ᠠᠷᠦ ᠨᠤᠲᠤᠭ ᠤᠨ ᠮᠢᠨᠢ ᠨᠠᠮᠤᠷ ᠤᠨ ᠦᠩᠬᠡ
ᠨᠡᠶᠢᠲᠡᠯᠡᠭᠰᠡᠨ ᠴᠠᠭ᠄
2020/8/31
           ᠮ᠊  ᠪᠦᠷᠢᠨ ︵ᠮᠠᠯᠴᠢᠨ︶ ᠨᠠᠮᠤᠷ ᠤᠨ ᠪᠤᠳᠤᠭ ᠢ ᠨᠠᠶᠢᠷᠠᠬᠤ ᠬᠡᠵᠦ     ᠰᠡᠭᠦᠯᠴᠢ ᠶᠢᠨ ᠪᠤᠷᠤᠭ᠎ᠠ ᠵᠦᠰᠡᠷᠡᠨ᠎ᠡ ᠨᠠᠷᠠᠨ ᠭᠠᠷᠠᠭ ᠠᠯᠤᠰᠤᠷᠬᠠᠬᠤ ᠬᠡᠵᠦ     ᠰᠡᠷᠢᠬᠦᠨ ᠠᠮᠢᠰᠬᠤᠯ ᠢᠶᠠᠷ ᠢᠶᠠᠨ ᠰᠡᠪᠡᠯᠵᠡᠨ᠎ᠡ ᠦᠩᠬᠡᠰᠢᠭ ᠵᠤᠨ ᠢᠶᠠᠨ ᠦᠳᠡᠭᠰᠡᠨ     ᠦᠶᠦᠭ ᠤᠯᠠᠷᠢᠯ ᠲᠠᠩᠰᠤᠭᠵᠢᠨ᠎ᠠ ᠡᠯᠪᠡᠭ ᠬᠤᠷᠢᠶᠠᠯᠲᠠ ᠶᠢ ᠳᠠᠭᠤᠯᠠᠬᠤ ᠬᠡᠵᠦ     ᠦᠨᠡᠨ ᠠᠴᠠ ᠵᠢᠷᠤᠭ ᠲᠦᠷᠦᠭᠳᠡᠨ᠎ᠡ ᠬᠦᠬᠡ ᠳᠡᠭᠷᠢ ᠶᠢᠨ ᠬᠠᠶᠠᠭ᠎ᠠ     ᠡᠬᠦᠯᠡᠰ ᠢᠶᠠᠨ ᠰᠢᠯᠭᠡᠭᠡᠨ ᠴᠡᠩᠬᠡᠷᠲᠤᠨ᠎ᠠ ᠬᠦᠷᠦᠰᠦᠨ ᠳᠤ ᠠᠮᠢ ᠲᠠᠢ ᠤᠷᠭᠤᠮᠠᠯ     ᠦᠷᠦᠯᠡᠨ ᠪᠤᠯᠪᠠᠰᠤᠷᠠᠵᠦ ᠳᠤᠬᠢᠯᠵᠠᠨ᠎ᠠ ᠰᠠᠷᠠᠨ ᠤ ᠵᠢᠩᠳᠡᠭᠦᠨ ᠬᠡᠬᠡ ᠳᠤ     ᠨᠠᠪᠴᠢᠨ ᠰᠢᠭᠦᠳᠡᠷᠢ ᠴᠠᠷᠴᠢᠨ᠎ᠠ ᠰᠦᠯ ᠬᠠᠯᠢᠭᠤᠷᠠᠭᠰᠠᠨ ᠴᠠᠶᠢᠳᠠᠮ ᠳᠤ     ᠠᠯᠳᠠᠨ ᠦᠨᠡᠭᠡ ᠬᠦᠷᠦᠭᠡᠯᠡᠨ᠎ᠡ ᠰᠠᠯᠬᠢᠨ ᠬᠡᠯᠡ ᠠᠴᠠ ᠦᠷᠬᠦᠭᠰᠡᠨ     ᠨᠡᠬᠦᠳᠡᠯ ᠤᠨ ᠰᠢᠪᠠᠭᠤᠳ ᠪᠤᠴᠠᠨ᠎ᠠ ᠰᠦ ᠦᠳᠭᠡᠷᠡᠭᠰᠡᠨ ᠰᠠᠭᠠᠯᠢ     ᠦᠷᠦᠮ᠎ᠡ ᠬᠠᠭᠰᠠᠷᠠᠨ ᠲᠤᠰᠤᠷᠬᠠᠨ᠎ᠠ ᠵᠢᠭᠠᠰᠦ ᠵᠢᠷᠭᠠᠬᠠᠢ ᠤᠷᠤᠰᠬᠠᠯ ᠦᠬᠡᠳᠡᠯᠡᠭᠡᠳ     ᠤᠰᠤᠨ ᠪᠤᠯᠤᠷᠯᠠᠵᠦ ᠲᠤᠩᠭᠠᠯᠠᠭᠰᠢᠨ᠎ᠠ ᠵᠢᠮᠢᠰ ᠤᠨ ᠮᠢᠬᠠᠯᠢᠭ ᠰᠢᠬᠢᠷᠯᠡᠭᠡᠳ     ᠤᠨᠵᠢᠯᠭ᠎ᠠ ᠳᠡᠭᠦᠵᠢᠩ ᠰᠠᠵᠢᠯᠤᠨ᠎ᠠ ᠤᠭᠤᠷᠠᠭ ᠲᠠᠭᠠᠨ ᠱᠠᠩᠳᠤᠭᠤᠷᠤᠭᠰᠠᠨ ᠳᠠᠬᠤ ᠳᠤᠭᠤᠯ     ᠨᠤᠶᠢᠷ ᠢᠶᠠᠨ ᠳᠡᠶᠢᠯᠬᠦ ᠦᠬᠡᠢ ᠲᠤᠭᠵᠢᠷᠠᠨ᠎ᠠ ᠤᠷᠤᠶᠢᠳ ᠲᠤᠯᠭᠠᠳ ᠢᠶᠠᠷ ᠪᠦᠷᠬᠦᠳ ᠬᠦᠥᠰᠢᠯᠡᠭᠡᠳ     ᠦᠶᠦᠬᠡ ᠬᠠᠶᠢᠨ ᠠᠪᠠ ᠬᠤᠮᠤᠷᠭᠠᠯᠠᠨ᠎ᠠ ᠠᠳᠤᠭᠤ ᠬᠤᠷᠠᠭᠰᠠᠨ ᠤᠶᠠᠭᠠᠨ ᠵᠡᠯ᠎ᠡ ᠪᠠᠷ     ᠨᠤᠶᠢᠳᠠᠨ ᠬᠤᠮᠤᠯ ᠰᠢᠩᠭᠡᠷᠡᠨ᠎ᠡ ᠠᠶᠢᠷᠠᠭ ᠴᠡᠭᠡ ᠶᠢᠨ ᠬᠦᠨᠦᠭ ᠲᠤᠯᠤᠮ ᠢᠶᠠᠷ     ᠬᠦᠭᠡᠰᠦᠷᠦᠭᠰᠡᠨ ᠬᠦᠷᠦᠩᠭᠡ ᠬᠦᠴᠦᠵᠢᠨ᠎ᠡ ᠠᠵᠢᠯᠴᠢ ᠮᠠᠯᠴᠢᠳ ᠤᠨ ᠬᠦᠳᠡᠯᠮᠤᠷᠢ ᠳᠠᠭᠤᠤ     ᠬᠠᠳᠤᠯᠠᠩ ᠤᠨ ᠳᠡᠷᠭᠡᠲᠡ ᠠᠴᠠ ᠤᠶᠠᠩᠭᠠᠷᠠᠨ᠎ᠠ ᠠᠷᠦ ᠨᠤᠲᠤᠭ ᠤᠨ ᠮᠢᠨᠢ ᠨᠠᠮᠤᠷ ᠤᠨ ᠦᠩᠬᠡ     ᠵᠦᠬᠡᠬᠡᠢ ᠶᠢᠨ ᠰᠢᠷᠭᠠᠯ ᠢᠶᠠᠷ ᠰᠢᠵᠢᠷᠳᠡᠨ᠎ᠡ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号