ᠸᠠᠩ ᠤᠨ ᠰᠦᠮ᠎ᠡ ᠶᠢᠨ ᠦᠩᠭᠡᠷᠡᠭᠰᠡᠨ ᠤ ᠤᠴᠢᠷ ᠤᠳ ︵ᠨᠢᠭᠡ︶
ᠨᠡᠶᠢᠲᠡᠯᠡᠭᠰᠡᠨ ᠴᠠᠭ᠄
2020/8/25
    ᠸᠠᠩ ᠤᠨ ᠰᠦᠮ᠎ᠡ ︵ᠣᠳᠣ ᠶᠢᠨ ᠤᠯᠠᠭᠠᠨᠬᠤᠲᠠ︶ ᠥᠨᠢ ᠤᠳᠠᠭᠠᠨ ᠲᠡᠦᠬᠡ ᠲᠠᠢ᠂ ᠴᠢᠩ ᠤᠯᠤᠰ᠂ ᠢᠷᠭᠡᠨ ᠤᠯᠤᠰ᠂ ᠬᠠᠭᠤᠷᠮᠠᠭ ᠮᠠᠨᠵᠤ 3 ᠠᠳᠠᠯᠢ ᠪᠤᠰᠤ ᠴᠠᠭ ᠦᠶ᠎ᠡ ᠶᠢ ᠥᠩᠭᠡᠷᠡᠭᠡᠵᠦ᠂ ᠮᠥᠨ ᠴᠦ ᠮᠠᠨ ᠤ ᠤᠯᠤᠰ ᠤᠨ ᠬᠠᠮᠤᠭ ᠡᠷᠲᠡ ᠦᠨᠳᠦᠰᠦᠲᠡᠨ ᠤ ᠣᠷᠣᠨ ᠤ ᠥᠪᠡᠷᠲᠡᠭᠡᠨ ᠵᠠᠰᠠᠬᠤ ᠶᠢ ᠬᠡᠷᠡᠭᠵᠢᠭᠦᠯᠦᠭᠰᠡᠨ ᠥᠪᠥᠷ ᠮᠤᠩᠭᠤᠯ ᠤᠨ ᠥᠪᠡᠷᠲᠡᠭᠡᠨ ᠵᠠᠰᠠᠬᠤ ᠣᠷᠣᠨ ᠪᠠᠶᠢᠭᠤᠯᠤᠭᠳᠠᠭᠰᠠᠨ ᠭᠠᠵᠠᠷ ᠣᠷᠣᠨ ᠪᠣᠯᠤᠨ᠎ᠠ᠃    ᠸᠠᠩ ᠤᠨ ᠰᠦᠮ᠎ᠡ ᠪᠣᠯ ᠵᠠᠰᠠᠭᠲᠤ ᠬᠤᠰᠢᠭᠤᠨ ᠤ ᠵᠢᠶᠦ᠋ᠨ ᠸᠠᠩ ᠸᠴᠢᠷ ᠤᠨ ᠪᠠᠶᠢᠭᠤᠯᠤᠭᠰᠠᠨ ᠭᠡᠷ ᠤᠨ ᠰᠦᠮ᠎ᠡ ᠪᠤᠯᠤᠨ᠎ᠠ᠃ ᠲᠡᠦᠬᠡᠨ ᠲᠡᠮᠳᠡᠭᠯᠡᠯ ᠢ ᠦᠨᠳᠦᠰᠦᠯᠡᠪᠡᠯ᠂ ᠬᠤᠷᠴᠢᠨ ᠮᠣᠩᠭᠤᠯ ᠠᠶᠢᠮᠠᠭ ᠪᠣᠯ ᠴᠢᠩᠭᠢᠰ ᠬᠠᠭᠠᠨ ᠤ ᠳᠡᠭᠦᠦ ᠬᠠᠪᠤᠳᠤ ᠬᠠᠰᠠᠷ ᠤᠨ ᠬᠤᠶᠢᠴᠢᠰ ᠪᠣᠯᠤᠨ᠎ᠠ᠃ ᠣᠨ ᠲᠣᠭᠠᠯᠠᠯ ᠤᠨ 1624 ᠣᠨ ᠳᠤ ᠤᠮᠠᠷᠠᠳᠤ ᠶᠤᠸᠠᠨ ᠤᠯᠤᠰ ᠤᠨ ᠬᠠᠮᠤᠭ ᠰᠡᠭᠦᠯᠴᠢ ᠶᠢᠨ ᠶᠡᠭᠡ ᠬᠠᠭᠠᠨ — ᠯᠢᠭᠳᠡᠨ ᠬᠠᠭᠠᠨ ᠠᠴᠠ ᠰᠠᠯᠵᠤ᠂ ᠵᠠᠭᠦᠨᠰᠢ ᠨᠡᠭᠦᠳᠡᠯᠯᠡᠨ ᠤᠴᠢᠵᠤ ᠬᠤᠶᠢᠲᠤ ᠠᠯᠲᠠᠨ ᠤᠯᠤᠰ ᠤᠨ ᠡᠵᠡᠨ ᠨᠤᠷᠠᠭᠴᠢ ᠶᠢ ᠡᠶᠡᠯᠳᠡᠨ ᠳᠠᠭᠠᠭᠰᠠᠨ ᠠᠴᠠ ᠴᠢᠩ ᠤᠯᠤᠰ ᠤᠨ ᠬᠠᠭᠠᠨᠲᠤ ᠲᠦᠷᠦ ᠶᠢ ᠬᠠᠮᠤᠭ ᠡᠷᠲᠡ ᠳᠠᠭᠠᠭᠰᠠᠨ ᠮᠣᠩᠭᠤᠯ ᠠᠶᠢᠮᠠᠭ ᠪᠣᠯᠤᠨ᠎ᠠ᠃  ᠴᠢᠩ ᠤᠯᠤᠰ ᠤᠨ ᠬᠠᠭᠠᠨ ᠤ ᠤᠭᠰᠠᠭ᠎ᠠ ᠲᠠᠢ ᠤᠷᠤᠭ ᠬᠤᠯᠪᠤᠨ ᠬᠠᠷᠢᠴᠠᠭ᠎ᠠ ᠨᠢᠭᠲᠠ ᠪᠤᠯᠵᠠᠢ᠃ ᠨᠤᠷᠠᠭᠴᠢ ᠪᠣᠯᠤᠨ ᠬᠤᠸᠠᠩ ᠲᠠᠶᠢᠵᠢ ᠮᠠᠨᠵᠤ ᠶᠢᠨ ᠡᠯ᠎ᠡ ᠠᠶᠢᠮᠠᠭ ᠢ ᠨᠢᠭᠡᠳᠬᠡᠭᠰᠡᠨ ᠤ ᠳᠠᠷᠠᠭ᠎ᠠ ᠪᠣᠭᠤᠮᠲᠠ ᠳᠤ ᠣᠷᠣᠵᠤ᠂ ᠵᠦᠩᠶᠤᠸᠠᠨ ᠣᠷᠣᠨ ᠢ ᠨᠢᠭᠡᠳᠬᠡᠨ᠂ ᠳᠠᠶᠢᠴᠢᠩ ᠬᠦᠷᠳ ᠤ ᠶᠡᠭᠡ ᠦᠢᠯᠡᠰ ᠢ ᠪᠡᠶᠡᠯᠡᠭᠦᠯᠬᠦ ᠳᠤ ᠬᠤᠷᠴᠢᠨ ᠠᠶᠢᠮᠠᠭ ᠳᠠᠶᠢᠨ ᠤ ᠲᠠᠯᠠᠪᠤᠷ ᠲᠤ ᠭᠠᠪᠰᠢᠭᠠᠶᠢᠯᠠᠨ ᠭᠠᠪᠢᠶ᠎ᠠ ᠪᠠᠶᠢᠭᠤᠯᠵᠤ ᠦᠩᠭᠡᠷᠡᠵᠡᠢ᠃ ᠴᠢᠩ ᠤᠯᠤᠰ ᠤᠨ ᠰᠡᠭᠦᠯᠴᠢ ᠶᠢᠨ ᠦᠶ᠎ᠡ ᠳᠤ ᠴᠦ ᠭᠡᠰᠡᠨ ᠬᠤᠷᠴᠢᠨ ᠤ ᠸᠠᠩ ᠰᠡᠩᠭᠡᠷᠢᠨᠴᠢᠨ ᠮᠣᠩᠭᠤᠯ ᠮᠣᠷᠢᠲᠤ ᠴᠡᠷᠢᠭ ᠢᠶᠠᠨ ᠳᠠᠭᠠᠭᠤᠯᠤᠨ ᠭᠠᠳᠠᠭᠠᠳᠤ ᠶᠢᠨ ᠠᠶᠤᠯ ᠢ ᠰᠡᠷᠭᠡᠶᠢᠯᠡᠬᠦ ᠪᠤᠶᠤ ᠳᠣᠲᠣᠭᠠᠳᠤ ᠶᠢᠨ ᠰᠠᠮᠠᠭᠤᠷᠠᠯ ᠢ ᠲᠦᠪᠰᠢᠳᠭᠡᠨ ᠴᠢᠩ ᠤᠯᠤᠰ ᠤᠨ ᠬᠠᠭᠠᠨᠲᠤ ᠲᠥᠷᠥ ᠶᠢ ᠦᠨᠡᠨᠴᠢ ᠰᠢᠳᠤᠷᠭᠤ ᠪᠠᠷ ᠬᠠᠮᠠᠭᠠᠯᠠᠵᠤ ᠥᠩᠭᠡᠷᠡᠪᠡ᠃ ᠭᠡᠪᠡᠴᠦ ᠴᠢᠩ ᠤᠯᠤᠰ ᠤᠨ ᠬᠠᠭᠠᠨᠲᠤ ᠲᠦᠷᠦ ᠮᠣᠩᠭᠤᠯᠴᠤᠳ ᠢ ᠬᠤᠵᠢᠮ ᠤᠨ ᠰᠦᠷᠳᠡᠭᠦᠯᠦᠯ ᠢᠶᠠᠷ ᠦᠵᠡᠵᠦ ᠪᠠᠶᠢᠭᠰᠠᠨ ᠲᠤᠯᠠ ᠠᠰᠢᠭᠯᠠᠬᠤ ᠮᠦᠷᠲᠡᠬᠡᠨ ᠬᠢᠵᠠᠭᠠᠷᠯᠠᠭᠰᠠᠭᠠᠷ ᠢᠷᠡᠵᠡᠢ᠃ ᠳᠡᠭᠡᠭᠡᠳ ︽ᠸᠠᠩ ᠡᠷᠭᠦᠮᠵᠢᠯᠡᠬᠦ ᠪᠠ ᠤᠷᠤᠭ ᠪᠠᠷᠢᠯᠳᠤᠬᠤ ᠲᠥᠷᠥ ᠶᠢᠨ ᠪᠣᠳᠣᠯᠭ᠎ᠠ︾ ᠂ ︽ᠯᠠᠮᠠ ᠨᠠᠷ ᠢ ᠬᠠᠷᠠᠭᠠᠯᠵᠠᠬᠤ ᠲᠦᠷᠦ ᠶᠢᠨ ᠪᠣᠳᠣᠯᠭ᠎ᠠ︾᠂ ︽ᠴᠢᠭᠤᠯᠭᠠᠨ ᠪᠠᠶᠢᠭᠤᠯᠤᠨ ᠬᠤᠰᠢᠭᠤ ᠬᠤᠪᠢᠶᠠᠬᠤ ᠪᠠ ᠦᠨᠳᠦᠰᠦᠲᠡᠨ ᠢ ᠲᠤᠰᠠᠭᠠᠷᠯᠠᠬᠤ ᠲᠦᠷᠦ ᠶᠢᠨ ᠪᠣᠳᠣᠯᠭ᠎ᠠ︾᠂ ︽ᠠᠷᠠᠳ ᠢ ᠨᠡᠭᠦᠯᠭᠡᠨ ᠬᠢᠵᠠᠭᠠᠷ ᠢ ᠪᠠᠬᠢᠵᠢᠭᠦᠯᠬᠦ ᠲᠥᠷᠥ ᠶᠢᠨ ᠪᠣᠳᠣᠯᠭ᠎ᠠ︾  ᠵᠡᠷᠭᠡ ᠢᠯᠪᠢᠨ ᠳᠠᠭᠠᠭᠤᠯᠬᠤ ᠪᠠ ᠳᠠᠷᠤᠩᠭᠤᠶᠢᠯᠠᠬᠤ ᠲᠥᠷᠥ ᠶᠢᠨ ᠪᠣᠳᠣᠯᠭ᠎ᠠ ᠤᠳ ᠢ ᠬᠠᠪᠰᠤᠷᠭᠠᠨ ᠬᠡᠷᠡᠭᠵᠢᠭᠦᠯᠵᠡᠢ᠃ ︽ᠲᠠᠶᠢᠽᠦ᠋ᠩ ᠬᠠᠭᠠᠨ ᠬᠤᠸᠠᠩ ᠲᠠᠶᠢᠵᠢ ᠳᠡᠭᠡᠳᠦ ᠡᠷᠳᠡᠮᠲᠦ ᠶᠢᠨ ᠲᠡᠷᠢᠭᠦᠨ ᠣᠨ ︵1636 ᠣᠨ︶ ᠳᠤ ︵ᠬᠤᠷᠴᠢᠨ ᠤ ᠲᠦᠷᠦᠭᠦᠦ ᠪᠤᠳᠠᠴᠢ︶   ᠳᠤ ᠵᠠᠰᠠᠭᠲᠤ ᠵᠢᠶᠦ᠋ᠨ ᠸᠠᠩ ᠤᠨ ᠬᠡᠷᠭᠡᠮᠲᠡᠨ ᠴᠤᠯᠠ ᠡᠷᠭᠦᠮᠵᠢᠯᠡᠵᠤ ᠦᠶ᠎ᠡ ᠤᠯᠠᠷᠢᠨ ᠵᠠᠯᠭᠠᠮᠵᠢᠯᠠᠵᠤ ᠪᠤᠯᠤᠨ᠎ᠠ ᠭᠡᠵᠡᠢ︾᠃ ︽ᠮᠥᠨ ᠵᠢᠯ ᠤᠨ ᠭᠤᠷᠪᠠᠳᠤᠭᠠᠷ ᠰᠠᠷ᠎ᠠ ᠶᠢᠨ ᠬᠤᠷᠢᠨ ᠬᠤᠶᠠᠷ ᠤᠨ ᠡᠳᠦᠷ᠂ ᠭᠤᠪᠢ ᠶᠢᠨ ᠡᠮᠦᠨᠡᠬᠢ ᠮᠣᠩᠭᠤᠯ ᠤᠨ ᠠᠷᠪᠠᠨ ᠵᠢᠷᠭᠤᠭᠠᠨ ᠠᠶᠢᠮᠠᠭ ᠤᠨ ᠳᠥᠴᠢ ᠶᠢᠰᠦᠨ ᠪᠡᠶᠢᠯᠠ ᠨᠤᠶᠠᠨ ᠮᠦᠭᠳᠡᠨ ︵ᠣᠳᠣ ᠶᠢᠨ ᠱᠧᠨᠶᠠᠩ︶ ᠳᠤ ᠴᠤᠭᠯᠠᠷᠠᠵᠤ᠂ ᠲᠠᠶᠢᠽᠦ᠋ᠩ ᠬᠠᠭᠠᠨ ᠳᠤ ᠪᠠᠷᠠᠭᠠᠳᠠᠵᠤ᠂ ᠬᠤᠸᠠᠩ ᠲᠠᠶᠢᠵᠢ ᠳᠤ ᠡᠷᠬᠢᠮ ᠴᠣᠯᠠ ᠡᠷᠭᠦᠵᠦ᠂ ᠲᠡᠭᠦᠨ ᠤ ᠮᠣᠩᠭᠤᠯ ᠤᠨ ᠬᠠᠭᠠᠨ ᠪᠣᠯᠬᠤ ᠶᠢ ᠬᠠᠮᠲᠤ ᠪᠠᠷ ᠮᠡᠳᠡᠷᠡᠪᠡ᠃ ᠴᠢᠩ ᠤᠯᠤᠰ ᠤᠨ ᠵᠠᠰᠠᠭ ᠤᠨ ᠭᠠᠵᠠᠷ ᠠᠴᠠ ᠵᠠᠷᠯᠢᠭ ᠪᠠᠭᠤᠯᠭᠠᠨ ᠬᠤᠰᠢᠭᠤ ᠬᠤᠪᠢᠶᠠᠵᠤ᠂ ᠭᠤᠪᠢ ᠶᠢᠨ ᠡᠮᠦᠨᠡᠬᠢ ᠬᠤᠷᠴᠢᠨ ᠠᠶᠢᠮᠠᠭ ᠢ ᠵᠡᠭᠦᠨ ᠪᠠᠷᠠᠭᠤᠨ ᠬᠤᠶᠠᠷ ᠵᠢᠭᠦᠷ ᠢᠶᠠᠷ ᠬᠤᠪᠢᠶᠠᠨ᠂ ᠵᠢᠭᠦᠷ ᠪᠦᠷᠢ ᠳᠤᠨᠢ ᠲᠤᠰ ᠪᠦᠷᠢ ᠡᠮᠦᠨᠡᠲᠦ᠂ ᠳᠤᠮᠳᠠᠳᠤ᠂ ᠬᠤᠶᠢᠲᠤ ᠭᠤᠷᠪᠠᠨ ᠬᠤᠰᠢᠭᠤ ᠪᠤᠯᠭᠠᠨ ᠬᠤᠪᠢᠶᠠᠵᠠᠢ᠃ ᠡᠭᠦᠨ ᠠᠴᠠ ᠡᠬᠢᠯᠡᠨ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤ᠂ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤ ᠪᠣᠯᠤᠨ ᠬᠤᠷᠴᠢᠨ ᠪᠠᠷᠠᠭᠤᠨ ᠭᠠᠷᠤᠨ ᠬᠤᠶᠢᠲᠤ ᠬᠤᠰᠢᠭᠤ ︵ᠬᠤᠷᠴᠢᠨ ᠵᠡᠭᠦᠨ ᠭᠠᠷᠤᠨ ᠡᠮᠦᠨ᠎ᠡ᠂ ᠳᠤᠮᠳᠠ᠂ ᠬᠤᠶᠢᠲᠤ ᠬᠤᠰᠢᠭᠤ ᠶᠢ ᠨᠡᠮᠡᠨ᠎ᠡ︶ ᠵᠡᠷᠭᠡ ᠵᠢᠷᠭᠤᠭᠠᠨ ᠬᠤᠰᠢᠭᠤ ᠮᠡᠨᠳᠦᠯᠡᠵᠡᠢ᠃ ︽ᠡᠩᠬᠡ ᠠᠮᠤᠭᠤᠯᠠᠩ ᠤᠨ ᠭᠤᠴᠢᠳᠤᠭᠠᠷ ᠣᠨ ︵1691 ᠣᠨ︶ ᠤ ᠳᠣᠯᠣᠨ ᠨᠠᠭᠤᠷ ᠤᠨ ᠴᠢᠭᠤᠯᠭᠠᠨ ᠤ ᠳᠠᠷᠠᠭ᠎ᠠ᠂ ᠵᠢᠷᠢᠮ ᠤᠨ ᠴᠢᠭᠤᠯᠭᠠᠨ ᠳᠤ ᠬᠠᠷᠢᠶᠠᠯᠠᠭᠳᠠᠨ᠎ᠠ︾ ︵ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠣᠶᠢᠯᠠᠯᠭ᠎ᠠ︶᠃ ᠴᠢᠩ ᠤᠯᠤᠰ ᠴᠢᠭᠤᠯᠭᠠᠨ ᠴᠢᠭᠤᠯᠵᠤ ᠬᠤᠰᠢᠭᠤ ᠪᠠᠢᠭᠤᠯᠬᠤ ᠶᠢᠨ ᠬᠠᠮᠲᠤ ᠪᠠᠰᠠ ᠮᠠᠰᠢ ᠣᠯᠠᠨ ᠴᠢᠩᠭ᠎ᠠ ᠬᠢᠵᠠᠭᠠᠷᠯᠠᠯ ᠲᠤᠭᠲᠠᠭᠠᠵᠠᠢ ᠂ ᠵᠢᠱᠢᠶᠡᠯᠡᠪᠡᠯ ᠬᠠᠷᠢᠯᠴᠠᠨ ᠬᠠᠷᠢᠯᠴᠠᠵᠤ ᠪᠣᠯᠬᠤ ᠦᠭᠡᠢ᠂ ᠬᠠᠷᠢᠯᠴᠠᠨ ᠶᠠᠪᠤᠯᠴᠠᠵᠤ ᠪᠣᠯᠬᠤ ᠦᠭᠡᠢ᠂ ᠬᠢᠯᠢ ᠦᠩᠭᠡᠷᠡᠵᠤ ᠮᠠᠯ ᠮᠠᠯᠯᠠᠵᠤ ᠪᠣᠯᠬᠤ ᠦᠭᠡᠢ ᠭᠡᠬᠦ ᠮᠡᠲᠦ᠃ ᠵᠠᠭᠠᠭ ᠬᠤᠪᠢᠶᠠᠨ ᠬᠡᠰᠡᠭᠯᠡᠨ ᠡᠵᠡᠯᠡᠵᠦ᠂ ᠬᠡᠰᠡᠭᠯᠡᠨ ᠵᠠᠰᠠᠵᠤ᠂ ᠮᠣᠩᠭᠤᠯ ᠦᠨᠳᠦᠰᠦᠲᠡᠨ ᠤ ᠪᠦᠬᠦᠯᠢ ᠴᠣᠭᠴᠠ ᠶᠢᠨ ᠦᠵᠡᠯᠲᠡ ᠪᠠ ᠦᠵᠡᠯ ᠤᠬᠠᠮᠰᠠᠷ ᠢ ᠲᠦᠢᠯ ᠤᠨ ᠶᠡᠭᠡ ᠪᠠᠷ ᠪᠠᠭᠤᠷᠠᠭᠤᠯᠵᠤ᠂ ᠦᠨᠳᠦᠰᠦᠲᠡᠨ ᠤ ᠨᠢᠭᠲᠠᠷᠠᠯ ᠤᠨ ᠬᠦᠴᠦᠨ ᠢ ᠰᠤᠯᠠᠷᠠᠭᠤᠯᠪᠠ᠃  ᠭᠠᠪᠢᠶ᠎ᠠ ᠪᠠᠶᠢᠭᠤᠯᠤᠭᠰᠠᠨ ᠠᠴᠠ ᠪᠤᠯᠵᠤ ᠭᠦᠩᠵᠦ ᠱᠠᠩᠨᠠᠪᠠ    ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤ ᠶᠢ ᠪᠠᠶᠢᠭᠤᠯᠤᠭᠰᠠᠨ ᠤ ᠳᠠᠷᠠᠭ᠎ᠠ᠂ ᠸᠴᠢᠷ ᠸᠠᠩ ᠦᠵᠦᠮᠦᠴᠢᠨ ᠬᠤᠰᠢᠭᠤᠨ ᠤ ᠴᠣᠷᠵᠢ ᠯᠠᠮᠠ ᠢ ᠤᠷᠢᠵᠤ ᠲᠣᠰ ᠰᠦᠮ᠎ᠡ ᠶᠢᠨ ᠬᠡᠷᠡᠭ ᠶᠠᠪᠤᠳᠠᠯ ᠢ ᠡᠷᠬᠢᠯᠡᠭᠦᠯᠪᠡ᠃ ᠡᠩᠬᠡ ᠠᠮᠤᠭᠤᠯᠠᠩ ᠤᠨ ᠭᠤᠴᠢᠳᠤᠭᠠᠷ ᠣᠨ ︵1694 ᠣᠨ︶ ᠳᠤ᠂ ᠸᠠᠴᠢᠷ ᠸᠠᠩ ᠴᠣᠷᠵᠢ ᠯᠠᠮᠠ ᠢ ᠳᠠᠭᠠᠭᠤᠯᠤᠨ ᠪᠡᠭᠡᠵᠢᠩ ᠳᠤ ᠬᠦᠷᠴᠦ ᠡᠩᠬᠡ ᠠᠮᠤᠭᠤᠯᠠᠩ ᠬᠠᠭᠠᠨ ᠲᠠᠢ ᠠᠭᠤᠯᠵᠠᠪᠠ᠃ ᠴᠣᠷᠵᠢ ᠯᠠᠮᠠ ᠲᠥᠪᠡᠳ ᠬᠡᠯᠡᠨ ᠳᠤ ᠨᠡᠪᠲᠡᠷᠡᠭᠰᠡᠨ ᠪᠣᠯᠬᠤᠷ ᠪᠡᠭᠡᠵᠢᠩ ᠳᠤ ᠪᠠᠶᠢᠬᠤ ᠬᠤᠭᠤᠴᠠᠭᠠᠨ ᠳᠠᠭᠠᠨ ᠮᠠᠰᠢ ᠣᠯᠠᠨ ᠲᠥᠪᠡᠳ ᠬᠡᠯᠡᠨ ᠤ ᠰᠤᠳᠤᠷ ᠢ ᠮᠣᠩᠭᠤᠯ ᠬᠡᠯᠡᠨ ᠳᠤ ᠣᠷᠴᠢᠭᠤᠯᠤᠭᠰᠠᠨ ᠠᠴᠠ ᠴᠢᠩ ᠤᠯᠤᠰ ᠤᠨ ᠵᠠᠰᠠᠭ ᠤᠨ ᠭᠠᠵᠠᠷ ᠤᠨ ᠮᠠᠭᠲᠠᠭᠠᠯ ᠰᠠᠶᠢᠰᠢᠶᠠᠯ ᠢ ᠣᠯᠤᠭᠰᠠᠨ ᠶᠤᠮ᠃ ᠡᠩᠬᠡ ᠠᠮᠤᠭᠤᠯᠠᠩ ᠬᠠᠭᠠᠨ ᠲᠡᠭᠦᠨ ᠢ ︽ᠪᠠᠭᠰᠢ ᠭᠡᠭᠡᠨ︾ ︵ᠳᠠᠷᠤᠶ ᠤᠯᠤᠰ ᠤᠨ ᠪᠠᠭᠰᠢ ᠶᠢᠨ ᠭᠡᠭᠡᠨ ᠬᠤᠲᠤᠭᠲᠤ︶ ᠤ ᠬᠠᠮᠤᠭ ᠤᠨ ᠳᠡᠭᠡᠳᠦ ᠴᠣᠯᠠ ᠪᠠᠷ ᠡᠷᠭᠦᠮᠵᠢᠯᠡᠪᠡ᠃ ᠪᠠᠰᠠ ᠸᠠᠩ ᠤᠨ ᠰᠦᠮ᠎ᠡ ᠳᠤ ︽ᠬᠤᠲᠠᠯᠠ ᠨᠢᠭᠦᠯᠰᠡᠩᠭᠦᠢ ᠰᠦᠮ᠎ᠡ︾ ᠭᠡᠰᠡᠨ ᠫᠠᠶᠢᠰᠠ ᠢᠯᠡᠷᠬᠡᠶᠢᠯᠡᠯ ᠥᠭᠴᠡᠶ᠃ ᠡᠭᠦᠨ ᠤ ᠬᠠᠮᠲᠤ᠂ ᠸᠴᠢᠷ ᠵᠢᠶᠦ᠋ᠨ ᠸᠠᠩ ᠰᠦᠮ᠎ᠡ ᠪᠠᠶᠢᠭᠤᠯᠤᠭᠰᠠᠨ ᠭᠠᠪᠢᠶ᠎ᠠ ᠲᠠᠢ ᠪᠣᠯᠬᠤᠷ ᠬᠠᠭᠠᠨ ᠤ ᠭᠦᠩᠵᠤ ᠪᠠᠨ ᠱᠠᠩᠨᠠᠭᠰᠠᠨ ᠪᠠᠶᠢᠨ᠎ᠠ᠃    ᠸᠠᠩ ᠤᠨ ᠰᠦᠮ᠎ᠡ ᠶᠢᠨ ᠪᠠᠷᠢᠯᠭ᠎ᠠ ᠶᠢᠨ ᠬᠡᠪ ᠨᠠᠮᠪᠠ ᠨᠢ ᠪᠦᠷᠢᠮᠦᠰᠦᠨ ᠲᠥᠪᠡᠳ ᠮᠠᠶ᠋ᠢᠭ ᠤᠨ ᠰᠠᠷᠠᠪᠴᠢ ᠦᠭᠡᠢ ᠪᠠᠶᠢᠳᠠᠭ᠃ ᠮᠤᠳᠤ ᠴᠢᠯᠠᠭᠤᠨ ᠴᠣᠬᠤᠢ ᠶᠢᠨ ᠪᠦᠲᠦᠴᠡ ᠲᠠᠢ᠂ ᠭᠤᠣᠯ ᠳᠤᠭᠠᠩ ᠪᠣᠯᠤᠨ ᠳᠠᠭᠠᠯᠲᠠ ᠳᠤᠭᠠᠩ ᠪᠣᠯ ᠶᠡᠭᠡ ᠪᠠᠭ᠎ᠠ ᠨᠢ ᠵᠤᠬᠢᠴᠠᠭᠰᠠᠨ ᠪᠤᠷᠬᠠᠨ ᠤ ᠰᠦᠮ᠎ᠡ ᠶᠤᠮ᠃ ᠰᠦᠮ᠎ᠡ ᠶᠢᠨ ᠬᠤᠶᠠᠷ ᠬᠠᠵᠠᠭᠤ ᠪᠠᠷ ᠨᠢ ᠲᠥᠪᠡᠳ ᠮᠠᠶ᠋ᠢᠭ ᠤᠨ ᠰᠢᠷᠣᠶ ᠮᠣᠳᠣᠨ ᠤ ᠪᠦᠲᠦᠴᠡ ᠲᠠᠢ ᠲᠤᠰᠠᠭᠠᠷ ᠬᠦᠷᠢᠶ᠎ᠡ ᠬᠠᠰᠢᠶ᠎ᠡ ᠲᠠᠢ ᠯᠠᠮᠠ ᠶᠢᠨ ᠣᠷᠣᠨ ᠰᠠᠭᠤᠴᠠ ᠶᠢᠨ ᠲᠣᠭᠤᠷᠢᠭ ᠪᠠᠶᠢᠭᠤᠯᠵᠠᠢ᠃    ᠸᠠᠩ ᠤᠨ ᠰᠦᠮ᠎ᠡ ᠬᠥᠭᠵᠢᠨ ᠮᠠᠨᠳᠤᠭᠰᠠᠨ ᠦᠶ᠎ᠡ ᠳᠤ ᠵᠠᠭᠤ ᠭᠠᠷᠤᠶ ᠯᠠᠮᠠ ᠪᠠᠶᠢᠭᠰᠠᠨ ᠪᠥᠭᠡᠳ 253 ᠵᠦᠢᠯ  ᠤᠨ ᠰᠠᠬᠢᠯ ᠰᠠᠨᠸᠠᠷ ᠲᠠᠢ ᠪᠠᠶᠢᠵᠠᠶ᠃ ᠵᠢᠯ ᠪᠦᠷᠢ ᠳᠥᠷᠪᠡᠨ ᠤᠯᠠᠷᠢᠯ ᠤᠨ ᠬᠤᠷᠠᠯ ᠬᠢᠵᠦ᠂ ᠢᠯᠠᠩᠭᠤᠶ᠎ᠠ ᠪᠢᠯᠢᠭ ᠤᠨ ᠤᠯᠠᠷᠢᠯ ᠤᠨ 6 ᠰᠠᠷ᠎ᠠ ᠶᠢᠨ 15 ᠤ ᠡᠳᠦᠷ ᠤᠨ ᠰᠦᠮ᠎ᠡ ᠶᠢᠨ ᠴᠤᠭᠯᠠᠭᠠᠨ ᠨᠢ ᠣᠨᠴᠠᠭᠠᠶ ᠬᠦᠭᠵᠢᠶᠡᠨ ᠲᠠᠢ ᠪᠠᠶᠢᠳᠠᠭ ᠃ ᠲᠣᠰ ᠬᠤᠰᠢᠭᠤᠨ ᠤ᠂ ᠡᠷᠭᠢᠨ ᠲᠣᠭᠤᠷᠢᠨ ᠤ ᠬᠤᠲᠠ ᠪᠠᠯᠭᠠᠰᠤᠨ ᠤ ᠮᠠᠯᠴᠢᠨ ᠲᠠᠷᠢᠶᠠᠴᠢᠳ ᠪᠦᠷ ᠰᠦᠮ᠎ᠡ ᠶᠢᠨ ᠴᠤᠭᠯᠠᠭᠠ ᠳᠤ ᠬᠦᠷᠡᠯᠴᠡᠨ ᠢᠷᠡᠵᠤ᠂ ᠪᠤᠷᠬᠠᠨ ᠳᠤ ᠮᠥᠷᠭᠦᠵᠦ ᠡᠳ᠋ ᠪᠣᠳᠠᠰ ᠬᠠᠨᠳᠢᠪᠯᠠᠳᠠᠭ᠃ ᠸᠠᠩ ᠨᠣᠶᠠᠨ ᠭᠡᠷ ᠤᠨ ᠬᠥᠮᠦᠰ ᠪᠣᠯᠤᠨ ᠨᠣᠶᠠᠳ ᠲᠦᠰᠢᠮᠡᠳ ᠢᠶᠠᠨ ᠳᠠᠭᠠᠭᠤᠯᠤᠨ ᠮᠣᠷᠢᠯᠠᠨ ᠰᠠᠭᠠᠲᠠᠵᠤ ᠦᠵᠡᠭᠴᠢᠳ ᠲᠠᠢ ᠬᠠᠮᠲᠤ ᠪᠠᠷ ᠰᠦᠮ᠎ᠡ ᠶᠢᠨ ᠦᠳᠡᠰᠢᠯᠡᠭᠡ ᠶᠢᠨ ︽ᠴᠠᠮ ᠬᠠᠷᠠᠶᠢᠬᠤ︾ ᠪᠥᠵᠢᠭ ᠢ ᠰᠣᠨᠢᠷᠬᠠᠵᠤ᠂ ᠬᠠᠮᠤᠭ ᠰᠡᠭᠦᠯ  ᠳᠤᠨᠢ ︽ᠭᠠᠨᠵᠤᠤᠷ︾ ᠰᠤᠳᠤᠷ ᠢ ᠡᠭᠦᠷᠴᠦ ᠰᠦᠮ᠎ᠡ ᠶᠢ ᠭᠤᠷᠪᠠ ᠳᠤᠭᠤᠷᠢᠵᠤ᠂ ᠡᠪᠡᠳᠴᠢᠨ ᠢ ᠠᠷᠢᠯᠭᠠᠵᠤ ᠭᠠᠮᠰᠢᠭ ᠢ ᠤᠰᠠᠳᠬᠠᠬᠤ ᠪᠤᠯᠤᠭᠠᠰᠠᠢ ᠭᠡᠵᠤ ᠳᠠᠭᠠᠳᠬᠠᠳᠠᠭ᠃    ᠲᠤᠬᠠᠶ ᠶᠢᠨ ᠦᠶ᠎ᠡ ᠳᠤ᠂ ᠵᠠᠰᠠᠭᠲᠤ ᠵᠢᠶᠦ᠋ᠨ ᠸᠠᠩ ᠤᠨ ᠣᠷᠳᠣᠨ ᠨᠢ ᠸᠠᠩ ᠤᠨ ᠰᠦᠮ᠎ᠡ ᠶᠢᠨ ᠵᠡᠭᠦᠨ ᠡᠮᠦᠨ᠎ᠡ᠂ ᠲᠤᠭᠤᠷ ᠤᠨ ᠭᠤᠣᠯ ᠤᠨ ᠵᠡᠭᠦᠨ ᠡᠷᠭᠢ ᠶᠢᠨ ᠳᠣᠯᠣᠭᠠᠨ ᠭᠠᠵᠠᠷ ᠤᠨ ᠵᠠᠢ ᠲᠠᠢ ᠭᠠᠵᠠᠷ ᠲᠤ ᠪᠠᠶᠢᠷᠢᠯᠠᠵᠤ ᠪᠠᠶᠢᠵᠠᠶ᠃ ᠸᠠᠩ ᠤᠨ ᠣᠷᠳᠣᠨ ᠤ ᠭᠠᠳᠠᠨ᠎ᠠ ᠰᠢᠷᠣᠶ ᠶᠢᠨ ᠬᠦᠷᠢᠶ᠎ᠡ ᠬᠡᠷᠡᠮ ᠪᠠᠶᠢᠵᠤ᠂ ᠳᠥᠷᠪᠡᠨ ᠥᠨᠴᠥᠭ ᠲᠤᠨᠢ ᠥᠨᠴᠥᠭᠲᠦ ᠠᠰᠠᠷ ᠲᠠᠢ᠂ ᠳᠠᠷᠤᠶ ᠫᠤᠤᠲ᠋ᠠᠢ ᠪᠣᠯᠤᠨ᠎ᠠ᠃ ᠬᠤᠶᠠᠷ ᠤᠯᠠᠭᠠᠨ ᠮᠣᠳᠣᠨ ᠡᠭᠦᠳᠡ ᠲᠠᠢ᠂ ᠬᠦᠷᠢᠶᠡᠨ ᠤ ᠬᠡᠷᠡᠮ ᠢ ᠪᠦᠷ ᠬᠥᠬᠡ ᠲᠣᠭᠤᠰᠬ᠎ᠠ ᠪᠠᠷ ᠪᠠᠷᠢᠵᠠᠶ᠃ ᠪᠦᠬᠦ ᠸᠠᠩ ᠤᠨ ᠣᠷᠳᠣᠨ ᠢ ᠡᠮᠦᠨ᠎ᠡ ᠬᠤᠶᠢᠨ᠎ᠠ ᠬᠤᠶᠠᠷ ᠮᠥᠷ ᠬᠤᠪᠢᠶᠠᠵᠤ᠂ ᠡᠮᠦᠨ᠎ᠡ ᠮᠥᠷ ᠲᠤ ᠶᠡᠭᠡ ᠪᠠᠭ᠎ᠠ 3 ᠰᠠᠭᠤᠷᠢ ᠮᠣᠩᠭᠤᠯ ᠭᠡᠷ ᠲᠠᠢ᠂ ᠭᠤᠣᠯ ᠳᠤᠮᠳᠠ ᠨᠢ 10 ᠬᠠᠨ᠎ᠠ ᠶᠢᠨ ᠲᠤᠯᠭᠠᠭᠤᠷᠢ ᠲᠠᠢ ᠪᠠᠶᠢᠳᠠᠭ᠃  ᠵᠠᠰᠠᠭᠲᠤ ᠬᠤᠰᠢᠭᠤᠨ ᠤ ᠴᠢᠬᠤᠯᠠ ᠤᠯᠤᠰ ᠲᠥᠷᠥ᠂ ᠰᠣᠶᠣᠯ᠂ ᠶᠣᠰᠣᠯᠠᠯ ᠵᠡᠷᠭᠡ ᠶᠡᠭᠡ ᠬᠤᠷᠠᠯ ᠨᠢ ᠪᠦᠷ 10 ᠬᠠᠨ᠎ᠠ ᠲᠠᠢ ᠮᠣᠩᠭᠤᠯ ᠭᠡᠷ ᠲᠤ ᠶᠠᠪᠤᠭᠳᠠᠳᠠᠭ᠃ ᠬᠤᠶᠠᠷ ᠬᠠᠵᠠᠭᠤ ᠶᠢᠨ ᠮᠣᠩᠭᠤᠯ ᠭᠡᠷ ᠨᠢ ᠪᠦᠷ 8 ᠬᠠᠨ᠎ᠠ ᠲᠠᠢ ᠮᠣᠩᠭᠤᠯ ᠭᠡᠷ ᠪᠠᠶᠢᠵᠤ᠂ ᠪᠠᠭ᠎ᠠ ᠬᠤᠷᠠᠯ ᠪᠤᠶᠤ ᠸᠠᠩ ᠤᠨ ᠬᠦᠯᠢᠶᠡᠨ ᠠᠪᠬᠤ ᠭᠡᠷ ᠪᠣᠯᠭᠠᠳᠠᠭ᠃ ᠠᠷᠤ ᠮᠥᠷ ᠤᠨ ᠪᠠᠷᠠᠭᠤᠨ ᠬᠦᠷᠢᠶᠡᠨ ᠳᠤ ᠪᠠᠰᠠ ᠬᠤᠶᠠᠷ ᠮᠥᠷ ᠲᠣᠭᠤᠰᠬᠠᠨ ᠪᠠᠶᠢᠰᠢᠩ ᠲᠠᠢ᠃ ᠡᠮᠦᠨ᠎ᠡ ᠬᠦᠷᠢᠶ᠎ᠡ ᠨᠢ ᠬᠤᠰᠢᠭᠤ ᠵᠠᠰᠠᠭ ᠤᠨ ᠠᠯᠪᠠᠨ ᠭᠡᠷ ᠪᠣᠯᠬᠤ 3 ᠲᠠᠰᠤᠯᠭ᠎ᠠ ᠭᠡᠷ ᠪᠠᠶᠢᠵᠤ᠂ ᠠᠷᠤ ᠬᠦᠷᠢᠶ᠎ᠡ ᠨᠢ 6 ᠲᠠᠰᠤᠯᠭ᠎ᠠ ᠬᠥᠬᠡ ᠲᠣᠭᠤᠰᠬᠠᠨ ᠭᠡᠷ ᠪᠣᠯᠤᠨ᠎ᠠ᠃ ᠪᠠᠷᠠᠭᠤᠨ ᠠᠴᠠ ᠬᠠᠮᠤᠭ ᠤᠨ ᠲᠦᠷᠦᠭᠦᠨ ᠳᠤ ᠸᠠᠩ ᠤᠨ ᠣᠷᠳᠣᠨ ᠤ ᠲᠠᠬᠢᠯ ᠤᠨ ᠭᠠᠵᠠᠷ ᠪᠠᠶᠢᠵᠤ᠂ ᠬᠤᠶᠠᠳᠤᠭᠠᠷ ᠲᠠᠰᠤᠯᠭ᠎ᠠ ᠨᠢ ᠵᠢᠶᠦ᠋ᠨ ᠸᠠᠩ ᠤᠨ ᠲᠠᠮᠠᠭ᠎ᠠ ᠶᠢᠨ ᠭᠡᠷ ᠪᠠᠶᠢᠵᠤ᠂ ᠳᠠᠷᠠᠭᠠᠬᠢ 3 ᠲᠠᠰᠤᠯᠭ᠎ᠠ ᠨᠢ ᠸᠠᠩ ᠤᠨ ᠤᠨᠲᠠᠬᠤ ᠥᠷᠥᠭᠡ ᠪᠣᠯᠤᠨ᠎ᠠ᠃ ᠬᠠᠮᠤᠭ ᠵᠡᠭᠦᠨ ᠲᠠᠯ᠎ᠠ ᠶᠢᠨ 1 ᠲᠠᠰᠤᠯᠭ᠎ᠠ ᠪᠣᠭᠤᠯ ᠵᠠᠷᠤᠴᠠ ᠶᠢᠨ ᠰᠠᠭᠤᠭ᠎ᠠ ᠦᠷᠦᠭᠡ ᠪᠤᠯᠤᠨ᠎ᠠ᠃ ᠠᠷᠤ ᠮᠥᠷ ᠤᠨ ᠳᠤᠮᠳᠠ ᠬᠦᠷᠢᠶᠡᠯᠡᠩ ᠤᠨ 3 ᠲᠠᠰᠤᠯᠭ᠎ᠠ ᠲᠣᠭᠤᠰᠬᠠᠨ ᠭᠡᠷ ᠨᠢ ᠸᠠᠩ ᠤᠨ ᠣᠷᠳᠣᠨ ᠤ ᠰᠤᠷᠭᠠᠭᠤᠯᠢ ᠪᠤᠯᠤᠨ᠎ᠠ᠃ ᠠᠷᠤ ᠮᠥᠷ ᠤᠨ ᠵᠡᠭᠦᠨ ᠬᠦᠷᠢᠶᠡᠨ ᠤ ᠬᠤᠶᠠᠷ ᠵᠢᠭᠦᠷ ᠤᠨ ᠭᠡᠷ ᠨᠢ ᠳᠠᠷᠤᠶ ᠸᠠᠩ ᠤᠨ ᠣᠷᠳᠣᠨ ᠤ ᠬᠥᠮᠥᠷᠭᠡ ᠪᠠ ᠲᠣᠭᠤᠭᠠ ᠭᠡᠷ ᠪᠣᠯᠤᠨ᠎ᠠ᠃    1934 ᠣᠨ ᠳᠤ᠂ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠵᠠᠬᠢᠷᠭ᠎ᠠ ᠶᠢ ᠤᠯᠠᠭᠠᠨᠬᠠᠳᠠ ᠨᠤᠲᠤᠭ ᠠᠴᠠ ᠸᠠᠩ ᠤᠨ ᠰᠦᠮ᠎ᠡ ᠶᠢᠨ ᠬᠤᠸᠠᠢ ᠶᠤᠸᠠᠨ ᠵᠡᠭᠡᠯᠢ ᠳᠤ ᠰᠢᠯᠵᠢᠭᠦᠯᠦᠨ ᠠᠪᠴᠢᠷᠠᠪᠠ᠃ ᠡᠭᠦᠨ ᠤ ᠬᠠᠮᠲᠤ ᠬᠠᠭᠤᠷᠮᠠᠭ ᠮᠠᠨᠵᠤ ᠮᠣᠩᠭᠤᠯ ᠦᠨᠳᠦᠰᠦᠲᠡᠨ ᠤ ᠦᠶ᠎ᠡ ᠵᠠᠯᠭᠠᠮᠵᠢᠯᠠᠬᠤ ᠵᠠᠰᠠᠭ ᠤᠨ ᠳᠦᠷᠢᠮ ᠢ ᠬᠦᠴᠦᠨ ᠦᠭᠡᠢ ᠪᠣᠯᠭᠠᠵᠤ᠂ ᠬᠤᠰᠢᠭᠤᠨ ᠳᠠᠷᠤᠭ᠎ᠠ ᠶᠢᠨ ᠳᠦᠷᠢᠮ ᠪᠤᠯᠭᠠᠨ ᠥᠭᠡᠷᠡᠴᠢᠯᠡᠪᠡ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号