦ ︵ᠰᠦᠸᠧᠮᠡᠯ︶᠂ ᠯᠡᠪᠳᠡᠭᠴᠡᠬᠦ ︵ᠨᠡᠪᠳᠡᠭᠴᠡᠬᠦ︶᠂ ᠬᠠᠪᠠᠭ᠋ᠤ ︵ᠬᠠᠪᠠᠭᠠᠰᠦ︶᠂ ᠴᠢᠮᠬᠢᠬᠦ ᠬᠡᠬᠦ ᠮᠡᠲᠦ ᠪᠠᠷ ᠢᠯᠭᠠᠳᠠᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号