ᠭᠤᠲᠤᠯ ᠱᠠᠬᠠᠢ ᠤᠶᠤᠵᠦ ᠪᠦᠲᠦᠭᠡᠬᠦ ᠶᠠᠪᠤᠴᠠ
ᠨᠡᠶᠢᠲᠡᠯᠡᠭᠰᠡᠨ ᠴᠠᠭ᠄
2020/9/24
   ᠨᠢᠭᠡ ᠵᠤᠶᠢᠷᠡᠢ ᠮᠤᠩᠭᠤᠯ ᠭᠤᠳᠤᠯ ᠨᠢ ᠬᠤᠶᠠᠷ ᠤᠯᠠ᠂ ᠲᠦᠷᠪᠡᠨ ᠲᠦᠷᠡᠢ᠂ ᠲᠦᠷᠪᠡᠨ ᠵᠤᠯᠤᠭ ᠨᠡᠶᠢᠳᠡ ᠠᠷᠪᠠᠨ ᠬᠡᠰᠡᠭ ᠢᠶᠠᠷ ᠪᠦᠷᠢᠯᠳᠤᠨ᠎ᠡ᠃ ᠡᠶᠢᠮᠦ ᠠᠴᠠ ︽ᠠᠩᠭᠠᠯ ᠵᠠᠩᠭᠠᠯ ᠠᠷᠪᠠ᠂ ᠠᠶᠠᠯᠠᠨ ᠨᠡᠶᠢᠯᠡᠭᠦᠯᠪᠡᠯ ᠬᠤᠶᠠᠷ︾ ᠬᠡᠳᠡᠭ ᠤᠨᠢᠰᠤᠭ᠎ᠠ ᠪᠠᠶᠢᠳᠠᠭ᠃ ᠭᠤᠳᠤᠯ ᠤᠨ ᠦᠨᠳᠦᠰᠦᠨ ᠪᠦᠷᠢᠯᠳᠦᠬᠦᠨ ᠳᠤ ᠤᠯᠠ᠂ ᠵᠤᠯᠤᠭ᠂ ᠱᠠᠭ᠎ᠠ᠂ ᠬᠠᠮᠠᠷ᠂ ᠪᠤᠷᠪᠢ᠂ ᠰᠡᠭᠡᠷ᠂ ᠬᠠᠪᠴᠢᠶᠠᠷᠢ᠂ ᠲᠦᠷᠡᠢ᠂ ᠡᠮᠵᠢᠶᠡᠷᠢ ︵ᠤᠮᠤᠭ︶᠂ ᠠᠮᠠᠰᠠᠷ᠂ ᠪᠤᠭᠤᠮ᠎ᠠ᠂ ᠱᠠᠪᠤᠷ᠂ ᠰᠠᠡᠴᠢᠭ ᠵᠡᠷᠭᠡ ᠲᠤᠰ ᠲᠤᠰ ᠤᠨ ᠨᠡᠷ᠎ᠡ ᠳᠠᠭᠤᠳᠠᠯᠭ᠎ᠠ ᠲᠠᠢ᠃ ᠱᠠᠭ᠎ᠠ᠂ ᠰᠡᠭᠡᠷ᠂ ᠱᠠᠪᠤᠷ ᠤᠨ ᠨᠡᠶᠢᠯᠡᠪᠤᠷᠢ ᠶᠢ ᠰᠡᠡᠴᠢᠭ ᠭᠡᠳᠡᠭ ᠃ ᠭᠤᠳᠤᠯ ᠱᠠᠬᠠᠢ ᠶᠢ ᠤᠶᠤᠵᠦ ᠪᠦᠲᠦᠭᠡᠬᠦ ᠦᠨᠳᠦᠰᠦᠨ ᠶᠠᠪᠤᠴᠠ ᠨᠢ ᠲᠤᠤᠷᠠᠬᠢ ᠮᠠᠲᠦ᠄1. ᠴᠠᠪᠤᠭ ᠬᠠᠳᠠᠭᠠᠬᠤ    ᠴᠠᠪᠤᠭ ᠬᠠᠳᠠᠭᠠᠬᠤ ᠳᠤ ᠬᠠᠭᠤᠴᠢᠨ ᠳᠡᠪᠡᠯ ᠬᠤᠪᠴᠠᠰᠤᠨ ᠤ ᠪᠦᠰ ᠢ ᠤᠬᠢᠶᠠᠵᠦ ᠠᠷᠢᠯᠭᠠᠨ ᠠᠪᠤᠭᠰᠠᠨ ᠬᠤᠶᠢᠨ᠎ᠠ᠂ ᠶᠡᠭᠡ ᠰᠢᠭ ᠮᠤᠳᠤᠨ ᠬᠠᠪᠳᠠᠰᠦ ᠪᠠ ᠬᠠᠪᠳᠠᠰᠤᠨ ᠡᠬᠦᠳᠡ᠂ ᠪᠤᠳᠠᠭᠠᠨ ᠰᠢᠷᠡᠭᠡᠨ ᠤ ᠨᠢᠭᠤᠷ ᠳᠡᠭᠡᠷ᠎ᠡ ᠴᠢᠨᠠᠭᠰᠠᠨ ᠪᠤᠭᠤᠳᠠᠢ ᠶᠢᠨ ᠭᠤᠯᠢᠷ ᠪᠤᠶᠤ ᠰᠠᠭᠠᠭ ᠤᠨ ᠭᠤᠯᠢᠷ ᠤᠨ ᠨᠠᠭᠠᠯᠲᠠ ᠪᠠᠷ ᠨᠢᠭᠡ ᠨᠢᠬᠡ ᠬᠡᠰᠡᠭ ᠢᠶᠠᠷ ᠪᠦᠰ  ᠤᠨ ᠨᠢᠮᠬᠡᠨ ᠵᠤᠵᠠᠭᠠᠨ᠂ ᠦᠬᠡᠳᠡᠰᠦ ᠵᠤᠶᠢᠳᠠᠰᠦ ᠶᠢ ᠨᠢ ᠳᠠᠭᠠᠷᠠᠭᠤᠯᠵᠦ ᠳᠠᠪᠬᠤᠷᠯᠠᠨ ᠨᠠᠭᠠᠵᠦ ᠬᠠᠳᠠᠭᠠᠨ᠎ᠠ᠃ ᠵᠤᠵᠠᠭᠠᠨ ᠨᠢᠮᠬᠡᠨ ᠢ ᠭᠤᠳᠤᠯ ᠱᠠᠬᠠᠢ ᠶᠢᠨ ᠬᠡᠷᠡᠭᠴᠡᠭᠡ ᠪᠠᠨ ᠦᠨᠳᠦᠰᠦᠯᠡᠨ ᠲᠤᠬᠢᠷᠠᠭᠤᠯᠵᠦ ᠨᠠᠭᠠᠨ᠎ᠠ᠃ ᠶᠡᠷᠦ ᠳᠡᠭᠡᠨ 3 ᠠᠴᠠ 5 ᠪᠤᠶᠤ 5 ᠠᠴᠠ 7 ᠳᠠᠪᠬᠤᠷ ᠨᠠᠭᠠᠳᠠᠭ᠃ ᠡᠬᠦᠨ ᠢ ᠴᠠᠪᠤᠭ ᠬᠠᠳᠠᠭᠠᠬᠤ ᠬᠡᠨ᠎ᠡ᠃2. ᠦᠯᠢᠬᠡᠷ ᠬᠠᠶᠢᠴᠢᠯᠠᠬᠤ    ᠬᠠᠳᠠᠭᠠᠭᠰᠠᠨ ᠴᠠᠪᠤᠭ ᠳᠡᠭᠡᠷ᠎ᠡ ᠭᠤᠳᠤᠯ ᠱᠠᠬᠠᠢ ᠶᠢᠨ ᠤᠯᠠ ᠵᠤᠯᠤᠭ᠂ ᠲᠦᠷᠡᠢ ᠶᠢᠨ ᠦᠯᠢᠬᠡᠷ ᠴᠠᠭᠠᠰᠦ ᠪᠠᠨ ᠳᠠᠯᠪᠢᠵᠦ ᠰᠢᠳᠡᠭᠡᠳ ᠴᠠᠪᠤᠭ ᠢᠶᠠᠨ ᠬᠠᠶᠢᠴᠢᠯᠠᠵᠦ ᠠᠪᠳᠠᠭ᠃ ᠡᠬᠦᠨ ᠢ ᠲᠦᠷᠡᠢ ᠵᠤᠯᠤᠭ ᠬᠠᠶᠢᠴᠢᠯᠠᠬᠤ ᠬᠡᠳᠡᠭ᠃3. ᠦᠯᠢᠬᠡᠷ ᠵᠤᠵᠠᠭᠠᠯᠠᠬᠤ ︵ᠨᠠᠭᠠᠵᠦ ᠦᠩᠬᠡᠯᠡᠬᠦ︶    ᠬᠠᠳᠠᠭᠠᠭᠰᠠᠨ ᠴᠠᠪᠤᠭ ᠠᠴᠠ ᠡᠰᠬᠡᠨ ᠬᠠᠶᠢᠴᠢᠯᠠᠵᠦ ᠠᠪᠤᠭᠰᠠᠨ ᠵᠤᠯᠤᠭ ᠲᠦᠷᠡᠢ ᠶᠢ ᠭᠠᠳᠠᠷᠯᠠᠵᠦ ᠲᠤᠲᠤᠷᠯᠠᠨ᠎ᠠ᠃ ᠵᠠᠰᠠᠭᠲᠤ ᠬᠤᠷᠴᠢᠨ ᠳᠤ ᠡᠷᠡᠭᠲᠡᠢ ᠶᠢᠨ ᠭᠤᠳᠤᠯ ᠢ ᠬᠠᠷ᠎ᠠ ᠬᠦᠬᠡ ᠦᠩᠬᠡ ᠪᠠᠷ᠂ ᠡᠮᠡᠭᠲᠡᠢ ᠶᠢᠨ ᠭᠤᠳᠤᠯ ᠢ ᠨᠤᠭᠤᠭᠠᠨ᠂ ᠴᠡᠩᠭᠡᠷ ᠦᠩᠬᠡ ᠶᠢᠨ ᠪᠦᠰ᠂ ᠦᠬᠡᠳᠡᠩ ᠪᠤᠶᠤ ᠠᠷᠳᠠᠢ ᠪᠦᠰ ᠵᠡᠷᠭᠡ ᠪᠠᠷ ᠭᠠᠳᠠᠷᠯᠠᠨ ᠨᠠᠭᠠᠵᠦ᠂ ᠲᠤᠲᠤᠷ ᠢ ᠨᠢ ᠤᠯᠠᠩᠬᠢ ᠳᠠᠭᠠᠨ ᠴᠠᠭᠠᠨ ᠳᠠᠪᠤᠤ ᠪᠦᠰ ᠢᠶᠠᠷ ᠲᠤᠲᠤᠷᠯᠠᠳᠠᠭ᠃4. ᠵᠤᠯᠤᠭ ᠲᠦᠷᠡᠢ ᠬᠦᠪᠦᠷᠢᠳᠬᠦ    ᠭᠠᠳᠠᠷᠯᠠᠵᠦ ᠲᠤᠲᠤᠷᠯᠠᠭᠰᠠᠨ ᠵᠤᠯᠤᠭ ᠲᠦᠷᠡᠢ ᠪᠠᠨ ᠳᠡᠭᠰᠢ ᠰᠠᠶᠢᠬᠠᠨ ᠳᠠᠷᠤᠵᠦ ᠬᠠᠳᠠᠭᠭᠠᠭᠰᠠᠨ ᠤ ᠰᠡᠭᠦᠯᠡᠷ ᠵᠠᠰᠠᠵᠦ ᠡᠩᠨᠡᠬᠦᠯᠦᠨ ᠬᠠᠶᠢᠴᠢᠯᠠᠵᠦ ᠴᠠᠭᠠᠨ ᠤᠳᠠᠰᠦ ᠪᠠᠷ ᠬᠦᠪᠡᠭᠡ ᠢᠷᠮᠡᠭ ᠢ ᠨᠢ ᠬᠦᠪᠦᠷᠢᠳᠴᠦ ᠤᠶᠤᠨ᠎ᠠ᠃5. ᠵᠢᠷᠤᠭ ᠳᠠᠯᠪᠢᠬᠤ    ᠵᠤᠯᠤᠭ ᠪᠠ ᠲᠦᠷᠡᠢ ᠳᠡᠭᠡᠷ᠎ᠡ ᠰᠤᠩᠭᠤᠭᠰᠠᠨ ᠬᠡ ᠤᠭᠠᠯᠵᠠ ᠪᠠ ᠠᠮᠢᠲᠠᠨ ᠤᠷᠭᠤᠮᠠᠯ ᠤᠨ ᠵᠢᠷᠤᠭ ᠲᠦᠷᠰᠦ ᠶᠢ ᠭᠠᠷᠭᠠᠨ᠎ᠠ᠃ ᠰᠡᠶᠢᠯᠦᠮᠡᠯ ᠭᠤᠳᠤᠯ ᠳᠤ ᠪᠤᠯ ᠰᠢᠭᠤᠳ ᠤᠭᠠᠯᠵᠠ ᠳᠠᠯᠪᠢᠨ᠎ᠠ᠃ ᠶᠡᠷᠦ ᠳᠡᠭᠡᠨ ᠬᠠᠭᠤᠷᠠᠢ ᠤ ᠪᠠᠨ ᠰᠢᠩᠭᠡᠯᠡᠨ ᠵᠢᠭᠤᠷᠠᠵᠦ᠂ ᠳᠠᠪᠠᠨᠠ ᠪᠤᠶᠤ ᠪᠦᠳᠦᠬᠦᠨ ᠰᠢᠭ ᠵᠡᠭᠦᠦ ᠶᠢᠨ ᠲᠤᠬᠤ ᠪᠠᠷ ᠵᠢᠷᠤᠭ ᠲᠦᠷᠰᠦ ᠶᠢ ᠳᠠᠷᠤᠮᠠᠯᠯᠠᠵᠦ ᠭᠠᠷᠭᠠᠬᠤ᠂ ᠵᠢᠷᠤᠵᠦ ᠭᠠᠷᠭᠠᠬᠤ᠂ ᠰᠡᠶᠢᠯᠪᠤᠷᠢᠯᠡᠨ ᠭᠠᠷᠭᠠᠬᠤ ᠵᠡᠷᠭᠡ ᠠᠷᠭ᠎ᠠ ᠪᠠᠶᠢᠳᠠᠭ᠃6. ᠬᠡ ᠤᠭᠠᠯᠵᠠ ᠤᠶᠤᠬᠤ    ᠵᠠᠰᠠᠭᠲᠤ ᠬᠤᠷᠴᠢᠨᠴᠤᠳ ᠵᠤᠯᠤᠭ ᠲᠦᠷᠡᠢ ᠳᠡᠭᠡᠷ᠎ᠡ ᠬᠡ ᠤᠭᠠᠯᠵᠠ ᠶᠢ ᠤᠷᠢᠶᠠᠬᠤ᠂ ᠰᠡᠶᠢᠯᠬᠦ᠂ ᠨᠠᠭᠠᠬᠤ᠂ ᠰᠢᠭᠯᠠᠬᠤ᠂ ᠰᠢᠷᠢᠬᠦ᠂ ᠲᠤᠭᠤᠴᠢᠬᠤ᠂ ᠪᠤᠭᠤᠬᠤ ︵ᠨᠦᠬᠦᠬᠦ︶ ᠪᠠ ᠬᠤᠸᠠᠷ ᠬᠠᠳᠬᠤᠬᠤ ᠵᠡᠷᠭᠡ ᠪᠠᠷ ᠤᠷᠠᠯᠠᠳᠠᠭ᠃7. ᠡᠮᠵᠢᠶᠡᠷᠯᠡᠬᠦ    ᠤᠷᠢᠶᠠᠵᠦ ᠪᠠᠷᠠᠭᠰᠠᠨ ᠭᠤᠳᠤᠯ ᠤᠨ ᠲᠦᠷᠡᠢ ᠶᠢᠨ ᠳᠡᠭᠡᠷ᠎ᠡ ᠲᠠᠯ᠎ᠠ ᠶᠢᠨ ᠢᠷᠮᠡᠭ᠂ ᠳᠠᠷᠤᠢ ᠭᠤᠳᠤᠯ ᠤᠨ ᠤᠮᠤᠭ  ᠢ ᠬᠤᠶᠠᠷ ᠭᠤᠷᠪᠠᠨ ᠬᠤᠷᠤᠭᠤ ᠬᠢᠷᠢ ᠦᠷᠭᠡᠨ ᠬᠤᠷᠭᠤᠢ ᠪᠤᠶᠤ ᠬᠤᠸᠠᠷᠲᠠᠢ ᠦᠩᠭᠡᠲᠡᠢ ᠪᠦᠰ ᠢᠶᠠᠷ ᠬᠦᠪᠡᠭᠡᠯᠡᠨ ᠭᠤᠶᠤᠯᠠᠬᠤ ᠶᠢ ᠡᠮᠵᠢᠶᠡᠷᠯᠡᠬᠦ ᠭᠡᠳᠡᠭ᠃ ᠢᠰᠡᠭᠡᠢ ᠤᠶᠢᠮᠤᠰᠦ ᠶᠢᠨ ᠤᠮᠤᠭ ᠢ ᠴᠦ ᠢᠩᠬᠢᠵᠦ ᠭᠤᠶᠤᠳᠠᠭ᠃8. ᠤᠯᠠ ᠨᠠᠭᠠᠬᠤ    ᠤᠷᠢᠳ ᠢᠶᠠᠷ ᠬᠡᠥᠬᠡᠨ ᠤᠯᠠ ᠶᠢ ᠨᠠᠭᠠᠵᠦ ᠭᠠᠷᠭᠠᠨ᠎ᠠ᠃ ᠬᠡᠥᠬᠡᠨ ᠤᠯᠠ ᠨᠠᠭᠠᠬᠤ ᠶᠢ ᠬᠠᠳᠠᠭᠠᠭᠰᠠᠨ ᠴᠠᠪᠤᠭ  ᠠᠴᠠ ᠡᠰᠬᠡᠵᠦ ᠠᠪᠤᠭᠰᠠᠨ ᠤᠯᠠ ᠪᠠᠨ ᠵᠤᠵᠠᠭᠠᠯᠠᠨ ᠨᠠᠭᠠᠵᠦ᠂ ᠳᠠᠷᠠᠭ᠎ᠠ ᠨᠢ ᠬᠡᠥᠬᠡᠨ ᠤᠯᠠ ᠪᠠᠨ ᠨᠤᠭᠤᠭᠠᠨ ᠪᠤᠶᠤ ᠴᠡᠩᠭᠡᠷ ᠦᠩᠬᠡ ᠶᠢᠨ ᠪᠦᠰ ᠢᠶᠠᠷ ᠬᠦᠪᠡᠭᠡᠯᠡᠨ ᠪᠤᠭᠤᠵᠦ ᠨᠠᠭᠠᠨ ᠴᠢᠮᠡᠭᠯᠡᠳᠡᠭ᠃ ᠡᠬᠦᠨ ᠤ ᠳᠠᠷᠠᠭ᠎ᠠ ᠨᠢ ᠬᠡᠥᠬᠡᠨ ᠤᠯᠠ ᠶᠢᠨ ᠢᠶᠠᠨ ᠬᠦᠪᠡᠭᠡ ᠶᠢ ᠴᠠᠭᠠᠨ ᠪᠦᠰ ᠢᠶᠠᠷ ᠨᠢᠭᠡ ᠨᠢᠬᠡ ᠳᠠᠪᠬᠤᠷ ᠢᠶᠠᠷ ᠬᠦᠪᠡᠭᠡᠯᠡᠨ ᠨᠠᠭᠠᠮᠠᠯ ᠤᠯᠠ ᠪᠤᠯᠭᠠᠵᠦ ᠂ ᠬᠡᠥᠬᠡᠨ ᠤᠯᠠ ᠶᠢᠨ ᠳᠡᠭᠡᠷ᠎ᠡ 4 - 7 ᠳᠠᠪᠬᠤᠷ ᠳᠠᠪᠬᠤᠷᠯᠠᠨ ᠨᠠᠭᠠᠵᠦ ᠭᠤᠳᠤᠯ ᠤᠨ ᠤᠯᠠ ᠪᠠᠨ ᠵᠤᠵᠠᠭᠠᠯᠠᠨ᠎ᠠ᠃ ᠬᠠᠮᠤᠭ ᠭᠠᠳᠠᠷ ᠳᠠᠯ᠎ᠠ ᠶᠢᠨ ᠤᠯᠠ ᠶᠢ ᠰᠢᠨ᠎ᠡ ᠴᠠᠭᠠᠨ ᠪᠦᠰ ᠢᠶᠠᠷ ᠪᠦᠬᠦᠨ ᠢ ᠨᠢᠭᠤᠷᠯᠠᠨ ᠨᠠᠭᠠᠵᠦ ᠳᠠᠷᠤᠨ᠎ᠠ᠃9. ᠤᠯᠠ ᠤᠶᠤᠬᠤ ︵ᠤᠯᠠ ᠰᠢᠷᠢᠬᠦ︶    ᠨᠠᠭᠠᠵᠦ ᠬᠠᠳᠠᠭᠠᠭᠰᠠᠨ ᠤᠯᠠ ᠪᠠᠨ ᠳᠠᠮᠤᠭᠰᠠᠨ ᠤᠯᠤᠰᠤᠨ ᠤᠳᠠᠰᠦ ᠪᠠᠷ ᠰᠢᠷᠢᠵᠦ ᠤᠶᠤᠳᠠᠭ᠃ ᠤᠯᠠ ᠰᠢᠷᠢᠬᠦ  ᠳᠤ ᠤᠯᠤᠰᠦᠨ ᠤᠳᠠᠰᠦ᠂ ᠳᠠᠪᠠᠨᠠ ᠵᠡᠬᠦᠦ᠂ ᠰᠢᠪᠦᠭᠡ ᠬᠡᠷᠡᠭᠯᠡᠵᠦ ᠤᠶᠤᠳᠠᠭ᠃ ᠤᠯᠠ ᠶᠢ ᠰᠢᠷᠢᠬᠦ ᠳᠤ ᠳᠠᠪᠬᠤᠷ ᠲᠤᠭᠤᠷᠢᠭᠤᠯᠵᠦ ᠰᠢᠷᠢᠭᠰᠡᠨ ᠬᠤᠶᠢᠨ᠎ᠠ ᠲᠤᠲᠤᠷᠠᠬᠢ ᠶᠢ ᠨᠢ ᠮᠦᠷ ᠳᠠᠷᠠᠭᠠᠯᠠᠨ ᠠᠯᠭᠠᠰᠠᠭᠤᠯᠤᠨ ᠬᠠᠳᠬᠤᠵᠦ ᠰᠢᠷᠢᠳᠡᠭ᠃ ᠤᠳᠠᠰᠦᠨ ᠨᠢᠲᠦ ᠨᠢᠭᠲᠠ ᠪᠦᠬᠡᠳ ᠵᠢᠭᠳᠡᠬᠡᠨ ᠪᠠᠶᠢᠪᠠᠯ ᠭᠤᠶᠤ ᠬᠠᠷᠠᠭᠳᠠᠳᠠᠭ᠂ ᠬᠡᠥᠬᠡᠳ ᠤᠨ ᠱᠠᠬᠠᠢ ᠭᠤᠳᠤᠯ ᠤᠨ ᠤᠯᠠ ᠶᠢᠨ ᠨᠢᠲᠦ ᠶᠢ ᠳᠡᠮᠡᠢ ᠤᠶᠢᠷᠠᠬᠠᠨ ᠰᠢᠷᠢᠳᠡᠭ ᠦᠬᠡᠢ᠃10. ᠤᠯᠠ ᠵᠠᠨᠴᠢᠬᠤ    ᠤᠯᠠ ᠪᠠᠨ ᠰᠢᠷᠢᠵᠦ ᠪᠠᠷᠠᠪᠠᠯ ᠤᠯᠠᠯᠠᠬᠤ ᠳᠤ ᠳᠡᠭᠰᠢᠬᠡᠨ ᠪᠠᠶᠢᠯᠭᠠᠬᠤ ᠶᠢ ᠪᠤᠳᠤᠵᠦ ᠵᠢᠭᠠᠬᠠᠨ ᠤᠰᠤ ᠰᠡᠪᠢᠵᠦ ᠴᠢᠬᠢᠭᠳᠦᠬᠦᠯᠦᠬᠡᠳ ᠰᠦᠬᠡ ᠪᠤᠶᠤ ᠳᠤᠬᠢᠭᠤᠷ ᠢᠶᠠᠷ ᠳᠠᠪᠳᠠᠵᠦ ᠵᠠᠨᠴᠢᠨ ᠳᠡᠭᠰᠢᠯᠡᠨ᠎ᠡ᠃11. ᠭᠤᠳᠤᠯ ᠨᠡᠶᠢᠯᠡᠭᠦᠯᠬᠦ    ᠭᠤᠳᠤᠯ ᠨᠡᠶᠢᠯᠡᠭᠦᠯᠬᠦ ᠳᠤ ᠤᠷᠢᠳ ᠢᠶᠠᠷ ᠭᠤᠳᠤᠯ ᠢ ᠪᠤᠭᠤᠮᠠᠯᠠᠨ᠎ᠠ᠃ ᠭᠤᠳᠤᠯ ᠪᠤᠭᠤᠮᠠᠯᠠᠨ᠎ᠠ ᠬᠡᠳᠡᠭ ᠨᠢ ᠵᠤᠯᠤᠭ ᠲᠦᠷᠡᠢ ᠬᠤᠶᠠᠷ ᠢ ᠪᠤᠭᠤᠮ᠎ᠠ ᠬᠠᠪᠴᠢᠵᠦ ᠨᠡᠶᠢᠯᠡᠬᠦᠯᠬᠦ ᠶᠢ ᠬᠡᠯᠡᠨ᠎ᠡ᠃ ᠪᠤᠭᠤᠮ᠎ᠠ ᠬᠠᠪᠴᠢᠬᠤ ᠳᠤ ᠶᠡᠷᠦ  ᠳᠡᠭᠡᠨ ᠪᠦᠰ ᠪᠤᠶᠤ ᠨᠢᠮᠬᠡᠨ ᠠᠷᠠᠰᠦ ᠪᠠᠷ ᠳᠠᠩ ᠪᠤᠶᠤ ᠭᠤᠷᠪᠠᠨ ᠳᠠᠪᠬᠤᠷ ᠬᠠᠪᠴᠢᠶ᠋ᠴᠷᠢ ᠭᠠᠷᠭᠠᠳᠠᠭ᠃ ᠬᠠᠪᠴᠢᠵᠦ ᠪᠠᠷᠠᠭᠰᠠᠨ ᠤ ᠳᠠᠷᠠᠭ᠎ᠠ᠂ ᠤᠰᠤ ᠰᠦᠷᠴᠢᠨ ᠳᠡᠪᠳᠦᠬᠡᠵᠦ ᠰᠦᠬᠡ ᠪᠠᠷ ᠳᠠᠪᠳᠠᠵᠦ ᠳᠡᠭᠰᠢᠯᠡᠵᠦ ᠰᠠᠭᠤᠯᠭᠠᠨ᠎ᠠ᠃  ᠳᠠᠷᠠᠭ᠎ᠠ ᠨᠢ ᠭᠤᠳᠤᠯ ᠬᠠᠪᠴᠢᠨ᠎ᠠ᠃ ᠭᠤᠳᠤᠯ ᠬᠠᠪᠴᠢᠬᠤ ᠬᠡᠳᠡᠭ ᠨᠢ ᠭᠤᠳᠤᠯ ᠤᠨ ᠬᠤᠩᠰᠢᠶᠠᠷ ᠪᠤᠷᠪᠢ ᠶᠢ ᠬᠠᠪᠰᠤᠨ ᠨᠡᠶᠢᠯᠡᠬᠦᠯᠵᠦ ᠬᠠᠪᠴᠢᠬᠤ ᠶᠢ ᠬᠡᠯᠡᠨ᠎ᠡ᠃ ᠭᠤᠷᠪᠠᠨ ᠳᠠᠪᠬᠤᠷ ᠳᠡᠰᠡᠮ᠎ᠡ ᠤᠷᠤᠭᠤᠯᠤᠨ ᠨᠡᠶᠢᠯᠡᠬᠦᠯᠵᠦ ᠬᠠᠪᠴᠢᠨ᠎ᠠ᠃ ᠬᠤᠨᠢ ᠢᠮᠡᠭᠠᠨ ᠤ ᠨᠢᠮᠬᠡᠨ ᠢᠯᠬᠢᠨ ᠠᠷᠠᠰᠦ ᠪᠤᠶᠤ ᠬᠢᠳᠠᠳ ᠮᠠᠶ᠋ᠢᠭ ᠤᠨ ᠪᠤᠯᠭᠤᠵᠦ ᠦᠩᠭᠡᠳᠦᠭᠰᠡᠨ ᠬᠠᠷ᠎ᠠ ᠠᠷᠠᠰᠦ ᠶᠢ ᠬᠡᠷᠡᠭᠯᠡᠵᠦ ᠳᠡᠰᠡᠮ᠎ᠡ ᠬᠢᠳᠡᠭ᠃ ᠬᠤᠩᠰᠢᠶᠠᠷ ᠪᠤᠷᠪᠢ ᠪᠠᠨ ᠨᠡᠶᠢᠯᠡᠬᠦᠯᠵᠦ ᠪᠠᠷᠠᠭᠰᠠᠨ ᠤ ᠰᠡᠬᠦᠯᠡᠷ᠂ ᠪᠠᠰᠠ ᠳᠡᠪᠳᠦᠭᠡᠵᠦ ᠰᠦᠬᠡ ᠪᠠᠷ ᠳᠠᠪᠳᠠᠨ ᠡᠷᠬᠢᠬᠦᠯᠵᠦ ︵ᠤᠷᠪᠠᠭᠤᠯᠵᠦ︶ ᠭᠠᠷᠭᠠᠨ᠎ᠠ᠃12. ᠭᠤᠳᠤᠯ ᠤᠯᠠᠯᠠᠬᠤ    ᠵᠤᠯᠤᠭ ᠪᠠ ᠤᠯᠠ ᠶᠢ ᠨᠡᠶᠢᠯᠡᠬᠦᠯᠵᠦ ᠤᠶᠤᠬᠤ ᠶᠢ ᠬᠡᠯᠡᠨ᠎ᠡ᠃ ᠤᠷᠢᠳ ᠢᠶᠠᠷ ᠵᠤᠯᠤᠭ ᠪᠠ ᠤᠯᠠ ᠶᠢ ᠶᠠᠪ ᠴᠠᠪ ᠲᠤᠬᠢᠷᠠᠭᠤᠯᠵᠦ ᠲᠤᠪᠬᠢᠵᠦ ᠲᠤᠭᠳᠠᠭᠠᠨ᠎ᠠ᠃ ᠳᠠᠷᠠᠭ᠎ᠠ ᠨᠢ ᠬᠤᠶᠠᠷ ᠦᠵᠦᠬᠦᠷ ᠨᠢ ᠪᠦᠰ ᠰᠦᠪᠡᠭᠴᠢ ᠲᠠᠢ ᠳᠠᠮᠤᠭᠰᠠᠨ ᠤᠯᠤᠰᠤᠨ ᠤᠳᠠᠰᠦ ᠬᠡᠷᠡᠭᠯᠡᠵᠦ᠂ ᠰᠢᠪᠦᠭᠡ ᠪᠠᠷ ᠴᠤᠭᠤᠯᠤᠭᠰᠠᠨ ᠨᠦᠬᠡ ᠪᠠᠷ ᠳᠠᠮᠤᠭᠰᠠᠨ ᠤᠯᠤᠰᠤᠨ ᠤᠳᠠᠰᠦ ᠪᠠᠨ ᠨᠢᠭᠡ ᠨᠢᠭᠡ ᠪᠠᠷ ᠨᠢ ᠰᠦᠪᠡᠯᠡᠵᠦ ᠨᠦᠬᠦᠬᠡ ᠲᠠᠯ᠎ᠠ ᠪᠠᠷ ᠨᠢ ᠳᠠᠳᠠᠵᠦ ᠭᠠᠷᠭᠠᠭᠠᠳ ᠬᠤᠶᠠᠷ ᠰᠦᠪᠡᠭᠴᠢ ᠪᠠᠷ ᠴᠤᠭ  ᠢᠶᠠᠷ ᠳᠠᠳᠠᠵᠦ ᠰᠦᠯᠵᠢᠨ ᠴᠢᠩᠭᠠᠯᠠᠳᠠᠭ᠃13. ᠭᠤᠳᠤᠯ ᠬᠡᠯᠪᠢᠬᠦ    ᠤᠶᠤᠵᠦ ᠪᠦᠳᠦᠭᠡᠭᠰᠡᠨ ᠭᠤᠳᠤᠯ ᠢᠶᠠᠨ ᠪᠠᠭ᠎ᠠ ᠤᠰᠤ ᠰᠦᠷᠴᠢᠵᠦ ᠴᠢᠬᠢᠭᠳᠦᠬᠦᠯᠦᠭᠡᠳ ᠬᠠᠭᠤᠷᠠᠢ ᠬᠤᠮᠠᠭ ᠪᠤᠶᠤ ᠬᠦᠪᠦᠩ᠂ ᠬᠠᠭᠤᠴᠢᠨ ᠪᠦᠰ ᠪᠠᠷᠠᠭ᠎ᠠ ᠶᠢ ᠴᠢᠬᠢᠵᠦ ᠬᠢᠭᠡᠳ ᠳᠠᠷᠠᠭ᠎ᠠ ᠨᠢ ᠲᠤᠰᠬᠠᠢ ᠬᠡᠯᠪᠢᠬᠦᠷ ᠮᠤᠲᠤ ᠪᠠᠷ ᠴᠢᠭᠵᠢᠬᠦᠯᠦᠨ ᠨᠦᠳᠦᠵᠦ ᠴᠢᠩᠭᠠᠯᠠᠨ᠂ ᠭᠤᠳᠤᠯ ᠤᠨ ᠬᠡᠯᠪᠡᠷᠢ ᠮᠠᠶ᠋ᠢᠭ ᠢ ᠵᠠᠰᠠᠨ ᠭᠠᠷᠭᠠᠬᠤ ᠶᠢ ᠭᠤᠳᠤᠯ ᠬᠡᠯᠪᠢᠬᠦ ᠭᠡᠳᠡᠭ᠃ ᠨᠢᠭᠡ ᠵᠤᠶᠢᠷᠡᠢ ᠮᠤᠩᠭᠤᠯ ᠭᠤᠳᠤᠯ ᠨᠢ ᠡᠳᠡᠭᠡᠷ ᠶᠠᠪᠤᠴᠠ ᠶᠢ ᠦᠩᠬᠡᠷᠡᠭᠦᠯᠵᠦ ᠪᠦᠳᠦᠳᠡᠭ ᠲᠤᠯᠠ ᠠᠳᠠᠭ  ᠲᠠᠭᠠᠨ ᠰᠠᠷ᠎ᠠ ᠲᠦᠴᠢ ᠬᠤᠨᠤᠭ ᠤᠨ ᠤᠶᠤᠳᠠᠯ ᠬᠦᠳᠡᠯᠮᠤᠷᠢ ᠵᠠᠷᠤᠴᠠᠭᠤᠯᠳᠠᠭ ᠶᠤᠮ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号