ᠤᠪᠤᠭ᠎ᠠ
ᠨᠡᠶᠢᠲᠡᠯᠡᠭᠰᠡᠨ ᠴᠠᠭ᠄
2020/7/14
       ᠰ᠊᠂ ᠭᠠᠯᠰᠠᠩ ᠤᠬᠠᠭᠠᠨᠲᠦ ᠡᠪᠦᠭᠡᠳ ᠨᠡᠭᠦᠳᠡᠯᠯᠡᠵᠦ ᠶᠠᠪᠤᠬᠤ ᠳᠠᠭᠠᠨ ᠤᠰᠤ ᠨᠤᠲᠤᠭ ᠢᠶᠠᠨ ᠡᠷᠬᠢᠮᠨᠡᠨ ᠳᠡᠭᠡᠳᠦᠯᠡᠬᠦ ᠪᠢᠯᠢᠭᠳᠡᠯ ᠤᠷᠴᠢᠯᠠᠩ ᠳᠡᠯᠡᠬᠡᠢ ᠶᠢ ᠲᠤᠭᠤᠷᠢᠵᠦ ᠶᠠᠪᠤᠬᠤ ᠳᠠᠭᠠᠨ ᠤᠯᠠ ᠮᠦᠷ ᠢᠶᠠᠨ ᠦᠯᠡᠳᠡᠭᠡᠭᠰᠡᠨ ᠬᠢᠯᠢ ᠶᠢᠨ ᠴᠠᠮᠬᠠᠭ ᠳ᠋ᠠᠩ ᠳ᠋ᠠᠩ ᠢᠶᠠᠷ ᠡᠮᠳᠡᠷᠡᠪᠡᠯ ᠳᠠᠭᠠᠷᠢᠭᠠᠳ ᠭᠠᠷᠬᠤ ᠴᠢᠯᠠᠭᠤ ᠳᠠᠪᠠᠭᠠᠨ ᠳᠡᠭᠡᠷ᠎ᠡ ᠡᠷᠭᠦᠬᠦ ᠳᠤ ᠨᠤᠶᠠᠳ ᠴᠦ ᠮᠦᠷᠭᠦᠳᠡᠭ ᠴᠢᠯᠠᠭᠤ ᠳᠠᠷᠠᠬᠠᠢ ᠪᠠᠶᠢᠬᠤ ᠳᠤ ᠳᠠᠭᠠᠰᠢᠶᠠᠯ ᠬᠦᠷᠳᠡᠬᠦ ᠦᠭᠡᠢ ᠴᠢᠯᠠᠭᠤ ᠳᠡᠭᠷᠢ ᠯᠤᠤᠰ ᠢᠶᠠᠨ ᠳᠠᠬᠢᠬᠤ ᠳᠤ ᠳᠠᠭᠠᠳᠬᠠᠯ ᠪᠤᠯᠬᠤ ᠴᠢᠯᠠᠭᠤ ᠭᠠᠵᠠᠷ ᠤᠨ ᠦᠨᠳᠦᠷ ᠲᠤ ᠡᠷᠭᠦᠭᠰᠡᠨ ᠪᠦᠯᠬᠦᠮᠳᠡᠯ ᠤᠨ ᠤᠷᠠᠢ ᠭᠠᠵᠠᠷ ᠤᠨ ᠵᠢᠷᠤᠭ ᠰᠤᠷᠠᠭ ᠦᠬᠡᠢ ᠳᠤ ᠪᠦᠷᠢᠯᠳᠦᠭᠰᠡᠨ ᠬᠤᠷᠤᠢ ᠭᠠᠵᠠᠷ ᠤᠨ ᠬᠤᠯᠠ ᠮᠤᠷᠲᠠᠬᠤ ᠳᠤ ᠢᠷᠦᠭᠡᠯ ᠰᠢᠩᠭᠡᠭᠰᠡᠨ ᠵᠠᠯᠪᠠᠷᠢᠯ ᠭᠠᠵᠠᠷ ᠤᠨ ᠡᠯᠢᠭᠡᠨ ᠠᠴᠠ ᠰᠦᠰᠦᠭᠯᠡᠬᠦ ᠳᠤ ᠪᠤᠶᠠᠨ ᠤ ᠴᠤᠭᠯᠠᠷᠠᠯ ᠳᠡᠯᠡᠬᠡᠢ ᠳᠤ ᠬᠤᠤᠰ ᠦᠬᠡᠢ ᠬᠡᠰᠢᠭ ᠬᠤᠷᠤᠶᠢᠯᠠᠭᠰᠠᠨ ᠤᠪᠤᠭ᠎ᠠ ᠳᠡᠭᠡᠲᠦ ᠤᠬᠠᠭᠠᠨ ᠰᠡᠶᠢᠯᠦᠭᠰᠡᠨ ᠤᠶᠤᠨᠯᠢᠭ ᠰᠢᠨᠵᠢᠲᠡᠢ ᠱᠤᠭᠤᠮᠠᠯ ᠳᠡᠷᠳᠡᠭᠡ ᠬᠤᠯᠠ ᠶᠢᠨ ᠬᠦᠨᠳᠦ ᠵᠠᠮ ᠢ ᠵᠢᠭᠠᠬᠤ ᠯᠤᠤᠵᠢᠩ ᠳᠠᠯᠳᠠ ᠰᠢᠳᠢ ᠬᠠᠳᠠᠭᠠᠯᠠᠭᠰᠠᠨ ᠳᠡᠪᠡᠯ ᠲᠠᠢ ᠮᠤᠩᠭᠤᠯ ᠤᠨ ᠤᠪᠤᠭ᠎ᠠ ᠬᠤᠷᠤᠢ ᠬᠤᠷᠤᠢ᠂ ᠬᠡᠰᠢᠭᠲᠦ ᠤᠪᠤᠭ᠎ᠠ ᠮᠢᠨᠢ ᠬᠤᠷᠤᠢ ᠬᠤᠷᠤᠢ᠂ ᠬᠤᠳᠤᠭᠲᠤ ᠤᠪᠤᠭ᠎ᠠ ᠮᠢᠨᠢ                                   2020.07.10
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号