ᠨᠢᠬᠡ᠂ ᠬᠤᠪᠴᠠᠰᠦ ᠶᠢᠨ ᠲᠠᠶᠢᠯᠪᠤᠷᠢ | ᠬᠤᠪᠴᠠᠰᠦ ᠵᠠᠰᠠᠯ ᠪᠤᠯ ᠵᠤᠬᠢᠬᠤ ᠴᠠᠭ ᠦᠶ᠎ᠡ᠂ ᠵᠤᠬᠢᠬᠤ ᠨᠤᠲᠤᠭ ᠤᠰᠤᠨ ᠤ ᠬᠦᠮᠦᠨ᠂ ᠪᠠᠶᠢᠭᠠᠯᠢ᠂ ᠨᠡᠶᠢᠬᠡᠮ | ᠭᠤᠷᠪᠠ ᠶᠢᠨ ᠢᠳᠡᠭᠡᠰᠢᠯ ᠤᠶᠠᠯᠳᠤᠯ ᠤᠨ ᠲᠤᠮᠳᠠ ᠪᠤᠳᠠᠳᠦ ᠪᠡᠶᠡᠯᠡᠯ ᠢᠶᠠᠨ ᠤᠯᠵᠦ᠂ ᠨᠡᠶᠢᠬᠡᠮ ᠤᠨ ᠬᠦᠭᠵᠢᠯᠲᠡ ᠶᠢ | ᠳᠠᠭᠠᠯᠳᠤᠨ᠂ ᠳᠠᠰᠤᠷᠠᠯᠲᠠ ᠦᠬᠡᠢ ᠬᠤᠪᠢᠰᠤᠨ ᠦᠬᠡᠷᠡᠴᠢᠯᠡᠭᠳᠡᠳᠡᠭ ᠤᠶᠤᠨ ᠤ ᠪᠠᠶᠠᠯᠢᠭ ᠮᠦᠨ᠃ ᠵᠠᠰᠠᠭᠲᠤ | ᠮᠤᠩᠭᠤᠯᠴᠤᠳ ᠤᠨ ᠬᠤᠪᠴᠠᠰᠦ ᠵᠠᠰᠠᠯ ᠤᠨ ᠳᠠᠯ᠎ᠠ ᠪᠠᠷ ᠦᠪᠡᠷᠮᠢᠴᠡ ᠤᠨᠴᠠᠯᠢᠭ ᠲᠠᠢ ᠪᠠᠶᠢᠵᠦ᠂ ᠴᠠᠭ ᠦᠶ᠎ᠡ ᠶᠢᠨ | ᠳᠠᠪᠰᠢᠯᠲᠠ ᠶᠢ ᠳᠠᠭᠠᠯᠲᠤᠨ ᠤᠯᠠᠮᠵᠢᠯᠠᠯᠲᠤ ᠬᠤᠪᠴᠠᠰᠦ ᠵᠠᠰᠠᠯ ᠢᠶᠠᠨ ᠨᠡᠩ ᠭᠤᠶᠤ ᠭᠡᠭᠡᠨᠴᠢᠷ ᠪᠤᠯᠭᠠᠭᠰᠠᠭᠠᠷ ᠢᠷᠡᠵᠡᠢ | ᠃ | ᠵᠠᠰᠠᠭᠲᠤ ᠮᠤᠩᠭᠤᠯᠴᠤᠳ ᠡᠪᠦᠯ ᠤᠨ ᠤᠯᠠᠷᠢᠯ ᠳᠤ ᠨᠡᠬᠡᠢ ᠳᠡᠪᠡᠯ᠂ ᠭᠠᠳᠠᠷ ᠲᠠᠢ ᠨᠡᠬᠡᠢ ᠳᠡᠪᠡᠯ᠂ ᠢᠮᠠᠭᠠᠨ | ᠠᠷᠠᠰᠦᠨ ᠳᠠᠬᠤ᠂ ᠠᠷᠠᠰᠦᠨ ᠦᠮᠦᠳᠦ᠂ ᠬᠦᠪᠦᠩ ᠦᠮᠦᠲᠦ ᠡᠮᠦᠰᠳᠡᠭ᠃ ᠬᠠᠪᠤᠷ ᠨᠠᠮᠤᠷ ᠤᠨ ᠤᠯᠠᠷᠢᠯ ᠳᠤ | ᠴᠠᠭᠠᠮᠠᠯ ᠪᠠ ᠭᠠᠳᠠᠷ ᠲᠠᠢ ᠦᠵᠦᠭᠦᠷ ᠳᠡᠪᠡᠯ ︵ᠵᠤᠪᠴᠠᠭ᠎ᠠ︶ ᠰᠠᠩᠰᠠᠨ ᠳᠡᠪᠡᠯ᠂ ᠪᠦᠬᠡᠨᠴᠡ ᠳᠡᠪᠡᠯ᠂ ᠳ᠋ᠤᠯᠤᠤᠷ | ᠳᠡᠪᠡᠯ᠂ ᠬᠤᠷᠠᠭᠠᠨ ᠳᠡᠪᠡᠯ᠂ ︵ᠬᠦᠷᠦᠪᠡᠨ ᠳᠡᠪᠡᠯ︶ ᠢᠰᠢᠬᠡᠨ ᠳᠡᠪᠡᠯ ︵ᠦᠨᠦᠬᠡᠨ ᠳᠡᠪᠡᠯ︶ ᠫᠠᠮᠠ ︵ᠬᠦᠪᠦᠩ | ᠳᠡᠷᠯᠢᠭ︶ ᠢᠯᠭᠡᠨ ᠦᠮᠦᠳᠦ᠂ ᠬᠦᠪᠦᠩ ᠦᠮᠦᠳᠦ᠂ ᠭᠤᠴᠤᠭ ︵ᠡᠪᠦᠳᠦᠭᠴᠢ︶ ᠡᠮᠦᠰᠦᠨ᠎ᠡ᠃ ᠵᠤᠨ ᠤ ᠤᠯᠠᠷᠢᠯ | ᠳᠤ ᠬᠠᠨᠳᠠᠭᠠᠴᠠ᠂ ᠴᠠᠮᠴᠠ᠂ ᠵᠠᠭᠠᠳᠠ ︵ᠳᠠᠪᠬᠤᠷ ᠳᠡᠷᠯᠢᠭ︶᠂ ᠳᠠᠩ ᠦᠮᠦᠳᠦ᠂ ᠳᠠᠪᠬᠤᠷ ᠪᠦᠰ ᠦᠮᠦᠳᠦ | ᠡᠮᠦᠰᠳᠡᠭ᠃ | ᠵᠠᠰᠠᠭᠳᠤᠴᠤᠳ ᠤᠨ ᠮᠠᠯᠠᠭᠠᠢ ᠪᠦᠰᠡ ᠶᠢᠨ ᠬᠤᠪᠢ ᠳᠤ ᠡᠪᠦᠯ᠂ ᠬᠠᠪᠤᠷ᠂ ᠨᠠᠮᠤᠷ ᠤᠨ ᠰᠡᠷᠢᠬᠦᠨ ᠴᠠᠭ ᠲᠤ | ᠪᠦᠴᠡᠯᠡᠬᠦᠷ ᠮᠠᠯᠠᠭᠠᠢ᠂ ᠮᠠᠬᠤᠵᠠ ᠮᠠᠯᠠᠭᠠᠢ᠂ ᠲᠤᠭᠤᠷᠢᠭᠤᠯ ᠮᠠᠯᠠᠭᠠᠢ ᠵᠡᠬᠦᠵᠦ᠂ ᠮᠠᠯᠠᠭᠠᠢ ᠳᠤ ᠪᠠᠨ ᠬᠠᠯᠢᠭᠤ᠂ | ᠪᠤᠯᠠᠭ᠎ᠠ᠂ ᠦᠨᠡᠭᠡ᠂ ᠬᠢᠷᠰᠠ᠂ ᠬᠤᠷᠠᠭᠠᠨ ᠠᠷᠠᠰᠦ᠂ ᠰᠠᠩᠰᠠᠨ ᠠᠷᠠᠰᠦ ᠬᠠᠳᠠᠳᠠᠭ᠃ ᠵᠤᠨ ᠤ ᠤᠯᠠᠷᠢᠯ ᠪᠤᠶᠤ | ᠲᠤᠯᠠᠭᠠᠨ ᠴᠠᠭ ᠲᠤ ᠲᠤᠭᠤᠷᠴᠤᠭ ᠮᠠᠯᠠᠭᠠᠢ ᠪᠤᠶᠤ ᠴᠠᠭᠠᠨ ᠪᠦᠰ ᠠᠯᠴᠢᠭᠤᠷ ᠢ ᠬᠤᠰᠢᠭᠤᠴᠢᠯᠠᠨ ᠲᠤᠯᠤᠭᠠᠢ ᠳᠤ | ᠤᠷᠢᠶᠠᠳᠠᠭ ᠵᠠᠩᠰᠢᠯ ᠲᠠᠢ᠃ ᠡᠮᠡᠭᠳᠡᠶᠢᠴᠤᠳ ᠤᠨ ᠲᠤᠯᠤᠭᠠᠢ ᠶᠢᠨ ᠵᠠᠰᠠᠯ᠂ ᠠᠯᠴᠢᠭᠤᠷ ᠴᠢᠬᠢᠪᠴᠢ᠂ ᠵᠡᠬᠦᠪᠴᠢ | ᠵᠡᠷᠭᠡ ᠪᠠᠶᠢᠳᠠᠭ᠃ ᠵᠠᠰᠠᠭᠲᠤᠴᠤᠳ ᠮᠦᠩᠬᠦᠨ ᠪᠦᠰᠡ᠂ ᠲᠤᠷᠭᠠᠨ ᠪᠦᠰᠡ᠂ ᠪᠦᠰ ᠪᠦᠰᠡ᠂ ᠰᠤᠷ ᠪᠦᠰᠡ | ᠪᠦᠰᠡᠯᠡᠳᠡᠭ ᠶᠤᠮ᠃ | ᠵᠠᠰᠠᠭᠲᠤᠴᠤᠳ ᠤᠨ ᠭᠤᠳᠤᠯ ᠤᠨ ᠬᠤᠪᠢ ᠳᠤ ᠬᠡᠯᠡᠪᠡᠯ᠂ ᠪᠤᠯᠢᠭᠠᠷᠢᠨ ᠭᠤᠳᠤᠯ᠂ ᠦᠬᠡᠳᠡᠩ ᠭᠤᠳᠤᠯ᠂ ᠪᠦᠰ | ᠭᠤᠳᠤᠯ᠂ ᠢᠰᠡᠭᠡᠢ ᠭᠤᠳᠤᠯ᠂ ᠢᠰᠡᠬᠡᠢ ᠪᠤᠶᠢᠪᠤᠭ᠂ ᠠᠷᠠᠰᠦᠨ ᠭᠤᠳᠤᠯ ᠡᠳ᠋ᠯᠡᠨ᠂ ᠶᠡᠷᠦ ᠳᠤ ᠪᠠᠨ ᠤᠶᠤᠮᠠᠯ ᠪᠦᠰ | ᠭᠤᠳᠤᠯ ᠡᠮᠦᠰᠦᠨ᠎ᠡ᠃ ᠢᠰᠡᠬᠡᠢ ᠭᠤᠳᠤᠯ᠂ ᠳᠡᠩᠳᠡᠮᠤᠨ ᠭᠤᠳᠤᠯ ᠢ ᠳᠡᠰᠬᠢᠮ᠎ᠡ ᠬᠦᠢᠳᠡᠨ ᠳᠤ ᠮᠠᠯ ᠠᠳᠤᠭᠤ | ᠬᠠᠷᠢᠭᠤᠯᠵᠦ ᠮᠠᠨᠠᠬᠤ᠂ ᠠᠶᠠᠨ ᠵᠢᠩ ᠳᠤ ᠶᠠᠪᠤᠬᠤ ᠳᠠᠭᠠᠨ ᠡᠮᠦᠰᠳᠡᠭ᠃ ᠢᠰᠡᠬᠡᠢ ᠪᠤᠶᠢᠪᠤᠭ᠂ ᠠᠷᠠᠰᠦᠨ ᠪᠤᠶᠢᠪᠤᠭ ᠢ | ᠨᠢᠯᠬ᠎ᠠ ᠬᠡᠥᠬᠡᠳ ᠲᠤ ᠡᠮᠦᠰᠬᠡᠳᠡᠭ᠃ | ᠮᠤᠩᠭᠤᠯᠴᠤᠳ ᠤᠨ ᠡᠨᠡᠬᠦ ᠪᠠᠶᠢᠭᠠᠯᠢ ᠠᠮᠢᠳᠤᠷᠠᠯ ᠠᠴᠠ ᠪᠠᠨ ᠡᠬᠦᠰᠦᠭᠰᠡᠨ ᠡᠮᠦᠰᠬᠡᠯ ᠵᠡᠬᠦᠳᠡᠯ ᠤᠨ ᠰᠤᠶᠤᠯ | ᠢᠶᠠᠷ ᠢᠶᠠᠨ ᠳᠠᠮᠵᠢᠵᠦ ᠦᠶ᠎ᠡ ᠳᠠᠮᠵᠢᠭᠰᠠᠨ ᠤᠯᠠᠨ ᠰᠠᠶᠢᠬᠠᠨ ᠰᠤᠷᠭᠠᠯ ᠦᠬᠡ᠂ ᠵᠤᠶᠢᠷ ᠰᠡᠴᠡᠨ ᠶᠠᠷᠢᠶ᠎ᠠ ᠨᠢ ᠤᠳᠤ | ᠪᠤᠯᠳᠠᠯ᠎ᠠ ᠠᠷᠠᠳ ᠤᠨ ᠲᠤᠮᠳᠠ ᠤᠯᠠᠮᠵᠢᠯᠠᠭᠳᠠᠭᠰᠠᠭᠠᠷ ᠶᠤᠮ᠃ ᠵᠢᠱᠢᠶᠡᠯᠡᠪᠡᠯ᠄ ︽ᠬᠦᠮᠦᠨ ᠡᠮᠦᠰᠬᠦ ᠪᠠᠷ᠂ ᠮᠠᠯ | ᠮᠢᠬ᠎ᠠ ᠪᠠᠷ︾᠂ ︽ᠮᠠᠯ ᠡᠵᠡᠨ ᠢᠶᠠᠨ᠂ ᠮᠠᠯᠠᠭᠠᠢ ᠲᠤᠯᠤᠭᠠᠢ ᠪᠠᠨ︾᠂ ︽ᠳᠡᠪᠡᠯ ᠤᠨ ᠵᠠᠭᠠᠮ᠎ᠠ ᠨᠢ ᠳᠡᠭᠰᠢ ᠪᠤᠯ | ᠲᠦᠷᠪᠡᠨ ᠬᠤᠷᠮᠤᠢ ᠨᠢ ᠳᠡᠭᠰᠢ︾᠂ ︽ᠬᠦᠮᠦᠨ ᠲᠦᠷᠦᠬᠦᠦ ᠲᠠᠢ᠂ ᠳᠡᠪᠡᠯ ᠵᠠᠭᠠᠮ᠎ᠠ ᠲᠠᠢ︾ ᠁ ᠬᠡᠬᠦ ᠵᠡᠷᠭᠡ | ᠠᠵᠢᠯ ᠠᠮᠢᠳᠤᠷᠠᠯ ᠳᠤ ᠠᠴᠢ ᠲᠤᠰᠠᠳᠠᠢ ᠰᠤᠶᠤᠯ ᠰᠤᠷᠭᠠᠯ ᠤᠳ ᠪᠠᠶᠢᠳᠠᠭ ᠶᠤᠮ᠃ | ᠴᠠᠮᠴᠠ — ᠵᠤᠨ ᠤ ᠤᠯᠠᠷᠢᠯ ᠳᠤ ᠡᠮᠦᠰᠬᠦ ᠳᠠᠩ ᠳᠡᠷᠯᠢᠭ᠂ ᠲᠤᠷᠭ᠎ᠠ᠂ ᠪᠦᠰ᠂ ᠴᠢᠰᠴᠠᠦ ᠪᠠᠷ ᠬᠢᠳᠡᠭ᠃ | ᠡᠷᠡᠭᠲᠡᠢ ᠡᠮᠡᠭᠳᠡᠢ ᠶᠢᠨ ᠬᠢ ᠦᠩᠬᠡ ᠪᠠᠷ ᠢᠯᠭᠠᠵᠦ᠂ ᠡᠷᠡᠭᠲᠡᠢ ᠶᠢᠨ ᠳᠡᠪᠡᠯ ᠢ ᠴᠢᠮᠬᠢᠵᠦ ᠡᠮᠵᠢᠶᠡᠷᠢᠯᠡᠨ᠂ ᠡᠮᠡᠭᠲᠡᠢ | ᠶᠢᠨ ᠴᠠᠮᠴᠠ ᠶᠢ ᠬᠤᠰᠢᠯᠠᠵᠦ ᠡᠮᠵᠢᠶᠡᠷᠢᠯᠡᠳᠡᠭ᠃ | ᠵᠠᠭᠠᠳᠠ — ᠳᠠᠪᠬᠤᠷ ᠳᠡᠷᠯᠢᠭ᠃ ᠮᠦᠨ ᠴᠦ ᠪᠦᠰ᠂ ᠲᠤᠷᠭ᠎ᠠ᠂ ᠴᠢᠰᠴᠠᠦ᠂ ᠳᠡᠯᠢᠩᠪᠦ ᠵᠡᠷᠭᠡ ᠪᠠᠷ ᠬᠢᠵᠦ | ᠡᠮᠵᠢᠶᠡᠷᠢ᠂ ᠬᠤᠰᠢᠯᠠᠩ ᠨᠢ ᠴᠠᠮᠴᠠ ᠶᠢᠨ ᠦᠩᠬᠡ ᠳᠡᠭᠡᠨ ᠵᠤᠬᠢᠴᠠᠭᠤᠯᠤᠨ ᠳᠠᠭᠠᠷᠠᠭᠤᠯᠳᠠᠭ᠃ | ᠫᠠᠮᠠ — ᠬᠦᠪᠦᠩ ᠲᠡᠷᠯᠢᠭ᠃ ᠡᠷᠡᠭᠲᠡᠢ ᠶᠢᠨ ᠬᠢ ᠭᠤᠤᠯᠳᠠᠭᠤ ᠬᠦᠬᠡ ᠦᠩᠬᠡ ᠪᠠᠷ ᠬᠢᠵᠦ᠂ ᠡᠮᠡᠭᠲᠡᠢ ᠶᠢᠨ | ᠬᠢ ᠪᠤᠯ ᠴᠡᠩᠬᠡᠷ᠂ ᠨᠤᠭᠤᠭᠠᠨ᠂ ᠶᠠᠭᠠᠨ ᠦᠩᠬᠡ ᠪᠠᠷ ᠭᠠᠳᠠᠷᠯᠠᠳᠠᠭ᠃ ᠡᠷᠡᠭᠲᠡᠢ ᠶᠢᠨ ᠬᠢ ᠶᠢ ᠨᠤᠭᠤᠭᠠᠨ ᠢᠶᠠᠷ | ᠴᠢᠮᠬᠢᠵᠦ ᠡᠮᠵᠢᠶᠡᠷᠢᠯᠡᠨ ᠡᠮᠡᠭᠲᠡᠢ ᠶᠢᠨ ᠬᠢ ᠳᠡᠪᠡᠯ ᠤᠨ ᠦᠩᠬᠡ ᠲᠠᠢ ᠲᠤᠲᠤ ᠵᠤᠬᠢᠴᠠᠩᠭᠤᠢ ᠦᠩᠬᠡ ᠪᠠᠷ | ᠬᠤᠰᠢᠯᠠᠵᠦ ᠬᠤᠤᠰᠯᠠᠨ ᠡᠮᠵᠢᠶᠡᠷᠢᠯᠡᠳᠡᠭ᠃ | ᠴᠤᠪᠠ — ᠤᠷᠲᠤ ᠬᠤᠷᠮᠤᠢ ᠲᠠᠢ᠃ ᠬᠤᠶᠠᠷ ᠲᠠᠰᠢᠶᠠᠨ ᠤᠨᠤᠭᠤ ᠲᠠᠢ᠂ ᠬᠠᠨᠴᠤᠢ ᠦᠬᠡᠢ᠂ ᠵᠢᠰᠢᠬᠦᠦ ᠡᠩᠬᠡᠷ | ᠲᠠᠢ᠂ ᠴᠠᠮᠴᠠ᠂ ᠵᠠᠭᠠᠳᠠ ᠶᠢᠨ ᠭᠠᠳᠠᠭᠤᠷ ᠳᠠᠪᠬᠤᠷᠯᠠᠵᠦ ᠡᠮᠦᠰᠬᠦ ᠵᠠᠰᠠᠯ ᠤᠨ ᠬᠤᠪᠴᠠᠰᠦ᠃ ᠵᠠᠷᠢᠮ ᠭᠠᠵᠠᠷ | ᠤᠭᠤᠵᠢᠮᠠᠭ ᠬᠡᠵᠦ ᠶᠠᠷᠢᠳᠠᠭ᠃ ᠪᠦᠰᠡᠬᠦᠶᠢᠴᠤᠳ ᠡᠮᠦᠰᠴᠦ᠂ ᠬᠡᠥᠬᠡᠨ ᠬᠦᠮᠦᠨ ᠶᠡᠷᠦ ᠡᠮᠦᠰᠳᠡᠭ ᠦᠬᠡᠢ᠃ | ᠤᠭᠤᠵᠢ — ᠤᠬᠤᠷ ᠬᠤᠷᠮᠤᠢ᠂ ᠠᠰ ᠪᠤᠶᠤ ᠵᠦᠷᠢᠬᠦᠦ ᠡᠩᠬᠡᠷ ᠲᠠᠢ ᠳᠠᠪᠬᠤᠴᠠᠯᠠᠵᠦ ᠡᠮᠦᠰᠬᠦ ᠵᠠᠰᠠᠯ ᠤᠨ | ᠬᠤᠪᠴᠠᠰᠦ᠂ ᠬᠤᠷᠭᠤᠢ᠂ ᠲᠤᠷᠭ᠎ᠠ᠂ ᠪᠦᠰ᠂ ᠴᠢᠰᠴᠠᠦ ᠪᠦᠰ ᠪᠠᠷᠠᠭ᠎ᠠ ᠪᠠᠷ ᠪᠦᠷ ᠬᠢᠳᠡᠭ᠃ | ᠬᠤᠷᠠᠭᠠᠨ ᠳᠡᠪᠡᠯ — ᠲᠦᠷᠦᠬᠡᠳ ᠰᠠᠷ᠎ᠠ ᠭᠠᠷᠤᠢ ᠬᠤᠭᠤᠴᠠᠭᠠᠨ ᠳᠠᠬᠢ ᠨᠤᠳᠤᠭ ᠤᠨ ᠡᠬᠦᠯᠳᠡᠷ ᠤᠨ ᠬᠤᠨᠢᠨ | ᠤ ᠲᠦᠯ ᠤᠨ ᠠᠷᠠᠰᠦ ᠪᠠᠷ ᠬᠢᠭᠰᠡᠨ ᠭᠠᠳᠠᠷ ᠲᠠᠢ ᠳᠡᠪᠡᠯ᠂ ᠲᠤᠮᠤ ᠬᠦᠮᠦᠨ ᠤ ᠳᠡᠪᠡᠯ ᠳᠤ ᠪᠠᠷᠤᠭ ᠭᠤᠴᠢᠨ | ᠬᠤᠷᠠᠭᠠᠨ ᠠᠷᠠᠰᠦ ᠤᠷᠤᠨ᠎ᠠ᠃ ᠪᠦᠰ᠂ ᠲᠤᠷᠭ᠎ᠠ ᠪᠠᠷ ᠭᠠᠳᠠᠷ ᠲᠠᠲᠠᠨ᠎ᠠ᠃ | ᠰᠠᠩᠰᠠᠨ ᠳᠡᠪᠡᠯ — ᠨᠤᠲᠤᠭ ᠤᠨ ᠡᠬᠦᠯᠳᠡᠷ ᠬᠤᠨᠢ ᠲᠦᠷᠦᠬᠡᠳ 70 —80 ᠡᠲᠦᠷ ᠪᠤᠯᠵᠦ ᠪᠠᠶᠢᠭ᠎ᠠ ᠦᠶ᠎ᠡ | ᠳᠤ ᠲᠤᠰᠬᠠᠶᠢᠯᠠᠨ ᠰᠤᠩᠭᠤᠵᠦ ᠨᠢᠲᠤᠯᠵᠦ ᠠᠪᠤᠭᠰᠠᠨ ᠭᠤᠭᠴᠤᠭᠠᠷᠠᠮᠠᠯ ᠦᠰᠦ ᠲᠠᠢ ᠠᠷᠠᠰᠦ ᠪᠠᠷ ᠬᠢᠭᠰᠡᠨ ᠳᠡᠪᠡᠯ᠃ | ᠲᠤᠮᠤ ᠬᠦᠮᠦᠨ ᠳᠤ ᠳᠡᠪᠡᠯ ᠬᠢᠬᠦ ᠳᠤ ᠪᠠᠷᠤᠭ ᠠᠷᠪᠠᠨ ᠭᠤᠷᠪᠠᠨ ᠠᠷᠠᠰᠦ ᠬᠡᠷᠡᠭᠯᠡᠨ᠎ᠡ᠃ ᠰᠠᠩᠰᠠᠨ ᠳᠡᠪᠡᠯ ᠢ ᠮᠦᠨ | ᠠᠷ ᠲᠠᠢ ᠪᠦᠰ ᠪᠤᠶᠤ ᠲᠤᠷᠭ᠎ᠠ᠂ ᠴᠢᠰᠴᠠᠦ ᠪᠠᠷᠠᠭ᠎ᠠ ᠪᠠᠷ ᠭᠠᠳᠠᠷ ᠲᠠᠲᠠᠨ᠎ᠠ᠃ | ᠳ᠋ᠤᠯᠤᠤᠷ ᠳᠡᠪᠡᠯ — ᠨᠤᠲᠤᠭ ᠤᠨ ᠬᠤᠨᠢᠨ ᠤ ᠬᠤᠷᠠᠭ᠎ᠠ ᠲᠦᠷᠦᠬᠡᠳ 80 — 100 ᠡᠲᠦᠷ ᠪᠤᠯᠬᠤ ᠦᠶ᠎ᠡ ᠳᠤ | ᠲᠤᠰᠬᠠᠢ ᠰᠤᠩᠭᠤᠵᠦ ᠨᠢᠳᠤᠯᠵᠦ ᠠᠪᠤᠭᠰᠠᠨ ᠰᠠᠩᠰᠠᠨ ᠦᠰᠦ ᠠᠴᠠ ᠵᠢᠭᠠᠬᠠᠨ ᠤᠷᠲᠤ ᠮᠦᠷᠳᠡᠬᠡᠨ ᠭᠤᠭᠴᠤᠷᠠᠭᠠ | ᠨᠢ ᠤᠯᠠᠮ ᠢᠯᠡᠬᠦᠦ ᠪᠠᠶᠢᠳᠠᠭ ᠦᠨᠡᠲᠦ ᠠᠷᠠᠰᠦ ᠪᠠᠷ ᠬᠢᠭᠰᠡᠨ ᠳᠡᠪᠡᠯ᠃ ᠶᠡᠭᠡ ᠬᠦᠮᠦᠨ ᠤ ᠳᠡᠪᠡᠯ ᠳᠤ ᠪᠠᠷᠤᠭ | ᠠᠷᠪᠠᠨ ᠨᠢᠬᠡᠨ ᠠᠷᠠᠰᠦ ᠬᠡᠷᠡᠭᠯᠡᠨ᠎ᠡ᠃ ᠭᠠᠳᠠᠷᠯᠠᠵᠦ ᠡᠮᠵᠢᠶᠡᠷᠢᠯᠡᠵᠦ ᠤᠷᠠᠯᠠᠬᠤ ᠨᠢ ᠰᠠᠩᠰᠠᠨ ᠳᠡᠪᠡᠯ ᠲᠠᠢ ᠪᠠᠷᠤᠭ | ᠠᠳᠠᠯᠢ ᠪᠠᠶᠢᠳᠠᠭ᠃ | ᠦᠵᠦᠬᠦᠷ ᠳᠡᠪᠡᠯ — ᠨᠤᠲᠤᠭ ᠤᠨ ᠬᠤᠨᠢ ᠶᠢ ᠨᠢᠬᠡ ᠵᠢᠯ ᠳᠤ ᠬᠤᠶᠠᠷ ᠤᠳᠠᠭ᠎ᠠ ᠬᠢᠷᠭᠠᠳᠠᠭ᠃ ᠦᠵᠦᠬᠦᠷ | ᠦᠰᠦ ᠨᠢ ᠨᠠᠮᠤᠷ ᠤᠨ ᠬᠤᠨᠢ ᠶᠢ ᠬᠢᠷᠭᠠᠭᠰᠠᠨ ᠤ ᠳᠠᠷᠠᠭ᠎ᠠ ᠬᠤᠶᠠᠷ ᠰᠠᠷ᠎ᠠ ᠰᠢᠬᠠᠮ ᠤᠨ ᠦᠶ᠎ᠡ ᠨᠢᠳᠤᠯᠵᠦ ᠠᠪᠤᠭᠰᠠᠨ | ᠠᠷᠠᠰᠦᠨ ᠳᠡᠪᠡᠯ ᠢ ᠬᠡᠯᠡᠳᠡᠭ᠃ ᠦᠵᠦᠭᠦᠷ ︵ᠦᠵᠦᠬᠦᠷᠰᠡᠭ︶ ᠳᠡᠪᠡᠯ ᠢ ᠴᠠᠭᠠᠮᠠᠯ ᠦᠵᠦᠭᠦᠷ ᠳᠡᠪᠡᠯ᠂ ᠭᠠᠳᠠᠷ ᠲᠠᠢ | ᠦᠵᠦᠬᠦᠷ ︵ᠵᠤᠪᠴᠠᠭ᠎ᠠ︶ ᠳᠡᠪᠡᠯ ᠬᠡᠵᠦ ᠢᠯᠭᠠᠨ᠂ ᠲᠤᠮᠤ ᠬᠦᠮᠦᠨ ᠳᠤ ᠳᠡᠪᠡᠯ ᠬᠢᠬᠦ ᠳᠤ ᠪᠠᠷᠤᠭ ᠨᠠᠢᠮᠠ ᠶᠢᠰᠦᠨ | ᠬᠤᠨᠢᠨ ᠠᠷᠠᠰᠦ ᠬᠡᠷᠡᠭᠯᠡᠳᠡᠭ᠃ | ᠨᠡᠬᠡᠢ ᠳᠡᠪᠡᠯ — ᠨᠡᠬᠡᠢ ᠠᠷᠠᠰᠦ ᠬᠡᠳᠡᠭ ᠨᠢ ᠬᠠᠪᠤᠷ ᠤᠨ ᠬᠠᠶᠢᠴᠢᠯᠠᠭᠰᠠᠨ ᠬᠤᠨᠢ ᠶᠢ ᠨᠠᠮᠤᠷ ᠠᠬᠤᠷᠯᠠᠭᠰᠠᠨ | ᠦᠬᠡᠢ᠂ ᠡᠪᠦᠯ ᠤᠨ ᠠᠯᠠᠰᠢᠨ ᠤ ᠦᠶ᠎ᠡ ᠳᠤ ᠨᠢᠳᠤᠯᠤᠭᠰᠠᠨ ᠲᠤᠮᠤ ᠡᠷ᠎ᠡ ᠬᠤᠨᠢ ᠶᠢᠨ ᠠᠷᠠᠰᠦᠨ ᠳᠡᠪᠡᠯ ᠢ ᠬᠡᠯᠡᠨ᠎ᠡ᠃ | ᠲᠤᠰ ᠠᠷᠠᠰᠦ ᠪᠠᠷ ᠬᠢᠭᠰᠡᠨ ᠦᠨᠳᠦᠷ ᠦᠰᠦᠲᠡᠢ ᠲᠤᠮᠤ ᠠᠷᠠᠰᠦᠨ ᠨᠡᠬᠡᠢ ᠳᠡᠪᠡᠯ ᠨᠢ ᠲᠤᠩ ᠪᠦᠬᠡ ᠪᠦᠬᠡᠳ ᠤᠨᠴᠠ | ᠲᠤᠯᠠᠭᠠᠨ ᠪᠠᠶᠢᠳᠠᠭ᠃ ᠡᠶᠢᠮᠦ ᠠᠴᠠ ︽ᠨᠢᠬᠡ ᠪᠠᠨ ᠦᠵᠡᠵᠦ᠂ ᠨᠡᠬᠡᠢ ᠪᠠᠨ ᠤᠷᠠᠯᠴᠠᠬᠤ︾ ᠬᠡᠳᠡᠭ ᠵᠤᠶᠢᠷ ᠦᠬᠡ | ᠭᠠᠷᠤᠭᠰᠠᠨ ᠪᠠᠶᠢᠨ᠎ᠠ᠃ ᠲᠤᠮᠤ ᠡᠷ᠎ᠡ ᠶᠢᠨ ᠨᠡᠬᠡᠢ ᠳᠡᠪᠡᠯ ᠳᠤ ᠶᠢᠰᠦᠨ ᠲᠤᠮᠤ ᠬᠤᠨᠢᠨ ᠠᠷᠠᠰᠦ ᠬᠡᠷᠡᠭᠯᠡᠳᠡᠭ᠃ | ᠢᠠᠮᠠᠭᠠᠨ ᠠᠷᠠᠰᠦᠨ ᠳᠠᠬᠤ — ᠡᠪᠦᠯ ᠤᠨ ᠳᠡᠰᠬᠢᠮ᠎ᠡ ᠬᠦᠢᠳᠡᠨ ᠳᠤ ᠠᠳᠤᠭᠤᠨ ᠮᠠᠨᠠᠭᠠᠨ ᠳᠤ ᠨᠡᠬᠡᠢ ᠳᠡᠪᠡᠯ | ᠤᠨ ᠭᠠᠳᠠᠭᠤᠷ ᠳᠠᠪᠬᠤᠷᠯᠠᠵᠦ ᠡᠮᠦᠰᠬᠦ ᠡᠮᠦᠰᠬᠡᠯ᠃ ᠡᠪᠦᠯ ᠤᠨ ᠠᠯᠠᠰᠢᠨ ᠤ ᠦᠶ᠎ᠡ ᠳᠤ ᠭᠠᠷᠭᠠᠭᠰᠠᠨ ᠲᠤᠮᠤ ᠡᠷ᠎ᠡ | ᠢᠮᠠᠭᠠᠨ ᠤ ᠦᠨᠳᠦᠷ ᠰᠤᠷ᠂ ᠦᠳᠭᠡᠨ ᠨᠤᠯᠤᠤᠷ ᠲᠠᠢ ᠠᠷᠠᠰᠦ ᠪᠠᠷ ᠬᠢᠭᠰᠡᠨ ᠲᠤᠮᠤ ᠳᠠᠬᠤ ᠳᠡᠪᠡᠯ᠃ ᠲᠤᠮᠤ ᠡᠷ᠎ᠡ | ᠶᠢᠨ ᠳᠠᠬᠤ ᠬᠢᠬᠦ ᠳᠤ ᠪᠠᠷᠤᠭ ᠲᠤᠯᠤᠭᠠᠨ ᠪᠦᠳᠦᠬᠦᠨ ᠡᠷ᠎ᠡ ᠢᠮᠠᠭᠠᠨ ᠤ ᠠᠷᠠᠰᠦ ᠬᠡᠷᠡᠭᠯᠡᠳᠡᠭ᠃ | ᠳᠠᠩᠳᠡᠮᠤᠨ ︵ᠳᠡᠰᠮᠡ︶ — ᠠᠳᠤᠭᠤ ᠮᠠᠨᠠᠬᠤ᠂ ᠠᠶᠠᠨ ᠵᠢᠩ ᠳᠤ ᠶᠠᠪᠤᠬᠤ ᠳᠤ ᠡᠮᠦᠰᠳᠡᠭ ᠠᠭᠤᠵᠢᠮ | ᠡᠯᠪᠡᠭ ᠦᠬᠡᠷ ᠤᠨ ᠠᠷᠠᠰᠦᠨ ᠭᠤᠳᠤᠯ᠂ ᠲᠤᠲᠤᠷ᠎ᠠ ᠨᠢ ᠳᠠᠪᠬᠤᠷ ᠢᠰᠡᠭᠡᠢ ᠤᠶᠢᠮᠦᠰᠦ ᠡᠮᠦᠰᠴᠦ ᠪᠠᠶᠢᠳᠠᠭ᠃ | ᠢᠰᠡᠭᠡᠢ ᠭᠤᠳᠤᠯ — ᠡᠪᠦᠳᠦᠭ ᠲᠤᠯᠤᠭᠰᠠᠨ ᠦᠨᠳᠦᠷ ᠲᠦᠷᠡᠢ ᠲᠠᠢ ᠢᠰᠡᠭᠡᠢ ᠭᠤᠳᠤᠯ ᠢ ᠬᠡᠯᠡᠨ᠎ᠡ᠃ ᠪᠠᠰᠠ | ᠭᠠᠳᠠ ᠬᠡᠵᠦ ᠬᠡᠯᠡᠳᠡᠭ᠃ ᠤᠯᠠᠩᠬᠢ ᠳᠤ ᠪᠠᠨ ᠮᠤᠷᠢᠨ ᠲᠡᠷᠭᠡᠴᠢᠨ ᠡᠪᠦᠯ ᠳᠡᠭᠡᠨ ᠡᠮᠦᠰᠳᠡᠭ ᠭᠤᠳᠤᠯ᠃ | ᠰᠦᠬᠦᠬᠡᠢ ᠭᠤᠳᠤᠯ — ᠬᠠᠪᠤᠷ ᠨᠠᠮᠤᠷ ᠤᠨ ᠰᠡᠷᠢᠬᠦᠨ ᠤᠯᠠᠷᠢᠯ ᠳᠤ ᠡᠮᠦᠰᠳᠡᠭ ᠣᠳᠣᠮᠠᠯ ᠦᠬᠡᠷ ᠤᠨ ᠠᠷᠠᠰᠦ | ᠪᠠᠷ ᠬᠢᠭᠰᠡᠨ ᠭᠤᠳᠤᠯ᠂ ᠬᠦᠩᠬᠡᠨ ᠪᠦᠬᠡᠳ ᠲᠤᠯᠠᠭᠠᠨ ᠪᠠᠶᠢᠳᠠᠭ᠂ ᠲᠤᠲᠤᠷ᠎ᠠ ᠨᠢ ᠢᠰᠡᠭᠡᠢ ᠤᠶᠢᠮᠤᠰᠦ ᠳᠠᠪᠬᠤᠷᠯᠠᠨ | ᠡᠮᠦᠰᠦᠨ᠎ᠡ᠃ |