ᠨᠢᠭᠡ᠂ ᠤᠶᠤᠳᠠᠯ ᠤᠨ ᠨᠡᠷᠡᠰ ᠵᠢᠴᠢ ᠤᠶᠤᠬᠤ ᠠᠷᠭ᠎ᠠ | ︵ᠨᠢᠭᠡ︶ ᠲᠤᠭᠤᠴᠢᠶᠠᠷ — ᠲᠤᠭᠤᠴᠢᠶᠠᠷ ᠭᠡᠳᠡᠭ ᠨᠢ ᠮᠤᠩᠭᠤᠯ ᠭᠤᠳᠤᠯ ᠱᠠᠬᠠᠢ ᠶᠢᠨ ᠵᠤᠯᠤᠭ ᠲᠦᠷᠡᠢ | ᠶᠢ ᠤᠶᠤᠬᠤ ᠨᠢᠭᠡ ᠵᠤᠶᠢᠯ ᠤᠨ ᠤᠷᠠᠨ ᠤᠶᠤᠳᠠᠯ ᠪᠤᠯᠤᠨ᠎ᠠ᠃ ᠲᠤᠭᠤᠴᠢᠶᠠᠷ ᠢ ᠤᠶᠤᠬᠤ ᠳᠤ ᠳᠠᠩ ᠵᠡᠭᠦᠦ ᠳᠠᠩ | ᠤᠳᠠᠰᠦ ᠪᠠᠷ ᠤᠶᠤᠬᠤ᠂ ᠵᠤᠯᠤᠭ ᠲᠦᠷᠡᠢ ᠶᠢᠨ ᠢᠶᠠᠨ ᠦᠩᠬᠡ ᠶᠢᠨ ︵ᠨᠢᠭᠤᠷ ᠳᠠᠯ᠎ᠠ︶ ᠳᠠᠯ᠎ᠠ ᠶᠢᠨ ᠪᠦᠰ ᠤᠨ | ᠰᠢᠷᠬᠡᠭ ᠢ ᠲᠤᠭᠠᠯᠠᠵᠦ᠂ ᠨᠢᠭᠡ ᠨᠢᠬᠡ ᠵᠡᠬᠦᠦ ᠪᠠᠷ ᠨᠡᠪᠳᠡᠯᠤᠨ ᠨᠢᠲᠤᠯᠠᠨ ᠬᠠᠳᠬᠤᠵᠦ᠂ ᠦᠯᠢᠭᠡᠷ ᠵᠢᠷᠤᠭ ᠤᠨ ᠬᠡ | ᠤᠭᠠᠯᠵᠠ ᠳᠠᠭᠠᠦ ᠤᠶᠤᠳᠠᠭ᠃ ᠤᠷᠠᠨ ᠰᠠᠶᠢᠬᠠᠨ ᠤᠶᠤᠭᠰᠠᠨ ᠲᠤᠭᠤᠴᠢᠶᠠᠷ ᠨᠢ ᠬᠡ ᠵᠢᠷᠤᠭ ᠨᠢ ᠵᠤᠷᠠᠶᠢᠵᠦ | ᠬᠠᠷᠠᠭᠳᠠᠬᠤ ᠠᠴᠠ ᠪᠢᠰᠢ ᠤᠳᠠᠰᠦ ᠵᠡᠬᠦᠦ ᠶᠢᠨ ᠰᠤᠯᠠ ᠭᠠᠵᠠᠷ ᠦᠵᠡᠭᠳᠡᠬᠦ ᠦᠬᠡᠢ ᠪᠠᠶᠢᠳᠠᠭ᠃ ᠲᠤᠭᠤᠴᠢᠶᠠᠷ | ᠤᠶᠤᠳᠠᠯ ᠤᠨ ᠰᠠᠶᠢᠨ ᠳᠠᠯ᠎ᠠ ᠨᠢ ᠤᠶᠤᠭᠰᠠᠨ ᠵᠢᠷᠤᠭ ᠴᠡᠪᠡᠷ ᠨᠠᠷᠢᠯᠢᠭ ᠬᠠᠷᠠᠭᠳᠠᠬᠤ ᠪᠦᠬᠡᠳ ᠭᠤᠳᠤᠯ ᠱᠠᠬᠠᠢ ᠶᠢᠨ | ᠲᠦᠷᠡᠢ ᠵᠤᠯᠤᠭ ᠴᠢᠩᠭᠠᠷᠠᠨ ᠬᠠᠳᠠᠭᠤᠷᠠᠵᠦ ᠪᠠᠬᠢᠯᠢᠭ᠌ ᠪᠤᠯᠳᠠᠭ᠃ ᠡᠶᠢᠮᠦ ᠠᠴᠠ ᠲᠤᠭᠤᠴᠢᠶᠠᠷ ᠤᠶᠤᠳᠠᠯ ᠲᠠᠢ | ᠭᠤᠳᠤᠯ ᠱᠠᠬᠠᠢ ᠶᠢ ᠦᠵᠡᠬᠦ ᠳᠤ ᠭᠤᠶᠤ᠂ ᠡᠳ᠋ᠯᠡᠬᠦ ᠳᠤ ᠪᠠᠬᠢ ᠪᠠᠶᠢᠳᠠᠭ ᠤᠨᠴᠠᠯᠢᠭ ᠲᠠᠢ᠃ | ︵ᠬᠤᠶᠠᠷ︶ ᠰᠢᠷᠢᠮᠡᠯ — ᠰᠢᠷᠢᠮᠡᠯ ᠭᠡᠳᠡᠭ ᠤᠶᠤᠳᠠᠯ ᠨᠢ ᠡᠳ᠋ᠯᠡᠯ ᠪᠠᠷᠠᠭ᠎ᠠ ᠶᠢ ᠬᠠᠳᠠᠭᠤ ᠴᠢᠩᠭ᠎ᠠ᠂ ᠪᠠᠬᠢ | ᠪᠤᠯᠭᠠᠳᠠᠭ ᠤᠶᠤᠳᠠᠯ ᠪᠤᠯᠤᠨ᠎ᠠ᠃ ᠰᠢᠷᠢᠮᠡᠯ ᠢ ᠭᠤᠤᠯᠳᠠᠭᠤ ᠭᠤᠳᠤᠯ ᠱᠠᠬᠠᠢ᠂ ᠢᠰᠡᠭᠡᠢ ᠰᠢᠷᠢᠳᠡᠭ ᠳᠡᠭᠡᠷ᠎ᠡ | ᠬᠡᠷᠡᠭᠯᠡᠳᠡᠭ᠃ ᠰᠢᠷᠢᠮᠡᠯ ᠢ ᠵᠠᠰᠠᠭᠲᠤ ᠤᠶᠤᠳᠠᠯ ᠳᠤ ᠬᠡ ᠤᠭᠠᠯᠵᠠ ᠪᠠ ᠰᠢᠷᠢᠬᠦ ᠠᠷᠭ᠎ᠠ ᠪᠠᠷ ᠨᠢ ᠲᠦᠷᠪᠡᠨ ᠵᠤᠶᠢᠯ | ᠳᠤ ᠢᠯᠭᠠᠨ᠎ᠠ᠄ | 1᠂ ᠳᠠᠩ ᠰᠢᠷᠢᠮᠡᠯ — ᠳᠠᠩ ᠵᠡᠬᠦᠦ ᠤᠳᠠᠰᠦ ᠪᠠ ᠳᠠᠪᠬᠤᠷ ᠵᠡᠭᠦᠦ ᠤᠳᠠᠰᠦ ᠪᠠᠷ ᠵᠤᠯᠤᠭ ᠲᠦᠷᠡᠢ ᠳᠡᠭᠡᠷ᠎ᠡ ᠪᠠᠨ | ᠡᠮᠬᠢ ᠴᠡᠭᠴᠡᠳᠡᠢ ᠲᠦᠷᠪᠡᠯᠵᠢᠯᠡᠵᠦ ᠬᠠᠳᠬᠤᠬᠤ ᠶᠢ ᠬᠡᠯᠡᠨ᠎ᠡ᠃ | 2᠂ ᠱᠠᠭᠠᠵᠠᠭᠠᠢ ᠶᠢᠨ ᠬᠦᠯ ᠤᠨ ᠰᠢᠷᠢᠮᠡᠯ — ᠱᠠᠭᠠᠵᠠᠭᠠᠢ ᠶᠢᠨ ᠬᠦᠯ ᠤᠨ ᠡᠮᠦᠨ᠎ᠡ ᠳᠠᠯ᠎ᠠ ᠳᠤᠨᠢ ᠭᠤᠷᠪᠠᠨ | ᠰᠠᠯᠠᠭ᠎ᠠ ᠬᠢᠮᠤᠰᠦ ᠶᠢᠨ ᠮᠦᠷ ᠢ ᠳᠠᠭᠤᠷᠢᠶᠠᠵᠦ ᠤᠶᠤᠭᠰᠠᠨ ᠰᠢᠷᠢᠮᠡᠯ ᠢ ᠱᠠᠭᠠᠵᠠᠭᠠᠢ ᠶᠢᠨ ᠬᠦᠯ ᠤᠨ ᠰᠢᠷᠢᠮᠡᠯ ᠭᠡᠳᠡᠭ᠃ | ᠲᠤᠰ ᠰᠢᠷᠢᠮᠡᠯ ᠢ ᠰᠢᠷᠢᠬᠦ ᠳᠤ ᠳᠠᠩ᠂ ᠳᠠᠪᠬᠤᠷ ᠵᠡᠭᠦᠦ ᠳᠠᠩ ᠤᠳᠠᠰᠦ ᠪᠠᠷ ᠭᠤᠷᠪᠠᠨ ᠰᠠᠯᠠᠭ᠎ᠠ ᠪᠠᠷ ᠬᠠᠳᠬᠤᠵᠦ | ᠤᠶᠤᠨ᠎ᠠ᠃ | 3᠂ ᠰᠤᠷᠢᠰᠤᠨ ᠬᠤᠸᠠᠷ ︵ᠭᠤᠭᠤᠳ ᠤᠨ ᠬᠤᠸᠠᠷ︶ ᠤᠨ ᠰᠢᠷᠢᠮᠡᠯ — ᠬᠡᠭᠡᠷ᠎ᠡ ᠶᠢᠨ ᠭᠤᠭᠤᠳ ᠤᠨ ᠬᠤᠸᠠᠷ | ᠢᠶᠠᠷ ᠬᠦᠮᠦᠰ ᠰᠤᠷᠢᠰᠦ ᠭᠡᠳᠡᠭ ᠬᠤᠯᠢᠰᠢᠨ ᠢᠳᠡᠭᠡᠨ ᠬᠢᠳᠡᠭ ᠲᠤᠯᠠ ᠪᠠᠰᠠ ᠰᠣᠷᠢᠰᠣᠨ ᠬᠤᠸᠠᠷ ᠭᠡᠳᠡᠭ᠂ | ᠰᠤᠷᠢᠰᠤᠨ ᠬᠤᠸᠠᠷ ᠨᠢ ᠦᠷᠡᠯᠡᠵᠦ ᠪᠤᠯᠪᠠᠰᠤᠷᠠᠪᠠᠯ ᠵᠢᠵᠢᠭ ᠵᠢᠵᠢᠭ ᠲᠦᠷᠪᠡᠯᠵᠢᠨ ᠤᠷᠤᠢ ᠲᠠᠢ ᠲᠤᠯᠤᠭᠠᠶᠢᠯᠠᠳᠠᠭ᠃ | ᠡᠨᠡ ᠬᠦ ᠵᠢᠵᠢᠭ ᠲᠦᠷᠪᠡᠯᠵᠢᠨ ᠲᠦᠷᠦᠭᠦᠦ ᠶᠢ ᠳᠠᠭᠤᠷᠢᠶᠠᠵᠦ ᠬᠠᠳᠬᠤᠭᠰᠠᠨ ᠰᠢᠷᠢᠮᠡᠯ ᠢ ᠰᠤᠷᠢᠰᠤᠨ ᠬᠤᠸᠠᠷ ᠤᠨ | ᠰᠢᠷᠢᠮᠡᠯ ᠬᠡᠵᠦ ᠬᠡᠯᠡᠳᠡᠭ᠃ ᠲᠤᠰ ᠤᠶᠤᠳᠠᠯ ᠢ ᠪᠠᠰᠠ ᠳᠠᠩ ᠵᠡᠬᠦᠦ᠂ ᠳᠠᠩ ᠳᠠᠪᠬᠤᠷ ᠤᠳᠠᠰᠦ ᠪᠠᠷ ᠲᠦᠷᠪᠡᠯᠵᠢᠨ | ᠬᠤᠸᠠᠷᠯᠠᠵᠦ ᠰᠢᠷᠢᠵᠦ ᠤᠶᠤᠳᠠᠭ᠃ | 4᠂ ᠶᠢᠰᠦᠨ ᠵᠡᠭᠦᠦ ᠶᠢᠨ ᠰᠢᠷᠢᠮᠡᠯ — ᠳᠠᠩ ᠵᠡᠬᠦᠦ ᠳᠠᠩ ᠤᠳᠠᠰᠦ ᠪᠠᠷ ᠶᠢᠰᠦ ᠶᠢᠰᠦ ᠪᠠᠷ ᠪᠦᠯᠦᠭᠯᠡᠨ | ᠬᠠᠳᠬᠤᠵᠦ ᠰᠢᠷᠢᠵᠦ ᠤᠶᠤᠬᠤ ᠶᠢ ᠬᠡᠯᠡᠨ᠎ᠡ᠃ | ᠰᠢᠷᠢᠮᠡᠯ ᠤᠶᠤᠳᠠᠯ ᠤᠨ ᠳᠠᠪᠠᠭᠤᠯᠢᠭ ᠳᠠᠯ᠎ᠠ ᠨᠢ ᠤᠶᠤᠳᠠᠯᠴᠢᠨ ᠤ ᠤᠷᠠᠨ ᠪᠤᠶᠤ ᠰᠠᠯᠠᠩ ᠲᠠᠢ ᠳᠡᠮᠡᠢ ᠬᠤᠯᠪᠤᠭᠳᠠᠬᠤ | ᠦᠬᠡᠢ᠂ ᠦᠯᠢᠭᠡᠷ ᠬᠡ ᠳᠡᠮᠡᠢ ᠬᠡᠷᠡᠭᠰᠡᠬᠦ ᠦᠬᠡᠢ᠂ ᠤᠶᠤᠬᠤ ᠳᠤ ᠲᠦᠬᠦᠮ᠂ ᠴᠠᠭ ᠳᠤ ᠠᠷᠪᠢᠲᠠᠢ᠃ ᠰᠢᠷᠢᠮᠡᠯ | ᠤᠶᠤᠳᠠᠯ ᠲᠠᠢ ᠭᠤᠳᠤᠯ ᠱᠠᠬᠠᠢ᠂ ᠢᠰᠡᠭᠡᠢ ᠰᠢᠷᠢᠳᠡᠭ ᠨᠢ ᠡᠮᠦᠰᠴᠦ ᠡᠳ᠋ᠯᠡᠬᠦ ᠳᠤ ᠲᠤᠩ ᠪᠦᠬᠡ᠂ ᠠᠵᠢᠯ | ᠬᠦᠳᠡᠯᠮᠤᠷᠢ ᠶᠢᠨ ᠬᠠᠳᠠᠭᠤ ᠬᠠᠯᠠ ᠶᠢ ᠰᠠᠶᠢᠨ ᠳᠠᠭᠠᠭᠠᠳᠠᠭ᠃ | ︵ᠭᠤᠷᠪᠠ︶ ᠰᠢᠭᠯᠠᠭᠠᠷ — ᠰᠢᠭᠯᠠᠭᠠᠷ ᠨᠢ ᠲᠤᠭᠤᠴᠢᠶᠠᠷ ᠢ ᠪᠤᠳᠤᠪᠠᠯ ᠨᠡᠩ ᠲᠦᠭᠦᠮ ᠰᠢᠭ ᠤᠶᠤᠳᠠᠯ | ᠪᠤᠯᠤᠨ᠎ᠠ᠃ ᠰᠢᠭᠯᠠᠬᠤ ᠪᠤᠯ ᠳᠠᠩ ᠪᠤᠶᠤ ᠳᠠᠪᠬᠤᠷ ᠤᠳᠠᠰᠦ ᠰᠦᠪᠡᠯᠡᠵᠦ ᠵᠢᠷᠤᠮᠡᠯ ᠬᠡ ᠶᠢᠨ ᠳᠠᠭᠠᠦ ᠡᠮᠦᠨ᠎ᠡ | ᠬᠠᠳᠬᠤᠭᠰᠠᠨ ᠵᠡᠬᠦᠦ ᠶᠢᠨ ᠢᠶᠠᠨ ᠠᠷᠦ ︵ᠰᠡᠭᠦᠯ︶ ᠳᠡᠭᠡᠷ᠎ᠡ ᠤᠬᠤᠷᠢᠵᠦ ᠬᠠᠳᠬᠤᠨ ᠳᠠᠬᠢᠵᠦ ᠡᠮᠦᠨᠡᠰᠢ | ᠤᠷᠤᠭᠰᠢᠯᠠᠵᠦ ᠰᠡᠯᠪᠢᠵᠦ ᠤᠶᠤᠬᠤ ᠠᠷᠭ᠎ᠠ ᠪᠤᠯᠤᠨ᠎ᠠ᠃ ᠲᠦᠬᠦᠮ ᠢᠶᠠᠷ ᠬᠡᠯᠡᠪᠡᠯ ᠰᠢᠭᠯᠠᠬᠤ ᠪᠤᠯ ᠨᠢᠭᠡ ᠨᠦᠬᠡ ᠪᠠᠷ | ᠪᠤᠴᠠᠭᠠᠨ ᠬᠦᠭᠡᠭᠡᠵᠦ᠂ ᠵᠢᠭᠲᠡ ᠵᠠᠶᠢᠲᠠᠢ ᠠᠯᠭᠠᠰᠠᠯ ᠦᠬᠡᠢ ᠤᠶᠤᠬᠤ ᠶᠢ ᠬᠡᠯᠡᠨ᠎ᠡ᠃ | ᠰᠢᠭᠯᠠᠭᠠᠷ ᠤᠶᠤᠳᠠᠯ ᠮᠦᠨ ᠴᠦ ᠲᠦᠬᠦᠮ ᠬᠤᠷᠲᠤᠨ᠂ ᠪᠠᠬᠢᠯᠢᠭ᠌ ᠵᠡᠷᠭᠡ ᠳᠠᠪᠠᠭᠤ ᠳᠠᠯ᠎ᠠ ᠲᠠᠢ ᠲᠤᠯᠠ ᠭᠤᠲᠤᠯ | ᠱᠠᠬᠠᠢ ᠶᠢᠨ ᠲᠦᠷᠡᠢ ᠵᠤᠯᠤᠭ ᠳᠡᠭᠡᠷ᠎ᠡ ᠦᠷᠬᠦᠯᠵᠢ ᠤᠶᠤᠳᠠᠭ ᠪᠦᠬᠡᠳ ᠬᠠᠪᠤᠷ ᠵᠤᠨ ᠨᠠᠮᠤᠷ ᠤᠨ ᠬᠠᠨᠳᠠᠭᠠᠰᠦ | ᠦᠮᠦᠲᠦ᠂ ᠴᠡᠮᠴᠡ ᠶᠢᠨ ᠤᠶᠤᠳᠠᠯ ᠳᠡᠭᠡᠷ᠎ᠡ ᠴᠦ ᠦᠷᠬᠦᠯᠵᠢ ᠬᠡᠷᠡᠭᠯᠡᠳᠡᠭ ᠤᠶᠤᠳᠠᠯ ᠤᠨ ᠨᠢᠭᠡ ᠪᠤᠯᠤᠨ᠎ᠠ᠃ | ︵ᠲᠦᠷᠪᠡ︶ ᠤᠷᠢᠶᠠᠮᠠᠯ ︵ᠤᠷᠢᠶᠠᠬᠤ︶ — ᠤᠷᠠᠯᠠᠯ ᠭᠤᠶᠤᠯᠠᠯ ᠢ ᠬᠤᠤᠰᠯᠠᠭᠤᠯᠤᠭᠰᠠᠨ ᠡᠷᠡᠭᠲᠡᠢ | ᠡᠮᠡᠭᠲᠡᠢ ᠶᠢᠨ ᠭᠤᠲᠤᠯ ᠱᠠᠬᠠᠢ ᠳᠡᠭᠡᠷ᠎ᠡ ᠤᠷᠠᠯᠠᠨ ᠤᠶᠤᠳᠠᠭ ᠤᠯᠠᠮᠵᠢᠯᠠᠯᠲᠤ ᠤᠷ᠎ᠠ ᠮᠡᠷᠭᠡᠵᠢᠯ ᠤᠨ ᠤᠶᠢᠯᠠ ᠤᠶᠤᠳᠠᠯ | ᠤᠨ ᠨᠢᠭᠡ ᠲᠦᠷᠦᠯ ᠪᠤᠯᠤᠨ᠎ᠠ᠃ ᠤᠷᠢᠶᠠᠮᠠᠯ ᠤᠶᠤᠳᠠᠯ ᠤᠨ ᠪᠤᠰᠤᠳ ᠤᠶᠤᠳᠠᠯ ᠠᠴᠠ ᠢᠯᠭᠠᠭᠳᠠᠬᠤ ᠤᠨᠴᠠᠭᠠᠢ | ᠳᠠᠯ᠎ᠠ ᠨᠢ ᠬᠤᠶᠠᠷ ᠵᠡᠭᠦᠦ ᠬᠤᠶᠠᠷ ᠤᠳᠠᠰᠦ ᠪᠠᠷ ᠰᠢᠭᠯᠠᠬᠤ ᠪᠠ ᠬᠤᠶᠠᠷ ᠤᠶᠢᠯᠠ ᠶᠢ ᠨᠢᠭᠡ ᠳᠡᠭᠡᠷ᠎ᠡ | ᠤᠶᠠᠯᠳᠤᠭᠤᠯᠤᠨ ᠤᠶᠤᠬᠤ ᠶᠢ ᠬᠡᠯᠡᠨ᠎ᠡ᠃ ᠤᠷᠢᠶᠠᠮᠠᠯ ᠢ ᠲᠦᠷᠪᠡᠨ ᠲᠦᠷᠦᠯ ᠳᠤ ᠬᠤᠪᠢᠶᠠᠨ᠎ᠠ᠄ | 1᠂ ᠳᠠᠩ ᠤᠷᠢᠶᠠᠮᠠᠯ — ᠳᠠᠩ ᠤᠷᠢᠶᠠᠮᠠᠯ ᠭᠡᠳᠡᠭ ᠨᠢ ᠳᠠᠩ᠂ ᠳᠠᠪᠬᠤᠷ ᠤᠳᠠᠰᠦ ᠰᠦᠪᠡᠯᠡᠭᠰᠡᠨ ᠵᠡᠬᠦᠦ ᠣᠳᠠᠰᠦ | ᠪᠠᠨ ᠲᠦᠷᠡᠢ ᠵᠤᠯᠤᠭ ᠤᠨ ᠠᠷᠦ ᠳᠠᠯ᠎ᠠ ᠠᠴᠠ ᠦᠩᠬᠡᠨ ᠳᠠᠯ᠎ᠠ ᠦᠬᠡᠳᠡ ᠬᠠᠳᠬᠤᠵᠦ ᠭᠠᠷᠭᠠᠨ ᠵᠡᠬᠦᠦ ᠶᠢᠨ | ᠦᠵᠦᠭᠦᠷ ᠲᠤ ᠨᠦᠬᠦᠭᠡ ᠵᠡᠬᠦᠦ ᠶᠢᠨ ᠡᠷᠴᠢᠮᠯᠡᠭᠰᠡᠨ ᠤᠳᠠᠰᠦ ᠪᠠᠷ ᠤᠷᠢᠶᠠᠭᠰᠠᠨ ᠤ ᠳᠠᠷᠠᠭ᠎ᠠ᠂ ᠲᠦᠷᠦᠬᠦᠨ ᠤ ᠵᠡᠬᠦᠦ | ᠪᠠᠷ ᠢᠶᠠᠨ ᠳᠠᠷᠤᠵᠦ ᠰᠢᠭᠯᠠᠬᠤ ᠠᠷᠭ᠎ᠠ ᠪᠠᠷ ᠣᠷᠤᠭᠰᠢᠯᠠᠨ ᠤᠶᠤᠬᠤ ᠶᠢ ᠬᠡᠯᠡᠨ᠎ᠡ᠃ ᠤᠷᠢᠶᠠᠮᠠᠯ ᠨᠢ ᠰᠢᠭᠯᠠᠬᠤ ᠪᠠ | ᠤᠷᠢᠶᠠᠬᠤ ᠬᠤᠶᠠᠷ ᠢ ᠨᠢᠭᠡᠳᠭᠡᠭᠰᠡᠨ ᠤᠶᠤᠳᠠᠯ ᠶᠤᠮ᠃ | 2᠂ ᠳᠠᠪᠬᠤᠷ ᠤᠷᠢᠶᠠᠮᠠᠯ — ᠳᠠᠪᠬᠤᠷ ᠤᠷᠢᠶ᠋ᠮᠠᠯ ᠭᠡᠳᠡᠭ ᠨᠢ ᠤᠶᠤᠵᠦ ᠤᠷᠢᠶᠠᠬᠤ ᠶᠠᠪᠤᠴᠠ ᠨᠢ ᠳᠠᠩ ᠤᠷᠢᠶᠠᠮᠠᠯ | ᠲᠠᠢ ᠦᠨᠳᠦᠰᠦᠨ ᠳᠡᠭᠡᠨ ᠠᠳᠠᠯᠢ ᠪᠠᠶᠢᠵᠦ᠂ ᠵᠦᠪᠬᠡᠨ ᠳᠠᠷᠤᠵᠦ ᠰᠢᠭᠯᠠᠬᠤ ᠵᠡᠬᠦᠦ ᠪᠠᠨ ᠬᠤᠶᠠᠷ ᠮᠦᠷ ᠢᠶᠠᠷ | ᠵᠡᠷᠭᠡᠴᠡᠭᠦᠯᠦᠨ ᠬᠠᠳᠬᠤᠵᠦ᠂ ᠡᠷᠴᠢᠮᠯᠡᠭᠰᠡᠨ ᠤᠳᠠᠰᠦ ᠪᠠᠨ ᠬᠤᠶᠠᠷ ᠨᠢᠷᠤᠭᠤ ᠶᠢ ᠵᠡᠷᠭᠡᠴᠡᠭᠦᠯᠦᠨ ᠤᠷᠢᠶᠠᠵᠦ ᠳᠠᠷᠤᠵᠢ | ᠰᠢᠭᠯᠠᠪᠠᠯ ᠬᠡᠳᠡᠰᠦ ᠨᠢ ᠬᠤᠶᠠᠷ ᠨᠢᠷᠤᠭᠤᠨ ᠤ ᠬᠤᠶᠠᠷ ᠲᠠᠯ᠎ᠠ ᠳᠤᠨᠢ ᠭᠠᠷᠴᠦ ᠤᠷᠢᠶᠠᠮᠠᠯ ᠦᠷᠬᠡᠨ ᠪᠤᠯᠵᠦ | ᠬᠠᠷᠠᠭᠳᠠᠳᠠᠭ᠃ | 3᠂ ᠰᠤᠯᠪᠢᠴᠠᠭᠤᠯᠤᠨ ᠤᠷᠢᠶᠠᠬᠤ — ᠰᠤᠯᠪᠢᠴᠠᠭᠤᠯᠤᠨ ᠤᠷᠢᠶᠠᠬᠤ ᠨᠢ ᠳᠠᠪᠬᠤᠷ ᠤᠷᠢᠶᠠᠮᠠᠯ ᠲᠠᠢ ᠦᠨᠳᠦᠰᠦᠨ | ᠳᠡᠭᠡᠨ ᠠᠳᠠᠯᠢ ᠪᠤᠯᠪᠠᠴᠦ ᠰᠢᠭᠯᠠᠬᠤ ᠵᠡᠭᠦᠦ ᠪᠠᠨ ᠵᠡᠷᠭᠡᠴᠡᠭᠦᠯᠦᠨ ᠬᠠᠳᠬᠤᠵᠦ᠂ ᠡᠷᠴᠢᠮᠯᠡᠭᠰᠡᠨ ᠤᠳᠠᠰᠦ ᠪᠠᠨ | ᠰᠤᠯᠪᠢᠴᠠᠭᠤᠯᠤᠨ ᠰᠤᠯᠢᠵᠦ ᠤᠷᠢᠶᠠᠨ ᠳᠠᠷᠤᠵᠦ ᠰᠢᠭᠯᠠᠬᠤ ᠶᠢ ᠬᠡᠯᠡᠨ᠎ᠡ᠃ ᠡᠨᠡ ᠬᠦ ᠤᠷᠢᠶᠠᠮᠠᠯ ᠨᠢ ᠪᠠᠰᠠ ᠨᠢᠭᠡ | ᠦᠬᠡᠷ᠎ᠡ ᠬᠡᠯᠪᠡᠷᠢ ᠪᠠᠷ ᠦᠵᠡᠭᠳᠡᠳᠡᠭ᠃ | 4᠂ ᠭᠤᠷᠪᠠᠨ ᠵᠡᠬᠦᠦ ᠪᠠᠷ ᠲᠤᠭᠤᠴᠢᠵᠦ ᠤᠷᠢᠶᠠᠬᠤ — ᠤᠷᠢᠶᠠᠮᠠᠯ ᠨᠢ ᠭᠤᠷᠪᠠᠨ ᠵᠡᠬᠦᠦ ᠤᠷᠢᠶᠠᠪᠠᠯ ᠭᠤᠷᠪᠠᠨ | ᠵᠡᠬᠦᠦ ᠬᠢᠷᠤᠭᠡᠨ ᠰᠢᠲᠦ ᠭᠠᠷᠭᠠᠨ ᠭᠤᠭᠴᠤᠭ᠎ᠠ ᠠᠯᠳᠠᠯᠠᠨ ᠤᠶᠤᠵᠦ᠂ ᠤᠷᠢᠶᠠᠮᠠᠯ ᠪᠠ ᠲᠤᠭᠤᠴᠢᠶᠠᠷ ᠢ ᠵᠠᠯᠭᠠᠵᠦ | ᠤᠷᠠᠯᠠᠬᠤ ᠶᠢ ᠬᠡᠯᠡᠨ᠎ᠡ᠃ ᠡᠨᠡ ᠤᠶᠤᠳᠠᠯ ᠨᠢ ᠬᠤᠷᠲᠤᠨ ᠮᠦᠷᠳᠡᠭᠡᠨ ᠤᠳᠠᠰᠦᠨ ᠳᠤ ᠭᠠᠮᠳᠠᠢ ᠪᠠᠶᠢᠵᠦ᠂ ᠦᠵᠡᠬᠦ | ᠳᠤ ᠪᠠᠰᠠ ᠭᠤᠶᠤᠮᠰᠤᠭ ᠬᠠᠷᠠᠭᠳᠠᠳᠠᠭ᠃ | ᠤᠷᠢᠢᠶᠠᠮᠠᠯ ᠤᠶᠤᠳᠠᠯ ᠤᠷᠠᠯᠠᠯ ᠤᠨ ᠳᠠᠪᠠᠭᠤᠯᠢᠭ ᠲᠠᠯ᠎ᠠ ᠨᠢ ᠦᠵᠡᠮᠤᠷᠢ ᠶᠢᠨ ᠲᠠᠯ᠎ᠠ ᠪᠠᠷ ᠭᠤᠶᠤ᠂ ᠤᠷ᠎ᠠ ᠮᠡᠷᠭᠡᠵᠢᠯ | ᠦᠨᠳᠦᠷ᠂ ᠭᠡᠳᠡᠯ᠎ᠡ ᠪᠦᠬᠡ ᠶᠢᠨ ᠳᠠᠯ᠎ᠠ ᠪᠠᠷ ᠲᠤᠭᠤᠴᠢᠶᠠᠷ᠂ ᠰᠢᠭᠯᠠᠭᠠᠷ᠂ ᠰᠢᠷᠢᠮᠡᠯ ᠳᠤ ᠬᠦᠷᠬᠦ ᠦᠬᠡᠢ ᠪᠠᠶᠢᠳᠠᠭ᠃ | ᠤᠷᠢᠶᠠᠮᠠᠯ ᠢ ᠭᠤᠤᠯᠳᠠᠭᠤ ᠭᠤᠳᠤᠯ ᠱᠠᠬᠠᠢ ᠶᠢᠨ ᠵᠤᠯᠤᠭ ᠳᠡᠭᠡᠷ᠎ᠡ ᠤᠷᠠᠯᠠᠳᠠᠭ ᠪᠦᠬᠡᠳ ᠡᠷᠡᠭᠲᠡᠢ ᠡᠮᠡᠭᠲᠡᠢ ᠶᠢᠨ ᠬᠢ | ᠶᠢ ᠤᠳᠠᠰᠤᠨ ᠤ ᠦᠩᠬᠡ ᠪᠠᠷ ᠢᠯᠭᠠᠵᠦ ᠤᠶᠤᠳᠠᠭ᠃ ᠡᠷᠡᠭᠲᠡᠢ ᠬᠦᠮᠦᠨ ᠤ ᠭᠤᠳᠤᠯ ᠢ ᠬᠠᠷ᠎ᠠ᠂ ᠬᠦᠬᠡ᠂ | ᠨᠤᠭᠤᠭᠠᠨ᠂ ᠴᠡᠩᠭᠡᠷ ᠢᠶᠠᠷ ᠤᠷᠢᠶᠠᠵᠦ᠂ ᠡᠮᠡᠭᠲᠡᠢ ᠬᠦᠮᠦᠨ ᠤ ᠬᠢ ᠶᠢ ᠤᠯᠠᠭᠠᠨ᠂ ᠨᠤᠭᠤᠭᠠᠨ᠂ ᠶᠠᠭᠠᠨ᠂ ᠬᠤᠨᠳᠠᠨ | ᠦᠩᠭᠡ ᠶᠢᠨ ᠤᠳᠠᠰᠦ ᠪᠠᠷ ᠤᠶᠤᠳᠠᠭ᠃ | ︵ᠲᠠᠪᠤ︶ ᠬᠠᠳᠬᠤᠮᠠᠯ — ᠬᠠᠳᠬᠤᠮᠠᠯ ᠨᠢ ᠠᠮᠢᠲᠤ ᠲᠦᠷᠰᠦᠯᠢᠭ ᠢᠶᠠᠷ ᠠᠭᠤᠯᠠ ᠤᠰᠤ᠂ ᠤᠷᠭᠤᠮᠠᠯ | ᠪᠤᠳᠠᠰ᠂ ᠠᠮᠢᠲᠠᠨ ᠭᠤᠤᠯᠳᠠᠨ ᠤ ᠲᠦᠷᠰᠦ ᠶᠢ ᠤᠷᠠᠯᠠᠨ ᠬᠠᠳᠬᠤᠨ ᠤᠶᠤᠳᠠᠭ ᠤᠯᠠᠮᠵᠢᠯᠠᠯᠲᠤ ᠤᠷ᠎ᠠ ᠮᠡᠷᠭᠡᠵᠢᠯ | ᠪᠤᠯᠤᠨ᠎ᠠ᠃ ᠬᠠᠳᠬᠤᠮᠠᠯ ᠨᠢ ᠭᠤᠳᠤᠯ ᠱᠠᠬᠠᠢ᠂ ᠳᠡᠪᠡᠯ ᠲᠡᠷᠯᠢᠭ᠂ ᠤᠤᠵᠢ ᠴᠤᠪᠠ᠂ ᠳᠡᠷᠡ᠂ ᠮᠠᠯᠠᠭᠠᠢ ᠴᠢᠬᠢᠪᠴᠢ᠂ | ᠤᠭᠤᠳᠠ ᠬᠠᠪᠳᠠᠭ᠎ᠠ᠂ ᠵᠡᠬᠦᠪᠴᠢ᠂ ᠳᠡᠯᠢᠩ ᠴᠢᠶᠠᠨᠳᠠᠰᠠ ᠵᠡᠷᠭᠡ ᠬᠤᠪᠴᠠᠰᠦ ᠭᠤᠳᠤᠯ ᠡᠳ᠋ᠯᠡᠯ ᠵᠠᠰᠠᠯ ᠤᠨ ᠳᠡᠭᠡᠷ᠎ᠡ | ᠤᠷᠠᠯᠠᠨ ᠬᠠᠳᠬᠤᠳᠠᠭ ᠤᠶᠤᠳᠠᠯ ᠪᠤᠯᠤᠨ᠎ᠠ᠃ ᠲᠤᠷᠭᠠᠨ ᠤᠳᠠᠰᠦ ᠨᠢ ᠠᠷᠪᠠᠨ ᠬᠤᠶᠠᠷ ᠠᠴᠠ ᠬᠤᠷᠢᠨ ᠲᠦᠷᠪᠡᠨ | ᠦᠩᠭᠡ ᠪᠠᠶᠢᠵᠦ᠂ ᠬᠠᠳᠬᠤᠮᠠᠯ ᠤᠶᠤᠳᠠᠯ ᠨᠢ ᠲᠠᠪᠤᠨ ᠵᠤᠶᠢᠯ ᠤᠨ ᠠᠷᠭ᠎ᠠ ᠪᠠᠷ ᠬᠠᠳᠬᠤᠳᠠᠭ ᠶᠤᠮ᠃ | 1᠂ ᠳᠠᠩ ᠬᠠᠳᠬᠤᠮᠠᠯ — ᠤᠷᠠᠯᠠᠬᠤ ᠵᠢᠷᠤᠭ ᠦᠯᠢᠭᠡᠷ ᠤᠨ ᠠᠯᠢ ᠨᠢᠭᠡ ᠬᠡᠰᠡᠭ ᠢ ᠨᠢᠭᠡ ᠯᠡ ᠦᠩᠬᠡ ᠶᠢᠨ | ᠤᠳᠠᠰᠦ ᠪᠠᠷ ᠬᠠᠳᠬᠤᠵᠦ ᠤᠷᠠᠯᠠᠬᠤ ᠶᠢ ᠬᠡᠯᠡᠳᠡᠭ᠃ ᠵᠢᠱᠢᠶᠡᠯᠡᠪᠡᠯ᠄ ᠨᠢᠭᠡ ᠵᠢᠮᠢᠰ᠂ ᠨᠢᠭᠡ ᠬᠦᠢᠰ ᠴᠡᠴᠡᠭ᠂ | ᠴᠡᠴᠡᠭ ᠤᠨ ᠦᠷ᠎ᠡ᠂ ᠡᠰᠢ᠂ ᠨᠠᠪᠴᠢ ᠶᠢ ᠲᠤᠰ ᠪᠦᠷᠢ ᠨᠢᠭᠡ ᠯᠡ ᠴᠤᠯ ᠦᠩᠬᠡ ᠪᠠᠷ ᠬᠠᠳᠬᠤᠵᠦ ᠭᠠᠷᠭᠠᠬᠤ ᠶᠢ | ᠬᠡᠯᠡᠨ᠎ᠡ᠃ | 2᠂ ᠰᠠᠮᠨᠠᠵᠦ ᠬᠠᠳᠬᠤᠬᠤ — ᠦᠯᠢᠭᠡᠷ ᠵᠢᠷᠤᠭ ᠤᠨ ᠨᠢᠭᠡ ᠬᠡᠰᠡᠭ ᠢ ᠬᠠᠳᠬᠤᠬᠤ ᠳᠠᠭᠠᠨ ᠬᠤᠶᠠᠷ ᠪᠤᠶᠤ | ᠭᠤᠷᠪᠠ ᠠᠴᠠ ᠳᠡᠭᠡᠭᠰᠢ ᠦᠩᠭᠡ ᠶᠢᠨ ᠲᠤᠷᠭᠠᠨ ᠤᠳᠠᠰᠦ ᠪᠠᠷ ᠦᠩᠬᠡ ᠬᠤᠯᠢᠯᠳᠤᠭᠤᠯᠤᠨ ᠰᠠᠮᠨᠠᠵᠦ ᠠᠯᠠᠭᠯᠠᠨ | ᠤᠶᠤᠬᠤ ᠠᠷᠭ᠎ᠠ ᠶᠢ ᠬᠡᠯᠡᠳᠡᠭ᠃ ᠢᠩᠬᠢᠪᠡᠯ ᠴᠡᠴᠡᠭ ᠨᠠᠪᠴᠢ ᠶᠢᠨ ᠦᠩᠭᠡ ᠪᠡᠶ᠎ᠡ ᠨᠢ ᠢᠯᠭᠠᠷᠠᠨ ᠲᠤᠶᠠᠭᠠᠷᠠᠵᠦ | ᠭᠤᠶᠤ ᠬᠠᠷᠠᠭᠳᠠᠳᠠᠭ ᠶᠤᠮ᠃ | 3᠂ ᠳᠡᠭᠳᠡᠷᠯᠡᠵᠦ ︵ᠬᠠᠮᠵᠢᠭᠤᠯᠵᠦ︶ ᠬᠳᠬᠤᠬᠤ — ᠠᠮᠢᠳᠠᠨ ᠭᠤᠤᠯᠳᠠᠨ ᠪᠤᠯᠤᠨ ᠴᠡᠴᠡᠭ ᠮᠤᠲᠤ ᠶᠢᠨ ᠪᠦᠬᠦ | ᠪᠡᠶ᠎ᠡ ᠶᠢ ᠬᠡᠳᠦᠨ ᠦᠩᠭᠡ ᠶᠢᠨ ᠲᠤᠷᠭᠠᠨ ᠤᠳᠠᠰᠦ ᠪᠠᠷ ᠬᠦᠨ ᠠᠴᠠ ᠬᠦᠢᠬᠡᠨ ᠵᠦᠭ ᠳᠡᠭᠳᠡᠷᠯᠡᠨ ᠠᠯᠠᠭᠯᠠᠵᠦ | ᠤᠶᠤᠬᠤ ᠶᠢ ᠬᠡᠯᠡᠨ᠎ᠡ᠃ | 4᠂ ᠬᠠᠭᠠᠯᠵᠦ ᠬᠠᠳᠬᠤᠬᠤ — ᠴᠡᠴᠡᠭ ᠮᠤᠲᠤ ᠶᠢᠨ ᠦᠷ᠎ᠡ ᠵᠢᠮᠢᠰ ᠪᠤᠶᠤ ᠨᠠᠪᠴᠢ ᠨᠠᠬᠢᠶ᠎ᠠ ᠶᠢ ᠬᠠᠳᠬᠤᠬᠤ | ᠳᠠᠭᠠᠨ ᠤᠶᠤᠬᠤ ᠬᠡᠰᠡᠭ ᠤᠨ ᠪᠡᠶ᠎ᠡ ᠶᠢᠨ ᠭᠤᠤᠯ ᠠᠴᠠ ᠨᠢ ᠬᠤᠶᠠᠷ ᠳᠡᠶᠢᠰᠢ ᠬᠠᠭᠠᠯᠵᠦ ᠤᠶᠤᠬᠤ ᠶᠢ ᠬᠡᠯᠡᠨ᠎ᠡ᠃ | 5᠂ ᠭᠠᠳᠠᠨ᠎ᠠ ᠠᠴᠠ ᠲᠤᠲᠤᠭᠰᠢ ᠬᠤᠮᠢᠵᠦ ᠬᠠᠳᠬᠤᠬᠤ — ᠵᠢᠷᠤᠭ ᠤᠨ ᠨᠢᠭᠡ ᠬᠡᠰᠡᠭ ᠢ ᠤᠶᠤᠬᠤ ᠳᠠᠭᠠᠨ | ᠤᠷᠢᠳ ᠢᠶᠠᠷ ᠭᠠᠳᠠᠷ ᠲᠠᠯ᠎ᠠ ᠠᠴᠠ ᠨᠢ ᠡᠬᠢᠯᠡᠵᠦ ᠲᠤᠲᠤᠭᠰᠢ ᠰᠢᠬᠠᠵᠦ ᠤᠶᠤᠬᠤ ᠶᠢ ᠬᠡᠯᠡᠨ᠎ᠡ᠃ ᠬᠳᠬᠤᠮᠠᠯ ᠤᠨ | ᠳᠠᠪᠠᠭᠤᠯᠢᠭ ᠰᠠᠶᠢᠨ ᠲᠠᠯ᠎ᠠ ᠨᠢ ᠵᠢᠷᠤᠭ ᠲᠦᠷᠰᠦ ᠨᠢ ᠦᠩᠭᠡ ᠢᠯᠭᠠᠷᠠᠨ᠂ ᠭᠤᠶᠤ ᠦᠵᠡᠮᠤᠷᠢ᠂ ᠠᠮᠢᠲᠤ | ᠲᠦᠷᠰᠦᠯᠢᠭ ᠨᠢ ᠤᠷᠠᠨ ᠬᠠᠳᠬᠤᠮᠠᠯᠴᠢᠨ ᠤ ᠤᠷ᠎ᠠ ᠠᠪᠢᠶᠠᠰ᠂ ᠴᠢᠳᠠᠪᠤᠷᠢ ᠮᠡᠷᠭᠡᠵᠢᠯ᠂ ᠤᠷᠠᠨ ᠤᠬᠠᠭᠠᠨ ᠢ | ᠲᠤᠲᠤᠷᠠᠭᠤᠯᠤᠨ᠂ ᠪᠠᠶᠠᠨ ᠪᠠᠶᠢᠭᠠᠯᠢ ᠶᠢᠨ ᠭᠠᠶᠢᠬᠠᠮᠰᠢᠭ ᠢ ᠬᠠᠳᠬᠤᠨ ᠢᠯᠡᠷᠡᠭᠦᠯᠵᠦ᠂ ᠬᠦᠮᠦᠰ ᠲᠤ ᠭᠤᠸ᠎ᠠ | ᠳᠠᠭᠠᠰᠢᠶᠠᠯ ᠢ ᠬᠦᠷᠲᠡᠭᠡᠲᠡᠭ᠃ ᠬᠠᠳᠬᠤᠮᠠᠯ ᠨᠢ ᠤᠷ᠎ᠠ ᠤᠬᠠᠭᠠᠨ᠂ ᠤᠶᠤᠳᠠᠯ ᠤᠨ ᠮᠡᠷᠭᠡᠵᠢᠯ ᠶᠡᠬᠡᠳᠡ | ᠱᠠᠭᠠᠷᠳᠠᠭᠳᠠᠵᠦ᠂ ᠬᠦᠴᠦ ᠬᠦᠳᠡᠯᠮᠤᠷᠢ ᠶᠡᠬᠡᠬᠡᠨ ᠤᠷᠤᠳᠠᠭ᠃ ᠬᠠᠳᠬᠤᠮᠠᠯ ᠤᠶᠤᠳᠠᠯ ᠨᠢ ᠡᠮᠡᠭᠲᠡᠢ ᠬᠦᠮᠦᠨ ᠤ | ᠡᠮᠦᠰᠬᠡᠯ ᠵᠠᠰᠠᠯ ᠳᠤ ᠢᠯᠡᠭᠦᠦ ᠪᠠᠶᠢᠵᠦ᠂ ᠡᠷᠡᠭᠲᠡᠢ ᠬᠦᠮᠦᠨ ᠤ ᠡᠮᠦᠰᠬᠡᠯ ᠵᠠᠰᠠᠯ ᠳᠤ ᠴᠦᠬᠡᠨ ᠬᠡᠷᠡᠭᠯᠡᠳᠡᠭ᠃ | ︵ᠵᠢᠷᠭᠤᠭ᠎ᠠ︶ ᠨᠠᠭᠠᠮᠠᠯ — ᠨᠠᠭᠠᠮᠠᠯ ᠪᠤᠯ ᠵᠠᠰᠠᠭᠲᠤ ᠬᠤᠷᠴᠢᠨᠴᠤᠳ ᠤᠨ ᠭᠠᠷ ᠤᠶᠤᠳᠠᠯ ᠤᠷᠠᠯᠠᠯ ᠤᠨ | ᠪᠡᠯᠭᠡ ᠳᠡᠮᠳᠡᠭ ᠪᠤᠯᠤᠭᠰᠠᠨ ᠪᠤᠰᠤᠳ ᠭᠠᠵᠠᠷ ᠤᠷᠤᠨ ᠢᠶᠠᠷ ᠳᠡᠮᠡᠢ ᠬᠠᠷᠠᠭᠳᠠᠳᠠᠭ ᠦᠬᠡᠢ ᠨᠤᠲᠤᠭ ᠤᠨ ᠤᠨᠴᠠᠯᠢᠭ | ᠲᠠᠢ ᠦᠪᠡᠷᠮᠢᠴᠡ ᠤᠶᠤᠳᠠᠯ ᠤᠷᠠᠯᠠᠯ ᠪᠤᠯᠤᠨ᠎ᠠ᠃ | ᠨᠠᠭᠠᠮᠠᠯ ᠨᠢ ᠦᠩᠭᠡ ᠶᠢᠨ ᠲᠤᠷᠭ᠎ᠠ᠂ ᠪᠦᠰ᠂ ᠴᠢᠰᠴᠠᠦ᠂ ᠬᠤᠷᠭᠤᠢ ᠵᠡᠷᠭᠡ ᠶᠢᠨ ᠦᠬᠡᠳᠡᠰᠦ ᠪᠠᠷ ᠠᠮᠢᠳᠠᠨ | ᠤᠷᠭᠤᠮᠠᠯ᠂ ᠴᠡᠴᠡᠭ ᠨᠠᠪᠴᠢ᠂ ᠦᠷ᠎ᠡ ᠵᠢᠮᠢᠰ ᠤᠨ ᠵᠢᠷᠤᠭ ᠲᠦᠷᠰᠦ ᠶᠢ ᠮᠤᠩᠭᠤᠯ ᠭᠤᠳᠤᠯ ᠱᠠᠬᠠᠢ᠂ ᠳᠡᠷᠡ ᠶᠢᠨ | ᠲᠦᠷᠦᠬᠦᠦ᠂ ᠳᠠᠮᠠᠬᠢᠨ ᠤᠭᠤᠳᠠ᠂ ᠬᠠᠪᠳᠠᠭ᠎ᠠ ᠳᠡᠯᠢᠩ᠂ ᠤᠤᠵᠢ ᠴᠤᠪᠠ᠂ ᠴᠢᠬᠢᠪᠴᠢ ᠵᠡᠭᠦᠪᠴᠢ ᠡᠮᠡᠭᠡᠯ ᠤᠨ | ᠳᠡᠪᠰᠡ ᠵᠡᠷᠭᠡ ᠶᠢᠨ ᠳᠡᠭᠡᠷ᠎ᠡ ᠬᠡᠰᠡᠭᠯᠡᠨ ᠰᠡᠶᠢᠯᠵᠦ ᠨᠠᠭᠠᠯᠳᠤᠭᠤᠯᠵᠦ ᠪᠦᠲᠦᠭᠡᠭᠰᠡᠨ ᠭᠠᠷ ᠤᠶᠤᠳᠠᠯ ᠤᠨ ᠤᠨᠴᠠᠭᠠᠢ | ᠨᠢᠭᠡ ᠲᠦᠷᠦᠯ ᠪᠤᠯᠤᠨ᠎ᠠ᠃ | ᠨᠠᠭᠠᠮᠠᠯ ᠢ ᠨᠠᠭᠠᠬᠤ ᠳᠠᠭᠠᠨ ᠤᠷᠢᠳ ᠢᠶᠠᠷ ᠦᠯᠢᠭᠡᠷ ᠵᠢᠷᠤᠭ ᠢᠶᠠᠷ ᠵᠢᠷᠤᠵᠦ᠂ ᠬᠡᠰᠡᠭᠯᠡᠨ ᠰᠤᠩᠭᠤᠵᠦ ᠭᠠᠷᠭᠠᠭᠠᠳ | ᠲᠤᠰ ᠵᠢᠷᠤᠭ ᠢᠶᠠᠨ ᠳᠠᠬᠢᠨ ᠴᠠᠭᠠᠰᠤᠨ ᠳᠡᠭᠡᠷ᠎ᠡ ᠪᠠᠭᠤᠯᠭᠠᠵᠦ ᠰᠡᠶᠢᠯᠤᠨ ᠠᠪᠴᠦ ᠨᠠᠭᠠᠮᠠᠯ ᠳᠤ ᠵᠠᠷᠤᠬᠤ ᠦᠩᠭᠡ ᠶᠢᠨ | ᠦᠬᠡᠳᠡᠰᠦ ᠪᠠᠨ ᠰᠤᠩᠭᠤᠨ ᠳᠡᠭᠡᠷ᠎ᠡ ᠨᠢ ᠨᠠᠭᠠᠨ᠎ᠠ᠃ ᠳᠠᠷᠠᠭ᠎ᠠ ᠨᠢ ᠡᠨᠡ ᠬᠦ ᠴᠠᠷᠳᠠᠭᠰᠠᠨ ᠨᠠᠭᠠᠮᠠᠯ ᠲᠠᠢ ᠪᠦᠰ ᠢᠶᠠᠨ | ᠬᠠᠶᠢᠴᠢᠯᠠᠨ ᠪᠠᠭᠤᠯᠭᠠᠵᠦ ᠰᠢᠯ ᠪᠤᠶᠤ ᠲᠤᠯᠢ ᠮᠡᠲᠦ ᠳᠡᠭᠰᠢ ᠬᠦᠯᠢᠭᠡᠷ ᠶᠠᠭᠤᠮᠠᠨ ᠳᠡᠭᠡᠷ᠎ᠡ ᠨᠠᠭᠠᠮᠠᠯ ᠵᠢᠷᠤᠭ ᠤᠨ | ᠬᠦᠪᠡᠭᠡ ᠶᠢ ᠵᠠᠰᠠᠵᠦ ᠬᠡᠯᠪᠡᠷᠢᠵᠢᠭᠦᠯᠦᠭᠡᠳ᠂ ᠤᠤᠯ ᠦᠯᠢᠭᠡᠷ ᠵᠢᠷᠤᠭ ᠤᠨ ᠶᠤᠰᠤᠭᠠᠷ ᠬᠠᠷᠭᠤᠭᠤᠯᠤᠨ | ᠨᠠᠭᠠᠯᠳᠤᠭᠤᠯᠵᠦ ᠪᠦᠲᠦᠭᠡᠨ᠎ᠡ᠃ ᠳᠡᠭᠡᠭᠡᠳ ᠬᠠᠳᠠᠭᠰᠠᠨ ᠨᠠᠭᠠᠮᠠᠯ ᠵᠢᠷᠤᠭ ᠲᠦᠷᠰᠦ ᠪᠠᠨ ᠭᠤᠳᠤᠯ ᠱᠠᠬᠠᠢ ᠶᠢᠨ | ᠲᠦᠷᠡᠢ ᠵᠤᠯᠤᠭ ᠪᠤᠶᠤ ᠤᠭᠤᠳᠠ ᠬᠠᠪᠳᠠᠭ᠎ᠠ ᠶᠢᠨ ᠳᠤᠭᠳᠠᠭᠰᠠᠨ ᠭᠠᠵᠠᠷ ᠲᠠᠭᠠᠨ ᠨᠠᠭᠠᠯᠳᠤᠭᠤᠯᠤᠨ ᠳᠤᠭᠳᠠᠭᠠᠭᠰᠠᠨ | ᠬᠤᠶᠢᠨ᠎ᠠ᠂ ᠳᠡᠭᠡᠷ᠎ᠡ ᠠᠴᠠ ᠨᠢ ᠬᠦᠨᠳᠦ ᠰᠢᠭ ᠶᠠᠭᠤᠮ᠎ᠠ ᠤᠯᠵᠦ ᠳᠠᠷᠤᠰᠢᠭᠤᠯᠵᠦ ᠳᠠᠯᠪᠢᠨ᠎ᠠ᠃ ᠳᠠᠷᠤᠰᠢᠵᠦ | ᠬᠠᠳᠠᠭᠰᠠᠨ ᠬᠤᠶᠢᠨ᠎ᠠ᠂ ᠨᠠᠭᠠᠮᠠᠯ ᠤᠨ ᠢᠶᠠᠨ ᠬᠦᠪᠡᠭᠡ ᠳᠠᠭᠠᠦ ᠨᠢ ᠳᠠᠩ᠂ ᠳᠠᠪᠬᠤᠷ ᠮᠦᠷ ᠢᠶᠠᠷ ᠰᠢᠭᠯᠠᠵᠦ ᠤᠶᠤᠬᠤ | ᠪᠤᠶᠤ ᠳᠠᠷᠤᠵᠦ ᠨᠦᠬᠦᠨ ᠪᠠᠬᠢᠯᠡᠨ ᠰᠠᠭᠤᠯᠭᠠᠵᠦ ᠤᠶᠤᠨ᠎ᠠ᠃ ᠨᠠᠭᠠᠮᠠᠯ ᠢ ᠰᠢᠭᠯᠠᠬᠤ ᠪᠠ ᠳᠠᠷᠤᠵᠦ ᠨᠦᠬᠦᠬᠦ ᠳᠤ | ᠶᠤᠰᠤᠲᠠᠢ ᠤᠶᠤᠳᠠᠯᠴᠢᠨ ᠤ ᠤᠷᠠᠨ ᠢ ᠰᠢᠯᠭᠠᠳᠠᠭ᠃ | ᠨᠠᠭᠠᠮᠠᠯ ᠬᠤᠸᠠᠷ ᠤᠨ ᠤᠷᠠᠯᠠᠯ ᠨᠢ ᠬᠦᠴᠢᠷ ᠲᠦᠪᠡᠭᠲᠡᠢ᠂ ᠴᠠᠭ ᠪᠠ ᠬᠦᠳᠡᠯᠮᠦᠷᠢ ᠢᠯᠡᠬᠦᠦ ᠬᠡᠷᠡᠭᠰᠡᠵᠦ ᠪᠠᠶᠢᠳᠠᠭ᠃ | ᠬᠡᠶ᠎ᠡ ᠦᠨ᠎ᠡ ᠲᠠᠢ ᠶᠠᠭᠤᠮ᠎ᠠ ᠪᠡᠨ᠎ᠡ ᠲᠠᠢ ᠭᠡᠳᠡᠭ ᠢᠶᠠᠷ ᠨᠠᠭᠠᠮᠠᠯ ᠨᠢ ᠦᠵᠡᠬᠦ ᠳᠤ ᠭᠤᠶᠤ ᠠᠮᠢᠳᠤᠯᠢᠭ ᠮᠦᠷᠳᠡᠭᠡᠨ | ᠦᠩᠬᠡ ᠢᠯᠭᠠᠷᠠᠮ᠎ᠠ ᠪᠠᠶᠢᠵᠦ᠃ ᠡᠳ᠋ᠯᠠᠵᠦ ᠡᠮᠦᠰᠬᠦ ᠳᠤ ᠬᠠᠳᠬᠤᠮᠠᠯ ᠢ ᠪᠤᠳᠤᠪᠠᠯ ᠪᠠᠬᠢᠯᠢᠭ᠌ ᠪᠠᠶᠢᠳᠠᠭ᠃ ᠨᠠᠭᠠᠮᠠᠯ ᠨᠢ | ᠮᠦᠨ ᠴᠦ ᠡᠮᠡᠭᠲᠡᠢ ᠬᠦᠮᠦᠨ ᠤ ᠬᠤᠪᠴᠠᠰᠦ ᠵᠠᠰᠠᠯ ᠳᠤ ᠢᠯᠡᠭᠦᠦ ᠬᠡᠷᠡᠭᠯᠡᠵᠦ᠂ ᠡᠷᠡᠭᠲᠡᠢ ᠬᠦᠮᠦᠨ ᠤ ᠬᠠᠪᠳᠠᠭ᠎ᠠ᠂ | ᠳᠠᠮᠠᠬᠢᠨ ᠤᠭᠤᠳᠠ᠂ ᠳᠠᠯᠢᠩ᠂ ᠡᠮᠡᠭᠡᠯ ᠤᠨ ᠳᠡᠪᠰᠡ ᠳᠤ ᠯᠡ ᠬᠡᠷᠡᠭᠯᠡᠳᠡᠭ᠃ | ︵ᠲᠤᠯᠤᠭ᠎ᠠ︶ ᠰᠡᠶᠢᠯᠤᠮᠠᠯ — ᠰᠡᠶᠢᠯᠤᠮᠠᠯ ᠤᠷᠠᠯᠠᠯ ᠮᠡᠷᠭᠡᠵᠢᠯ ᠤᠨ ᠤᠶᠤᠳᠠᠯ ᠨᠢ ᠬᠤᠷᠴᠢᠨ ᠮᠤᠩᠭᠤᠯ | ᠤᠨ ᠪᠦᠬᠡ ᠶᠢᠨ ᠡᠮᠦᠰᠭᠡᠯ᠂ ᠬᠤᠪᠴᠠᠰᠦ ᠳᠡᠪᠡᠯ᠂ ᠭᠤᠳᠤᠯ ᠱᠠᠬᠠᠢ᠂ ᠳᠡᠷᠡ ᠶᠢᠨ ᠲᠦᠷᠦᠬᠦᠦ᠂ ᠤᠯᠪᠤᠭ ᠰᠢᠷᠢᠳᠡᠭ | ᠂ ᠤᠭᠤᠳᠠ ᠰᠢᠭᠤᠳᠠᠢ᠂ ᠮᠤᠩᠭᠤᠯ ᠭᠡᠷ ᠤᠨ ᠬᠠᠨ᠎ᠠ ᠲᠤᠭᠤᠷᠭ᠎ᠠ᠂ ᠡᠮᠡᠭᠡᠯ ᠤᠨ ᠳᠡᠪᠰᠡ ᠵᠡᠷᠭᠡ ᠠᠮᠢᠳᠤᠷᠠᠯ ᠤᠨ | ᠬᠡᠷᠡᠭᠰᠡᠯ ᠤᠨ ᠤᠯᠠᠨ ᠭᠠᠵᠠᠷ ᠲᠤ ᠬᠡᠷᠡᠭᠯᠡᠳᠡᠭ ᠡᠯᠳᠡᠪ ᠵᠠᠩᠵᠦ ᠶᠢᠨ ᠬᠡ ᠤᠭᠠᠯᠵᠠ ᠶᠢᠨ ᠤᠷᠠᠯᠠᠯ ᠤᠨ ᠭᠠᠷ | ᠤᠶᠤᠳᠠᠯ ᠶᠤᠮ᠃ ᠰᠡᠶᠢᠯᠪᠤᠷᠢ ᠶᠢᠨ ᠵᠢᠷᠤᠭ ᠲᠤ ᠡᠬᠦᠯᠡᠨ ᠬᠡ᠂ ᠤᠰᠤᠨ ᠬᠡ᠂ ᠡᠷᠬᠡᠳᠡᠨ ᠭᠠᠷ᠂ ᠳᠠᠮᠠᠭ᠎ᠠ᠂ ᠵᠤᠭᠤᠰ | ᠂ ᠦᠵᠦᠭ ᠬᠡᠬᠦ ᠮᠡᠲᠦ ᠶᠢᠨ ᠤᠯᠠᠨ ᠲᠦᠷᠦᠯ ᠤᠨ ᠵᠢᠷᠤᠭ ᠲᠦᠷᠰᠦ ᠪᠠᠶᠢᠳᠠᠭ᠃ ᠤᠷᠠᠨ ᠤᠶᠤᠳᠠᠯᠴᠢᠨ ᠨᠢ ᠦᠪᠡᠷ | ᠤᠨ ᠤᠷ᠎ᠠ ᠤᠬᠠᠭᠠᠨ ᠢᠶᠠᠷ ᠢᠶᠠᠨ ᠡᠯᠳᠡᠪ ᠰᠠᠶᠢᠬᠠᠨ ᠵᠢᠷᠤᠭ ᠲᠦᠷᠰᠦ ᠶᠢ ᠵᠤᠬᠢᠶᠠᠨ ᠰᠡᠶᠢᠯᠳᠡᠭ ᠶᠤᠮ᠃ | ᠰᠡᠶᠢᠯᠤᠮᠠᠯ ᠢ ᠤᠷᠠᠯᠠᠬᠤ ᠳᠤ ᠤᠷᠢᠳ ᠢᠶᠠᠷ ᠬᠡ ᠤᠭᠠᠯᠵᠠ ᠶᠢᠨ ᠵᠢᠷᠤᠭ ᠢᠶᠠᠨ ᠰᠤᠩᠭᠤᠨ ᠵᠢᠷᠤᠵᠦ᠂ ᠳᠠᠷᠠᠭ᠎ᠠ ᠨᠢ | ᠴᠠᠭᠠᠰᠤᠨ ᠳᠡᠭᠡᠷ᠎ᠡ ᠪᠠᠭᠤᠯᠭᠠᠨ ᠵᠢᠷᠤᠵᠦ ᠬᠠᠶᠢᠴᠢᠯᠠᠵᠦ ᠠᠪᠤᠭᠠᠳ ᠳᠠᠬᠢᠨ ᠰᠡᠶᠢᠯᠪᠤᠷᠢ ᠬᠢᠬᠦ ᠪᠦᠰ ᠪᠠᠷᠠᠭᠠᠠ ᠳᠡᠭᠡᠷ᠎ᠡ | ᠪᠠᠨ ᠨᠠᠭᠠᠯᠳᠤᠭᠤᠯᠤᠨ ᠨᠠᠭᠠᠵᠦ ᠬᠠᠳᠠᠭᠠᠭᠠᠳ᠂ ᠬᠠᠳᠠᠭᠰᠠᠨ ᠤ ᠳᠠᠷᠠᠭ᠎ᠠ ᠬᠡ ᠤᠭᠠᠯᠵᠠ ᠪᠠᠨ ᠰᠡᠶᠢᠯᠵᠦ ᠬᠠᠶᠢᠴᠢᠯᠠᠨ | ᠪᠠᠭᠤᠯᠭᠠᠨ᠂ ᠲᠤᠬᠢᠷᠠᠭᠤᠯᠤᠨ ᠲᠤᠪᠬᠢᠵᠦ ᠰᠠᠭᠤᠯᠭᠠᠭᠠᠳ ᠬᠠᠮᠤᠭ ᠰᠡᠬᠦᠯ ᠳᠤᠨᠢ ᠳᠠᠷᠤᠵᠦ ᠨᠦᠬᠦᠬᠦ ᠠᠷᠭ᠎ᠠ ᠪᠠᠷ | ᠰᠡᠶᠢᠯᠪᠤᠷᠢ ᠪᠠᠨ ᠤᠶᠤᠵᠦ ᠲᠤᠭᠳᠠᠭᠠᠨ᠎ᠠ᠃ | ᠰᠡᠶᠢᠯᠤᠮᠠᠯ ᠨᠢ ᠦᠵᠡᠬᠦ ᠳᠤ ᠢᠯᠡ ᠲᠤᠲᠤ᠂ ᠬᠠᠷᠠᠭᠠᠨ ᠰᠡᠷᠡᠯᠲᠡ ᠲᠠᠢ᠂ ᠡᠳ᠋ᠯᠡᠬᠦ ᠳᠤ ᠪᠠᠬᠢᠯᠢᠭ᠌ ᠭᠤᠶᠤ ᠳᠠᠪᠠᠭᠤᠯᠢᠭ | ᠲᠯᠠ ᠲᠠᠢ᠃ ᠰᠡᠶᠢᠯᠤᠮᠠᠯ ᠨᠢ ᠭᠠᠵᠠᠷ ᠤᠷᠤᠨ ᠤ ᠠᠮᠢᠳᠤᠷᠠᠯ ᠰᠤᠶᠤᠯ ᠲᠠᠢ ᠬᠤᠯᠪᠤᠭᠳᠠᠬᠤ ᠦᠪᠡᠷᠮᠢᠴᠡ ᠦᠵᠡᠮᠤᠷᠢ | ᠢᠯᠭᠠᠭ᠎ᠠ ᠲᠠᠢ ᠪᠠᠶᠢᠳᠠᠭ᠃ | ︵ᠨᠠᠢᠮᠠ︶ ᠬᠦᠪᠦᠷᠢᠳᠬᠦ — ᠰᠦᠪᠡᠯᠡᠭᠰᠡᠨ ᠵᠡᠬᠦᠦ ᠪᠠᠨ ᠭᠠᠳᠠᠨ᠎ᠠ ᠠᠴᠠ ᠲᠤᠲᠤᠭᠰᠢ ᠡᠷᠬᠢᠬᠦᠯᠦᠨ | ᠬᠠᠳᠬᠤᠵᠦ ᠤᠶᠤᠬᠤ ᠤᠶᠤᠳᠠᠯ ᠪᠤᠯᠤᠨ᠎ᠠ᠃ ᠬᠦᠪᠦᠷᠢᠳᠬᠦ ᠨᠢ ᠳᠠᠩ ᠬᠠᠳᠠᠭᠠᠰᠦ ᠦᠮᠦᠲᠦ ᠪᠤᠶᠤ ᠴᠡᠮᠴᠡ᠂ | ᠤᠭᠤᠳᠠ ᠰᠠᠪᠠ ᠶᠢ ᠲᠦᠬᠦᠮ ᠢᠶᠠᠷ ᠪᠢᠳᠡᠭᠦᠯᠡᠵᠦ ᠤᠶᠤᠬᠤ ᠪᠠ ᠬᠠᠮᠤᠭ ᠴᠢᠬᠤᠯᠠ ᠨᠢ ᠬᠤᠷᠠᠭᠠᠨ ᠳᠡᠪᠡᠯ᠂ ᠰᠠᠩᠰᠠᠨ | ᠳᠡᠪᠡᠯ᠂ ᠳ᠋ᠤᠯᠤᠤᠷ ᠳᠡᠪᠡᠯ᠂ ᠪᠦᠬᠡᠨᠴᠡ ᠳᠡᠪᠡᠯ ᠵᠡᠷᠭᠡ ᠭᠠᠳᠠᠷ ᠲᠠᠢ ᠳᠡᠪᠡᠯ ᠤᠨ ᠠᠷᠠᠰᠦ ᠶᠢ ᠡᠩᠨᠡᠭᠦᠯᠵᠦ ᠤᠶᠤᠬᠤ | ᠳᠤ ᠬᠡᠷᠡᠭᠯᠡᠬᠦ ᠲᠤᠰᠬᠠᠢ ᠤᠶᠤᠳᠠᠯ ᠪᠤᠯᠤᠨ᠎ᠠ᠃ ᠬᠤᠷᠠᠭ᠎ᠠ᠂ ᠰᠠᠩᠰᠠᠨ ᠳᠡᠪᠡᠯ ᠤᠨ ᠠᠷᠠᠰᠦ ᠶᠢᠨ ᠵᠤᠶᠢᠳᠠᠰᠦ ᠳᠠᠭᠠᠦ | ᠳᠠᠩ᠂ ᠳᠠᠪᠬᠤᠷ ᠤᠳᠠᠰᠦ ᠪᠠᠷ ᠳᠠᠷᠤᠵᠦ ᠤᠶᠤᠳᠠᠭ ᠶᠤᠮ᠃ ᠭᠤᠳᠤᠯ ᠱᠠᠬᠠᠢ ᠶᠢᠨ ᠲᠦᠷᠡᠢ ᠵᠤᠯᠤᠭ ᠢ ᠪᠠᠵᠠᠭᠠᠭᠠᠳ | ᠦᠩᠭᠡ ᠨᠠᠭᠠᠭᠰᠠᠨ ᠤ ᠰᠡᠭᠦᠯᠡᠷ ᠤᠷᠢᠳ ᠢᠶᠠᠷ ᠬᠦᠪᠡᠭᠡ ᠶᠢ ᠬᠦᠪᠦᠷᠢᠳᠦᠭᠡᠳ ᠰᠠᠶ᠋ᠢ ᠭᠤᠤᠯ ᠤᠶᠤᠳᠠᠯ ᠢᠶᠠᠨ | ᠤᠷᠠᠯᠠᠳᠠᠭ ᠶᠤᠮ᠃ ᠡᠶᠢᠮᠦ ᠠᠴᠠ ᠬᠦᠪᠦᠷᠢᠳᠬᠦ ᠨᠢ ᠲᠦᠬᠦᠮ ᠬᠤᠷᠲᠤᠨ ᠬᠡᠷᠡᠭᠴᠡᠭᠡ ᠦᠷᠭᠡᠨ ᠨᠢᠭᠡ ᠵᠤᠶᠢᠯ ᠤᠨ | ᠤᠶᠤᠳᠠᠯ ᠪᠤᠯᠤᠨ᠎ᠠ᠃ | ︵ᠶᠢᠰᠦ︶ ᠬᠦᠰᠢᠬᠦ — ᠳᠠᠩ ᠦᠮᠦᠳᠦ᠂ ᠬᠠᠨᠳᠠᠭᠠᠰᠦ᠂ ᠴᠡᠮᠴᠠ ᠮᠡᠲᠦ ᠬᠤᠪᠴᠠᠰᠦ ᠬᠤᠨᠠᠷ ᠢ ᠡᠰᠭᠡᠯ | ᠵᠤᠶᠢᠳᠠᠯ ᠳᠠᠭᠠᠦ ᠲᠦᠷᠭᠡᠨ ᠲᠦᠬᠦᠮ ᠬᠦᠰᠢᠵᠦ ᠤᠶᠤᠬᠤ ᠪᠤᠶᠤ ᠪᠦᠰ ᠤᠭᠤᠳᠠ ᠰᠢᠭᠤᠳᠠᠢ ᠶᠢᠨ ᠬᠠᠭᠠᠷᠬᠠᠢ | ᠤᠩᠭᠤᠷᠬᠠᠢ ᠶᠢ ᠪᠢᠳᠡᠭᠦᠯᠡᠵᠦ ᠤᠶᠤᠬᠤ ᠲᠦᠬᠦᠮ ᠤᠶᠤᠳᠠᠯ ᠦᠢᠯᠡ ᠶᠢ ᠬᠡᠯᠡᠨ᠎ᠡ᠃ ᠮᠤᠩᠭᠤᠯᠴᠤᠳ ᠤᠶᠤᠳᠠᠯ | ᠦᠬᠡᠢ ᠤᠯᠳᠤᠢ ᠵᠠᠯᠬᠠᠭᠤ ᠪᠦᠰᠡᠭᠦᠢ ᠶᠢ ︽ᠬᠦᠨᠳᠡᠯᠡᠨ ᠬᠦᠬᠡ ᠵᠡᠬᠦᠦ ᠬᠦᠰᠢᠬᠦ ᠶᠢ ᠮᠡᠳᠡᠬᠦ ᠦᠬᠡᠢ︾ ᠬᠡᠵᠦ | ᠶᠤᠵᠤᠯᠠᠨ ᠶᠠᠷᠢᠳᠠᠭ ᠪᠢᠯᠡ᠃ | ︵ᠠᠷᠪᠠ︶ ᠲᠤᠪᠬᠢᠬᠤ — ᠲᠠᠰᠤᠭ ᠪᠤᠰᠠᠭ᠂ ᠰᠠᠯᠤᠩᠬᠢ ᠪᠡᠶ᠎ᠡ ᠶᠢ ᠬᠡᠯᠬᠢᠨ ᠬᠤᠯᠪᠤᠬᠤ᠂ ᠦᠳᠡᠵᠦ | ᠨᠡᠶᠢᠯᠡᠬᠦᠯᠵᠦ ᠳᠠᠯᠪᠢᠬᠤ ᠤᠶᠤᠳᠠᠯ ᠢ ᠬᠡᠯᠡᠨ᠎ᠡ᠃ ᠦᠬᠡᠷ᠎ᠡ ᠪᠠᠷ ᠬᠡᠯᠡᠪᠡᠯ᠂ ᠭᠤᠳᠤᠯ᠂ ᠱᠠᠬᠠᠢ ᠶᠢ ᠤᠯᠠᠯᠠᠬᠤ ᠳᠠᠭᠠᠨ | ᠤᠷᠢᠳ ᠢᠶᠠᠷ ᠤᠯᠠ ᠵᠤᠯᠤᠭ ᠢ ᠵᠤᠬᠢᠴᠠᠭᠤᠯᠤᠨ ᠬᠤᠯᠪᠤᠵᠦ ᠲᠤᠪᠬᠢᠬᠤ᠂ ᠬᠤᠷᠠᠭᠠᠨ᠂ ᠰᠠᠩᠰᠠᠨ ᠭᠠᠳᠠᠷ ᠲᠠᠢ ᠳᠡᠪᠡᠯ | ᠤᠨ ᠠᠷᠠᠰᠦ ᠶᠢ ᠬᠦᠪᠦᠷᠢᠳᠬᠦ ᠠᠴᠠ ᠡᠮᠦᠨ᠎ᠡ ᠡᠩᠨᠡᠭᠦᠯᠦᠨ ᠲᠤᠪᠬᠢᠬᠤ ᠳᠤ ᠪᠦᠷ ᠲᠤᠰ ᠤᠶᠤᠳᠠᠯ ᠢ ᠬᠡᠷᠡᠭᠯᠡᠨ᠎ᠡ᠃ | ︵ᠠᠷᠪᠠᠨ ᠨᠢᠭᠡ︶ ᠦᠬᠡᠰᠢᠯᠡᠬᠦ — ᠬᠤᠪᠴᠠᠰᠦ ᠳᠡᠪᠡᠯ ᠤᠨ ᠬᠠᠭᠠᠷᠬᠠᠢ ᠶᠢ ᠤᠶᠤᠬᠤ ᠳᠠᠭᠠᠨ ᠵᠤᠶᠢᠳᠠᠯ | ᠤᠨ ᠳᠠᠭᠠᠦ ᠰᠤᠯᠪᠢᠵᠦ ᠰᠦᠯᠵᠢᠬᠦ ᠤᠶᠤᠳᠠᠯ ᠢ ᠬᠡᠯᠡᠨ᠎ᠡ᠃ | ︵ᠠᠷᠪᠠᠨ ᠬᠤᠶᠠᠷ︶ ᠰᠦᠯᠵᠢᠮᠡᠯ — ᠬᠤᠪᠴᠠᠰᠦ ᠬᠤᠨᠠᠷ ᠤᠨ ᠲᠤᠪᠴᠢ ᠶᠢᠨ ᠨᠦᠬᠡ ᠪᠤᠶᠤ ᠵᠢᠵᠢᠭ | ᠴᠣᠭᠤᠷᠬᠠᠢ ᠶᠢᠨ ᠰᠡᠳᠡᠷᠡᠵᠦ ᠰᠦᠷᠴᠦ ᠪᠠᠷᠠᠭᠳᠠᠬᠤ ᠠᠴᠠ ᠰᠡᠷᠭᠡᠶᠢᠯᠡᠵᠦ᠂ ᠳᠠᠩ ᠤᠳᠠᠰᠦ ᠪᠠᠷ ᠨᠦᠬᠡ ᠶᠢᠨ | ᠲᠤᠭᠤᠷᠢᠨ ᠢ ᠨᠢᠭᠡ ᠨᠢᠬᠡ ᠵᠡᠬᠦᠦ ᠪᠠᠷ ᠤᠷᠤᠭᠰᠢᠯᠠᠵᠦ ᠲᠠᠲᠠᠵᠦ ᠤᠶᠤᠬᠤ ᠲᠦᠬᠦᠮ ᠤᠶᠤᠳᠠᠯ ᠢ ᠬᠡᠯᠡᠨ᠎ᠡ᠃ | ︵ᠠᠷᠪᠠᠨ ᠭᠤᠷᠪᠠ︶ ᠰᠢᠳᠡᠬᠦ — ᠳᠠᠪᠬᠤᠷ ᠪᠦᠰ ᠤᠨ ᠭᠤᠤᠯ ᠤᠶᠤᠳᠠᠯ ᠢ ᠤᠶᠤᠬᠤ ᠠᠴᠠ ᠡᠮᠦᠨ᠎ᠡ᠂ | ᠲᠤᠲᠤᠷ ᠭᠠᠳᠠᠷ ᠨᠢ ᠰᠢᠯᠵᠢᠬᠦ ᠠᠴᠠ ᠪᠤᠯᠭᠤᠮᠵᠢᠯᠠᠨ ᠤᠷᠢᠳ ᠢᠶᠠᠷ ᠤᠶᠤᠳᠠᠯ ᠤᠨ ᠬᠦᠪᠡᠭᠡ ᠳᠠᠭᠠᠦ ᠬᠤᠶᠠᠷ | ᠭᠤᠷᠪᠠᠨ ᠬᠤᠷᠤᠭᠤ ᠵᠠᠶᠢᠳᠠᠢ ᠪᠠᠷ ᠬᠤᠯᠠ ᠬᠤᠯᠠ ᠲᠤᠪᠬᠢᠵᠦ ᠬᠠᠳᠬᠤᠨ ᠤᠶᠤᠵᠦ ᠲᠤᠭᠳᠠᠭᠠᠬᠤ ᠶᠢ ᠬᠡᠯᠡᠨ᠎ᠡ᠃ | ᠦᠬᠡᠷ᠎ᠡ ᠪᠠᠷ ᠬᠡᠯᠡᠪᠡᠯ᠂ ᠤᠤᠵᠢ ᠴᠤᠪᠠ᠂ ᠤᠤᠵᠢ ᠫᠠᠮᠠ ᠮᠡᠲᠦ ᠲᠤᠲᠤᠷ ᠲᠠᠢ ᠬᠤᠪᠴᠠᠰᠦ ᠶᠢ ᠤᠶᠤᠬᠤ ᠠᠴᠠ | ᠡᠮᠦᠨ᠎ᠡ ᠰᠢᠳᠡᠵᠦ ᠤᠶᠤᠭᠠᠳ᠂ ᠳᠠᠷᠠᠭ᠎ᠠ ᠨᠢ ᠰᠠᠶ᠋ᠢ ᠶᠡᠭᠡ ᠤᠶᠤᠳᠠᠯ ᠢᠶᠠᠨ ᠤᠶᠤᠵᠦ ᠪᠠᠷᠠᠭᠰᠠᠨ ᠤ ᠰᠡᠭᠦᠯᠡᠷ | ᠰᠢᠳᠡᠭᠡᠷᠢ ᠶᠢᠨ ᠤᠳᠠᠰᠦ ᠪᠠᠨ ᠰᠤᠭᠤᠯᠵᠦ ᠠᠪᠳᠠᠭ᠃ | ︵ᠠᠷᠪᠠᠨ ᠲᠦᠷᠪᠡ︶ ᠯᠡᠪᠳᠡᠭᠴᠡᠬᠦ ︵ᠨᠡᠪᠳᠡᠭᠴᠡᠬᠦ︶ — ᠯᠡᠪᠳᠡᠭᠴᠡᠬᠦ ᠪᠤᠯ ᠮᠤᠩᠭᠤᠯ ᠭᠡᠷ ᠤᠨ ᠢᠰᠡᠭᠡᠢ᠂ | ᠲᠤᠪᠤ ᠲᠤᠯᠭ᠎ᠠ ᠶᠢᠨ ᠢᠰᠡᠭᠡᠢ᠂ ᠬᠠᠮ ᠲᠡᠷᠭᠡᠨ ᠤ ᠪᠦᠷᠬᠦᠬᠦᠯ ᠪᠤᠯᠤᠨ ᠨᠡᠬᠡᠢ ᠠᠷᠠᠰᠤᠨ ᠳᠡᠪᠡᠯ᠂I ᠢᠮᠠᠭᠠᠨ ᠳᠠᠬᠤ | ᠮᠡᠳᠦ ᠪᠦᠳᠦᠬᠦᠨ ᠠᠷᠠᠰᠤᠨ ᠳᠡᠪᠡᠯ ᠤᠨ ᠤᠶᠤᠳᠠᠯ ᠳᠤ ᠬᠡᠷᠡᠭᠯᠡᠬᠦ ᠤᠶᠤᠳᠠᠯ ᠪᠤᠯᠤᠨ᠎ᠠ᠃ ᠤᠶᠤᠬᠤ ᠠᠷᠭ᠎ᠠ ᠨᠢ | ᠢᠰᠡᠭᠡᠢ ᠪᠠ ᠬᠤᠨᠢ ᠢᠮᠠᠭᠠᠨ ᠠᠷᠠᠰᠦ ᠪᠠᠨ ᠤᠶᠤᠬᠤ ᠡᠰᠭᠡᠯ ᠵᠤᠶᠢᠳᠡᠯ ᠳᠠᠭᠠᠦ ᠴᠢᠴᠠᠥᠯᠠᠨ ᠵᠠᠯᠪᠠᠷᠢᠭᠤᠯᠵᠦ ᠠᠳᠬᠤᠨ | ᠵᠡᠬᠦᠦ ᠤᠳᠠᠰᠦ ᠪᠠᠨ ᠨᠠᠭᠠᠰᠢ ᠴᠠᠭᠠᠰᠢ ᠬᠦᠨᠳᠡᠯᠡᠨ ᠢᠶᠠᠷ ᠨᠡᠪᠳᠡᠯᠤᠨ ᠬᠠᠳᠬᠤᠵᠦ ᠤᠶᠤᠬᠤ ᠶᠢ ᠬᠡᠯᠡᠨ᠎ᠡ᠃ | ᠯᠡᠪᠳᠡᠭᠴᠡᠬᠦ ᠤᠶᠤᠳᠠᠯ ᠤᠨ ᠰᠠᠶᠢᠨ ᠲᠠᠯ᠎ᠠ ᠨᠢ ᠪᠠᠲᠦ ᠪᠠᠬᠢ᠂ ᠰᠠᠯᠬᠢ ᠵᠢᠳᠡᠷ ᠨᠡᠪᠳᠡᠷᠡᠬᠦ ᠦᠬᠡᠢ᠂ ᠪᠤᠷᠤᠭᠠᠨ ᠤ | ᠤᠰᠤ ᠨᠡᠪᠴᠢᠬᠦ ᠶᠢ ᠰᠡᠷᠭᠡᠶᠢᠯᠡᠳᠡᠭ᠃ | ︵ᠠᠷᠪᠠᠨ ᠳᠠᠪᠤ︶ ᠬᠠᠪᠬᠤ — ᠬᠦᠪᠦᠩ ᠫᠠᠮᠠ ᠪᠤᠶᠤ ᠬᠦᠪᠦᠩ ᠤᠯᠤᠨᠳᠠᠢ᠂ ᠬᠦᠪᠦᠩ ᠦᠮᠦᠲᠦ ᠵᠡᠷᠭᠡ | ᠬᠤᠪᠴᠠᠰᠦ ᠶᠢ ᠤᠶᠤᠬᠤ ᠤᠶᠤᠳᠠᠯ ᠪᠤᠯᠤᠨ᠎ᠠ᠃ ᠬᠤᠪᠴᠠᠰᠦ ᠶᠢᠨ ᠦᠩᠭᠡᠨ ᠲᠠᠯ᠎ᠠ ᠠᠴᠠ ᠨᠡᠪᠳᠡᠯᠵᠦ ᠵᠢᠰᠢᠬᠦᠦ | ᠬᠠᠳᠬᠤᠨ᠂ ᠠᠷᠦ ᠳᠠᠯ᠎ᠠ ᠶᠢᠨ ᠨᠢᠲᠦ ᠶᠢ ᠪᠠᠭᠠᠬᠠᠨ ᠰᠢᠭ᠋ ᠭᠠᠷᠭᠠᠵᠦ ᠤᠶᠤᠳᠠᠭ᠃ | ᠬᠠᠪᠠᠭᠠᠰᠦ ᠬᠠᠳᠠᠬᠤ ᠭᠡᠳᠡᠭ ᠨᠢ ᠬᠦᠪᠦᠩᠳᠡᠢ ᠬᠤᠪᠴᠠᠰᠤᠨ ᠤ ᠬᠦᠪᠦᠩ ᠨᠢ ᠰᠢᠯᠵᠢᠬᠦ ᠶᠢ ᠰᠡᠷᠭᠡᠶᠢᠯᠡᠨ ᠬᠤᠪᠴᠠᠰᠦ | ᠶᠢᠨ ᠭᠠᠳᠠᠷ ᠲᠤᠲᠤᠷ ᠪᠠ ᠲᠤᠮᠳᠠ ᠨᠢ ᠳᠠᠯᠪᠢᠭᠰᠠᠨ ᠬᠦᠪᠦᠩ ᠢ ᠬᠤᠯᠪᠤᠨ ᠤᠶᠤᠳᠠᠭ ᠤᠶᠤᠳᠠᠯ ᠪᠤᠯᠤᠨ᠎ᠠ᠃ ᠫᠠᠮᠠ | ᠶᠢᠨ ᠬᠠᠪᠠᠭᠠᠰᠦ ᠨᠢ ᠪᠡᠶ᠎ᠡ ᠶᠢ ᠳᠠᠭᠠᠵᠦ ᠭᠤᠯᠳᠦ ᠪᠠᠶᠢᠵᠦ᠂ ᠬᠠᠨᠴᠤᠢ ᠶᠢᠨ ᠬᠠᠪᠠᠭᠠᠰᠦ ᠨᠢ ᠬᠦᠨᠳᠡᠯᠡᠨ ᠪᠠᠶᠢᠳᠠᠭ᠃ | ᠬᠠᠪᠠᠭᠠᠰᠦ ᠶᠢ ᠤᠶᠤᠬᠤ ᠠᠷᠭ᠎ᠠ ᠨᠢ ᠳᠠᠩ ᠨᠢᠲᠦ ᠪᠠᠷ ᠬᠠᠪᠬᠤ ᠪᠠ ᠳᠠᠪᠬᠤᠷ ᠨᠢᠲᠦ ᠪᠠᠷ ᠬᠠᠪᠬᠤ ᠭᠡᠵᠦ ᠬᠤᠶᠠᠷ | ᠵᠤᠶᠢᠯ ᠪᠠᠶᠢᠳᠠᠭ᠃ | |