ᠸᠠᠩ ᠤᠨ ᠰᠦᠮ᠎ᠡ  ᠶᠢᠨ ᠦᠩᠭᠡᠷᠡᠭᠰᠡᠨ ᠤ ᠤᠴᠢᠷ ᠤᠳ ︵ᠬᠤᠶᠠᠷ︶
ᠨᠡᠶᠢᠲᠡᠯᠡᠭᠰᠡᠨ ᠴᠠᠭ᠄
2020/9/2
    ᠸᠠᠩ ᠤᠨ ᠰᠦᠮ᠎ᠡ ᠣᠯᠠᠨ ᠤᠳᠠᠭᠠᠨ ᠤ ᠳᠡᠭᠡᠷᠡᠮᠳᠡᠯᠭᠡ ᠪᠠ ᠡᠪᠳᠡᠯᠡᠭᠡ ᠳᠤ ᠤᠴᠠᠷᠠᠪᠠ    1905 ᠣᠨ ᠳᠤ᠂ ᠶᠠᠫᠣᠨ ᠣᠷᠣᠰ ᠤᠨ ᠳᠠᠶᠢᠨ ᠳᠤ ᠢᠯᠠᠭᠳᠠᠭᠰᠠᠨ ᠬᠠᠭᠠᠨᠲᠤ ᠣᠷᠣᠰ ᠤᠨ ᠺᠠᠽᠠᠭ ᠮᠣᠷᠢᠲᠤ ᠴᠡᠷᠢᠭ ᠤᠬᠤᠷᠢᠬᠤ ᠳᠠᠭᠠᠨ ᠸᠠᠩ ᠤᠨ ᠰᠦᠮ᠎ᠡ ᠪᠠᠷ ᠥᠩᠭᠡᠷᠡᠪᠡ᠃ ᠰᠦᠮ᠎ᠡ ᠳᠡᠭᠡᠷ᠎ᠠ ᠬᠠᠳᠠᠭᠠᠯᠠᠵᠤ ᠪᠠᠶᠢᠭᠰᠠᠨ ᠭᠠᠤᠯᠢᠨ ᠪᠤᠷᠬᠠᠨ᠂ ᠥᠩᠭᠡᠲᠦ ᠬᠥᠷᠥᠭ ᠵᠢᠷᠤᠭ ᠤᠳ ᠢ ᠬᠤᠭᠤᠰᠣᠷᠠᠲᠠᠯ᠎ᠠ ᠳᠡᠭᠡᠷᠡᠮᠳᠡᠨ ᠠᠪᠠᠴᠢᠵᠠᠢ᠃ ᠢᠷᠭᠡᠨ ᠤᠯᠤᠰ ᠤᠨ ᠲᠡᠷᠢᠭᠦᠨ ᠣᠨ ︵1912 ᠣᠨ︶ ᠤ 9 ᠰᠠᠷ᠎ᠠ ᠶᠢᠨ 14 ᠤ ᠡᠳᠦᠷ᠂ ᠹᠧᠩᠲ᠋ᠢᠶᠠᠨ ᠤ ᠬᠤᠶᠢᠲᠤ ᠵᠠᠮ ᠤᠨ ᠴᠠᠭᠳᠠᠨ ᠰᠡᠷᠭᠡᠶᠢᠯᠡᠬᠦ ᠠᠩᠭᠢ ᠶᠢᠨ ᠵᠠᠬᠢᠷᠤᠭᠴᠢ ᠡᠤ ᠵᠢᠶᠦ᠋ᠨ ᠱᠧᠩ ᠶᠠᠪᠠᠭᠠᠨ ᠴᠡᠷᠢᠭ ᠤᠨ ᠡᠯ᠎ᠡ ᠪᠠᠲ᠋ᠠᠯᠢᠶᠤᠨ ᠢ ᠳᠠᠭᠠᠭᠤᠯᠤᠨ ᠦᠲᠠᠢ ᠸᠠᠩ ᠪᠣᠯᠤᠨ ᠭᠡᠭᠡᠨ ᠬᠤᠲᠤᠭᠲᠤ ᠶᠢ ᠨᠡᠬᠡᠮᠵᠢᠯᠡᠨ ᠴᠤᠬᠢᠵᠤ ᠸᠠᠩ ᠤᠨ ᠰᠦᠮ᠎ᠡ ᠳᠤ ᠬᠦᠷᠴᠦ᠂ ᠶᠡᠭᠡ ᠫᠤᠤ ᠪᠠᠷ ᠭᠤᠤᠯ ᠬᠠᠷᠰᠢ ᠶᠢ ᠨᠢ ᠳᠡᠯᠪᠡᠴᠢᠵᠦ ᠨᠤᠷᠠᠭᠠᠪᠠ᠃ ᠰᠦᠮ᠎ᠡ ᠳᠣᠲᠣᠷᠠᠬᠢ ᠪᠤᠷᠬᠠᠨ ᠤ ᠬᠥᠷᠥᠭ᠂ ᠨᠣᠮ ᠰᠤᠳᠤᠷ᠂ ᠡᠳ᠋ᠯᠡᠯ ᠬᠡᠷᠡᠭᠰᠡᠯ ᠤᠨ ᠣᠯᠠᠩᠬᠢ ᠨᠢ ᠳᠡᠯᠪᠡᠴᠢᠭᠳᠡᠵᠦ ᠰᠦᠢᠷᠡᠭᠡᠳ ᠪᠦᠲᠦᠨ ᠦᠯᠡᠳᠡᠭᠰᠡᠨ ᠵᠦᠢᠯ ᠪᠠᠶᠢᠬᠤ ᠦᠭᠡᠢ᠃    1932 ᠣᠨ ᠤ 6 ᠰᠠᠷ᠎ᠠ ᠳᠤ᠂ ᠴᠢᠩ ᠱᠠᠨ ᠬᠤᠤ᠂ ᠵᠢᠦ ᠵᠢᠶᠠᠩ ᠯᠧ᠂ ᠮᠠᠨ ᠲᠢᠶᠠᠨ ᠹᠸᠢ ᠲᠦᠷᠦᠭᠦᠲᠡᠶ ᠮᠢᠩᠭ᠎ᠠ ᠭᠠᠷᠤᠢ ᠳᠡᠭᠡᠷᠡᠮᠴᠢᠨ ᠪᠠᠰᠠ ᠰᠦᠮ᠎ᠡ ᠶᠢᠨ ᠳᠣᠲᠣᠷᠠᠬᠢ ᠮᠠᠰᠢ ᠣᠯᠠᠨ ᠬᠤᠪᠣᠷ ᠨᠠᠨᠳᠢᠨ ᠡᠳ᠋ ᠪᠣᠳᠠᠰ ᠢ ᠪᠤᠯᠢᠶᠠᠨ ᠠᠪᠠᠴᠢᠪᠠ᠃    1928 ᠣᠨ ᠳᠤ᠂ ︽ᠮᠠᠨᠵᠤ ᠶᠢᠨ ᠲᠡᠮᠦᠷ ᠵᠠᠮ︾ ᠤᠨ ᠶᠡᠷᠦᠩᠬᠡᠢ ᠵᠠᠬᠢᠷᠤᠭᠴᠢ ᠶᠠᠮᠠᠮᠤᠲ᠋ᠤ᠋ ᠪᠣᠯᠤᠨ ᠵᠠᠩ ᠽᠦᠸᠧ ᠯᠢᠨ ᠲᠤᠤ ᠰᠦᠸᠧ ︵ᠲᠤᠤ ᠠᠨ — ᠰᠣᠯᠣᠨ ᠬᠦᠷᠬᠦ︶ ᠲᠡᠮᠦᠷ ᠵᠠᠮ ᠤᠨ ᠪᠦᠲᠦᠭᠡᠨ ᠪᠠᠶᠢᠭᠤᠯᠤᠯᠲᠠ ᠶᠢᠨ ᠬᠡᠯᠡᠯᠴᠡᠭᠡᠷ ᠲᠣᠭᠲᠠᠵᠤ᠂ 1930 ᠣᠨ ᠳᠤ ᠲᠡᠷᠭᠡ ᠨᠡᠪᠲᠡᠷᠡᠪᠡ᠃ ᠡᠭᠦᠨ ᠠᠴᠠ ᠡᠬᠢᠯᠡᠭᠡᠳ ᠸᠠᠩ ᠤᠨ ᠰᠦᠮ᠎ᠡ ᠰᠢᠨ᠎ᠡ ᠬᠥᠭᠵᠢᠯᠲᠡ ᠲᠠᠢ ᠪᠣᠯᠵᠤ᠂ ᠡᠯ᠎ᠡ ᠠᠵᠢᠯ ᠲᠦᠷᠦᠯ ᠤᠨ ᠬᠢᠨ ᠠᠭᠠᠵᠢᠮ ᠢᠶᠠᠷ ᠬᠥᠭᠵᠢᠵᠦ᠂ ᠠᠷᠠᠰᠤ ᠨᠣᠤᠰᠣ᠂ ᠮᠣᠳᠣᠨ ᠮᠠᠲ᠋ᠧᠷᠢᠶᠠᠯ ᠪᠣᠯᠪᠠᠰᠤᠷᠠᠭᠤᠯᠬᠤ᠂ ᠮᠠᠯ ᠤᠨᠤᠭ᠎ᠠ᠂ ᠲᠠᠷᠢᠶᠠᠯᠠᠩ ᠤᠨ ᠲᠤᠰᠠᠯᠠᠬᠤ ᠠᠵᠤ ᠠᠬᠤᠶ ᠶᠢᠨ ᠪᠦᠲᠦᠭᠡᠭᠳᠡᠬᠦᠨ ᠤ ᠠᠷᠠᠯᠵᠢᠶ᠎ᠠ ᠬᠢᠬᠦ ᠵᠡᠷᠭᠡ ᠨᠢᠭᠡᠨ ᠡᠮᠬᠢ ᠵᠢᠷᠤᠮ ᠦᠭᠡᠢ ᠵᠢᠵᠢᠭ ᠰᠢᠶᠠᠩ ᠪᠠᠯᠭᠠᠰᠤ ᠪᠤᠢ ᠪᠤᠯᠪᠠ᠃ ᠬᠥᠮᠦᠰ ᠲᠡᠭᠦᠨ ᠢ ᠸᠠᠩ ᠤᠨ ᠰᠦᠮ᠎ᠡ ᠵᠡᠭᠡᠯᠢ ᠭᠡᠳᠡᠭ᠃    1931 ᠣᠨ ᠤ 9 ᠰᠠᠷ᠎ᠠ ᠳᠤ᠂ ᠶᠠᠫᠣᠨ ᠤ ᠲᠦᠷᠢᠮᠡᠬᠡᠶᠢᠯᠡᠭᠴᠢᠳ ᠸᠠᠩ ᠤᠨ ᠰᠦᠮ᠎ᠡ ᠳᠤ ᠤᠷᠤᠭᠰᠠᠨ ᠤ ᠳᠠᠷᠠᠭ᠎ᠠ᠂ 1934 ᠣᠨ ᠤ 10 ᠰᠠᠷ᠎ᠠ ᠳᠤ ᠬᠢᠩᠭᠠᠨ ᠮᠤᠵᠢ᠂ ᠵᠡᠭᠦᠨ ᠮᠤᠵᠢ᠂ ᠪᠠᠷᠠᠭᠤᠨ ᠮᠤᠵᠢ ᠶᠢ ᠨᠡᠶᠢᠯᠡᠭᠦᠯᠦᠨ ᠬᠢᠩᠭᠠᠨ ᠶᠡᠷᠦᠩᠬᠡᠢ ᠮᠤᠵᠢ ᠪᠣᠯᠭᠠᠵᠤ ᠮᠤᠵᠢ ᠶᠢᠨ ᠲᠦᠪ ᠢ ᠸᠠᠩ ᠤᠨ ᠰᠦᠮ᠎ᠡ ᠳᠤ ᠪᠠᠶᠢᠭᠤᠯᠵᠠᠶ᠃ ᠲᠡᠦᠬᠡᠨ ᠮᠠᠲ᠋ᠧᠷᠢᠶᠠᠯ ᠤᠨ ᠲᠡᠮᠳᠡᠭᠯᠡᠯ ᠢ ᠦᠨᠳᠦᠰᠦᠯᠡᠪᠡᠯ᠂ ᠸᠠᠩ ᠤᠨ ᠰᠦᠮ᠎ᠡ ᠠᠴᠠ ᠷᠠᠰᠢᠶᠠᠨ ᠬᠦᠷᠬᠦ ᠲᠡᠮᠦᠷ ᠵᠠᠮ ᠳᠠᠭᠠᠤ ᠤᠷᠤᠨ ᠢᠶᠠᠷ ᠴᠡᠷᠢᠭ ᠤᠨ ᠶᠠᠪᠤᠳᠠᠯ ᠤᠨ ᠲᠥᠬᠦᠭᠡᠷᠦᠮᠵᠢ ᠶᠢ ᠶᠡᠭᠡ ᠪᠠᠷ ᠵᠠᠰᠠᠵᠤ᠂ ᠶᠠᠫᠣᠨ ᠤ ᠭᠤᠸᠠᠨ ᠳ᠋ᠦᠩ ᠵᠢᠶᠦ᠋ᠨ ᠴᠡᠷᠢᠭ ᠤᠨ ᠰᠠᠭᠤᠭ᠎ᠠ ᠴᠡᠷᠢᠭ ᠨᠢ ᠲᠠᠪᠤᠨ ᠲᠦᠮᠡ ᠭᠠᠷᠤᠶ ᠪᠠᠶᠢᠪᠠ᠃        ᠨᠤᠮᠤ ᠬᠠᠨ ᠤ ᠳᠠᠶᠢᠯᠠᠯᠳᠤᠭᠠᠨ    ᠲᠤᠬᠠᠶ ᠶᠢᠨ ᠦᠶ᠎ᠡ ᠶᠢᠨ ᠸᠠᠩ ᠤᠨ ᠰᠦᠮ᠎ᠡ ᠨᠢ ᠨᠢᠭᠡᠨᠲᠡ ᠶᠠᠫᠣᠨ ᠤ ᠵᠦᠪᠯᠡᠯᠲᠦ ᠮᠤᠩᠭᠤᠯ ᠢ ᠲᠦᠷᠢᠮᠡᠬᠡᠶᠢᠯᠡᠬᠦ ᠡᠮᠦᠨ᠎ᠡ ᠹᠡᠷᠦᠲ ᠪᠣᠯᠵᠠᠶ᠃ 1939 ᠣᠨ ᠤ 5 ᠰᠠᠷ᠎ᠠ ᠶᠢᠨ 11 ᠤ ᠡᠳᠦᠷ᠂ ᠶᠠᠫᠣᠨ ᠤ ᠭᠤᠸᠠᠨ ᠳ᠋ᠦᠩ ᠵᠢᠶᠦ᠋ᠨ ᠴᠡᠷᠢᠭ ᠬᠠᠭᠤᠷᠮᠠᠭ ᠮᠠᠨᠵᠤ ᠤᠯᠤᠰ ᠤᠨ ᠮᠣᠷᠢᠲᠤ ᠴᠡᠷᠢᠭ ᠢ ᠥᠳᠥᠭᠡᠨ ᠳᠣᠬᠢᠵᠤ ᠪᠥᠬᠦᠳᠡ ᠨᠠᠶᠢᠷᠠᠮᠳᠠᠭᠤ ᠮᠣᠩᠭᠤᠯ ᠠᠷᠠᠳ ᠤᠯᠤᠰ ᠤᠨ ᠮᠣᠷᠢᠲᠤ ᠴᠡᠷᠢᠭ ᠲᠠᠢ ᠨᠤᠮᠤ ᠬᠠᠨ ᠳᠤ ᠪᠠᠶᠢᠯᠳᠤᠵᠤ᠂ ᠵᠥᠪᠯᠡᠯᠲᠦ ᠮᠤᠩᠭᠤᠯ ᠤᠨ ᠴᠡᠷᠢᠭ ᠲᠠᠢ 127 ᠡᠳᠦᠷ ᠲᠤᠯᠤᠯᠳᠤᠪᠠ᠃ ᠳᠠᠶᠢᠯᠠᠯᠳᠤᠭᠠᠨ ᠤ ᠳᠤᠮᠳᠠ ᠶᠠᠫᠣᠨ ᠳᠡᠭᠡᠷᠡᠮ 5.4 ᠲᠦᠮᠡᠨ ᠴᠡᠷᠢᠭ ᠬᠤᠬᠢᠷᠠᠵᠤ᠂ ᠳᠠᠶᠢᠨ ᠳᠤ ᠣᠷᠣᠯᠴᠠᠭᠰᠠᠨ ᠬᠠᠭᠤᠷᠮᠠᠭ ᠬᠢᠩᠭᠠᠨ ᠤ ᠳ᠋ᠢᠸᠢᠽᠢ 4500 ᠭᠠᠷᠤᠶ ᠬᠥᠮᠦᠨ ᠪᠠᠶᠢᠵᠤ᠂ ᠵᠦᠪᠯᠡᠯᠲᠤ ᠮᠣᠩᠭᠤᠯ ᠤᠨ ᠴᠡᠷᠢᠭ ᠲᠤ ᠤᠰᠠᠳᠬᠠᠭᠳᠠᠭᠰᠠᠨ ᠤ ᠳᠠᠷᠠᠭ᠎ᠠ ᠵᠥᠪᠬᠡᠨ 31 ᠬᠥᠮᠦᠨ ᠦᠯᠡᠳᠡᠵᠡᠶ᠃ ᠡᠨᠡ ᠬᠡᠰᠡᠭ ᠬᠤᠭᠤᠴᠠᠭᠠᠨ ᠳᠤ᠂ ᠶᠠᠫᠣᠨ ᠳᠡᠭᠡᠷᠡᠮᠴᠢᠳ ᠪᠠᠰᠠ ᠦᠮᠦᠬᠡᠢ ᠰᠠᠨᠠᠭ᠎ᠠ ᠡᠪᠦᠷᠯᠡᠵᠤ ︽731︾ ᠪᠠᠺᠲ᠋ᠧᠷᠢ ᠶᠢᠨ ᠴᠡᠷᠢᠭ ᠠᠩᠭᠢ ᠶᠢ ᠬᠡᠷᠡᠭᠯᠡᠵᠤ᠂ ᠬᠠᠯᠬ᠎ᠠ ᠭᠤᠣᠯ ᠳᠤ ᠬᠤᠯᠤᠭᠠᠨ᠎ᠠ ᠶᠢᠨ ᠬᠢᠵᠢᠭ ᠪᠠ ᠪᠣᠭᠤᠮ᠎ᠠ ᠡᠪᠡᠳᠴᠢᠨ ᠵᠡᠷᠭᠡ ᠬᠠᠯᠳᠠᠪᠤᠷᠢᠲᠤ ᠡᠪᠡᠳᠴᠢᠨ ᠤ ᠪᠠᠺᠲ᠋ᠧᠷᠢ ᠲᠠᠯᠪᠢᠵᠠᠶ᠃ ᠭᠡᠪᠡᠴᠦ ᠪᠠᠰᠠ ᠯᠠ ᠢᠯᠠᠭᠳᠠᠯ ᠢᠶᠠᠨ ᠠᠪᠤᠷᠠᠵᠤ ᠴᠢᠳᠠᠭᠰᠠᠨ ᠦᠭᠡᠢ᠂ ᠠᠷᠭ᠎ᠠ ᠪᠤᠰᠤ ᠳᠠᠶᠢᠨ ᠵᠣᠭᠰᠣᠵᠤ ᠨᠠᠶᠢᠷᠠᠮᠳᠠᠯ ᠬᠢᠵᠡᠢ᠃ ᠶᠠᠫᠣᠨ ᠤ ᠲᠡᠦᠬᠡ ᠶᠢᠨ ᠡᠷᠳᠡᠮᠲᠡᠳ ᠤᠨ ᠬᠡᠯᠡᠬᠦ ᠪᠠᠷ᠂ ᠨᠤᠮᠤ ᠬᠠᠨ ᠤ ᠳᠠᠶᠢᠯᠠᠯᠳᠤᠭᠠᠨ ᠪᠣᠯ ︽ᠶᠠᠫᠣᠨ ᠤ ᠬᠠᠭᠤᠷᠠᠢ ᠵᠠᠮ ᠤᠨ ᠴᠡᠷᠢᠭ ᠤᠨ ᠲᠡᠦᠬᠡᠨ ᠳᠡᠭᠡᠷᠡᠬᠢ ᠬᠠᠮᠤᠭ ᠤᠨ ᠶᠡᠭᠡ ᠢᠯᠠᠭᠳᠠᠯ︾ ᠪᠣᠯᠤᠨ᠎ᠠ᠃ ᠲᠤᠬᠠᠢ ᠶᠢᠨ ᠦᠶ᠎ᠡ ᠳᠤ᠂ ᠸᠠᠩ ᠤᠨ ᠰᠦᠮ᠎ᠡ ᠳᠤ 5 ᠰᠠᠷ᠎ᠠ ᠭᠠᠷᠤᠢ  ᠶᠢᠨ ᠴᠢᠩᠭ᠎ᠠ ᠬᠤᠷᠢᠭᠯᠠᠯᠲᠠ ᠶᠢᠨ ᠲᠦᠷᠢᠮ ᠶᠠᠪᠤᠭᠤᠯᠪᠠ᠃ ᠳᠠᠶᠢᠨ ᠤ ᠳᠠᠷᠠᠭ᠎ᠠ᠂ ᠪᠠᠰᠠ ᠨᠢᠭᠡ ᠦᠨᠳᠦᠰᠦᠲᠡᠨ ᠤ ᠳᠤᠳᠤᠭᠠᠲᠤ ᠳᠠᠭᠠᠨ ᠠᠯᠠᠯᠳᠤᠬᠤ ᠳᠤᠷ᠎ᠠ ᠦᠭᠡᠢ ᠵᠠᠷᠢᠮ ᠳᠠᠶᠢᠨ ᠤ ᠲᠠᠯᠠᠪᠤᠷ ᠠᠴᠠ ᠳᠤᠲᠠᠭᠠᠭᠰᠠᠨ ᠳᠠᠷᠤᠭ᠎ᠠ ᠪᠠᠶᠢᠯᠳᠤᠭᠴᠢᠳ ᠢ ᠬᠠᠭᠤᠷᠤᠨ ᠮᠡᠬᠡᠯᠡᠵᠦ ᠢᠯᠪᠢᠨ ᠲᠣᠬᠤᠨᠢᠭᠤᠯᠵᠤ ᠪᠠᠶᠢᠭᠠᠳ᠂ ᠮᠠᠰᠢ ᠣᠯᠠᠨ ᠴᠡᠷᠢᠭ ᠪᠠᠶᠢᠯᠳᠤᠭᠴᠢᠳ ᠢ ᠪᠠᠷᠢᠪᠴᠢᠯᠠᠵᠤ ᠠᠯᠠᠪᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号