ᠴᠢ᠊᠂ ᠵᠠᠮᠰᠦ | ᠬᠦᠳᠦᠯᠦᠭᠴᠢ ᠳᠠᠭᠤᠴᠢᠨ ᠬᠤᠶᠠᠷᠬᠠᠨ ᠤᠷᠠᠨ ᠬᠡᠯᠡᠳᠡᠨ ᠲᠠᠢ | ᠬᠦᠷᠭᠡᠨ ᠪᠡᠷᠢ ᠬᠤᠶᠠᠷᠬᠠᠨ ᠮᠦᠰᠢᠶᠡᠳᠡᠳᠦ ᠲᠤᠭᠯᠠᠭᠴᠢ ᠲᠠᠢ | ᠬᠤᠲᠠ ᠬᠦᠳᠡᠭᠡ ᠬᠤᠶᠠᠷ ᠶᠠᠩᠵᠦ ᠶᠢᠨ ᠳᠠᠶᠢᠯᠠᠯᠭ᠎ᠠ ᠲᠠᠢ | ᠬᠤᠲᠠ ᠤᠷᠤᠭ ᠬᠤᠶᠠᠷ ᠵᠤᠶᠢᠯ ᠤᠨ ᠡᠮᠦᠰᠬᠡᠯ ᠲᠠᠢ | ᠠᠰᠠᠷ ᠲᠡᠷᠭᠡ ᠬᠤᠶᠠᠷ ᠲᠤᠮᠤ ᠪᠠᠭᠤᠯᠭᠠᠪᠤᠷᠢ ᠲᠠᠢ | ᠰᠦᠷᠦᠭ ᠬᠤᠨᠢ ᠦᠨᠢᠶ᠎ᠡ ᠲᠤᠭᠤᠯ ᠤᠨ ᠡᠷᠬᠢᠯᠲᠡ ᠲᠠᠢ | ᠲᠡᠷᠯᠢᠭ ᠵᠠᠭᠠᠳᠠ ᠫᠠᠮᠠ ᠨᠡᠬᠡᠢ ᠳᠡᠪᠡᠯ ᠲᠠᠢ | ᠲᠦᠷᠪᠡᠨ ᠤᠯᠠᠷᠢᠯ ᠤᠨ ᠪᠦᠷᠢᠨ ᠬᠤᠪᠴᠠᠰᠦ ᠵᠠᠰᠠᠯ ᠲᠠᠢ | ᠤᠯᠠᠭᠠᠨ ᠳᠡᠪᠳᠡᠷ ᠲᠤ ᠦᠭᠴᠡᠭᠡ ᠠᠪᠴᠠᠭ᠎ᠠ ᠶᠢᠨ ᠲᠤᠭᠠᠴᠠᠭ᠎ᠠ ᠲᠠᠢ | ᠬᠤᠭᠤᠯᠠᠨ ᠭᠡᠷ ᠪᠠᠭᠤᠳᠠᠯ ᠲᠠᠢ ᠪᠡᠯᠡᠭ ᠢᠶᠠᠨ ᠬᠤᠪᠢᠶᠠᠯᠴᠠᠭᠰᠠᠨ | ᠬᠤᠲᠠ ᠤᠷᠤᠭ ᠴᠤᠭ ᠲᠤ ᠪᠠᠨ ᠭᠠᠷᠤᠵᠠᠳᠠᠭᠰᠠᠨ | ᠤᠭᠳᠤᠯᠭ᠎ᠠ ᠤᠷᠢᠯᠭ᠎ᠠ ᠬᠤᠶᠠᠷ ᠦᠶᠡᠯᠡᠭᠰᠡᠨ ᠵᠤᠴᠢᠯᠭ᠎ᠠ ᠲᠠᠢ | ᠲᠦᠴᠢ ᠳᠠᠪᠢᠨ ᠰᠢᠷᠡᠭᠡ ᠪᠠᠷ ᠰᠢᠬᠠᠯᠴᠠᠭᠰᠠᠨ ᠬᠤᠷᠢᠮ | ᠲᠦᠷᠦ ᠶᠢᠨ ᠴᠡᠭᠡᠷ ᠢ ᠦᠯᠦ ᠤᠶᠢᠰᠢᠶᠠᠭᠰᠠᠨ ᠨᠠᠶᠢᠷ | ᠬᠦᠳᠦᠯᠦᠭᠴᠢ ᠶᠢᠨ ᠨᠤᠷᠰᠢᠯᠲᠠ ᠳᠠᠭᠤᠴᠢᠨ ᠤ ᠨᠤᠵᠤᠭᠤᠷᠠᠯ ᠳᠤ | ᠲᠤᠯᠤᠭᠠᠢ ᠰᠠᠵᠢᠵᠦ ᠬᠦᠨᠳᠦᠳᠭᠡᠯ ᠢᠶᠠᠷ ᠳᠤᠳᠠᠭᠤᠳᠠᠭᠰᠠᠨ ᠵᠤᠴᠢᠳ | ᠨᠢᠭᠤᠷ ᠳᠡᠮᠡᠴᠡᠵᠦ ᠠᠯᠳᠠᠷ ᠪᠤᠯᠢᠶᠠᠯᠳᠤᠭᠰᠠᠨ | ᠳᠠᠯᠠᠢ ᠶᠡᠭᠡ ᠰᠤᠶᠢᠳᠭᠡᠯ ᠲᠠᠢ ᠬᠤᠷᠢᠮ | ᠨᠢᠲᠦ ᠪᠠᠨ ᠠᠨᠢᠵᠦ ᠬᠠᠷᠮᠠᠨ ᠬᠠᠮᠰᠠᠶᠢᠭᠰᠠᠨ ᠴᠦ | ᠶᠠᠪᠤᠴᠠᠭᠠ ᠲᠦᠯᠦᠪᠤᠷᠢ ᠶᠢᠨ ᠳᠡᠩᠴᠡᠭᠦᠷᠢ ᠲᠠᠢ ᠭᠤᠷᠢᠮ | ᠵᠠᠮ ᠳᠡᠭᠡᠷ᠎ᠡ ᠤᠴᠠᠷᠠᠭᠰᠠᠨ ᠴᠦ ᠢᠨᠢᠶᠡᠮᠰᠦᠭᠯᠡᠵᠦ ᠵᠠᠯᠠᠨ᠎ᠠ | ᠦᠴᠦᠭᠡᠲᠦᠷ ᠳᠠᠨᠢᠯᠴᠠᠭᠰᠠᠨ ᠴᠦ ᠦᠨᠦᠳᠦᠷ ᠪᠤᠷᠪᠢᠳᠠᠵᠦ ᠵᠠᠯᠠᠨ᠎ᠠ | ᠰᠢᠨᠵᠢ ᠲᠦᠷᠢᠮ ᠤᠯᠠᠮᠵᠢᠯᠠᠯ ᠢᠶᠠᠨ ᠠᠯᠳᠠᠭᠰᠠᠨ | ᠰᠢᠨ᠎ᠡ ᠴᠠᠭ ᠤᠨ ᠬᠤᠷᠢᠮ ᠵᠠᠯᠠᠯᠭ᠎ᠠ ᠦᠷᠬᠦᠯᠵᠢᠯᠡᠨ᠎ᠡ | ᠪᠠᠶᠠᠨ ᠬᠦᠮᠦᠨ ᠳᠤ ᠪᠠᠨ ᠪᠠᠷᠳᠠᠮ ᠬᠤᠷᠢᠮ | ᠶᠠᠳᠠᠭᠤ ᠤᠯᠤᠰ ᠲᠤ ᠪᠠᠨ ᠳᠠᠷᠤᠭᠠᠰᠦ ᠲᠠᠢ ᠯᠡ ᠬᠤᠷᠢᠮ | ᠰᠢᠨ᠎ᠡ ᠴᠠᠭ ᠤᠨ ᠬᠤᠷᠢᠮ | ᠰᠢᠨ᠎ᠡ ᠬᠦᠳᠡᠭᠡ ᠲᠤᠰᠬᠤᠨ ᠳᠤ | ᠳᠡᠯᠭᠡᠷᠡᠵᠦ ᠪᠠᠶᠢᠨ᠎ᠠ | ᠬᠡᠯᠪᠡᠷᠢᠵᠢᠵᠦ ᠪᠠᠶᠢᠨ᠎ᠠ | ᠬᠡᠪᠰᠢᠵᠦ ᠴᠦ ᠪᠠᠶᠢᠨ᠎ᠠ | ᠪᠦᠷᠢᠯᠳᠦᠵᠦ ᠪᠠᠶᠢᠨ᠎ᠠ | ᠪᠦᠷᠢᠯᠭᠡᠵᠦ ᠪᠠᠶᠢᠨ᠎ᠠ | ᠪᠦᠲᠦᠭᠡᠵᠦ ᠴᠦ ᠪᠠᠶᠢᠨ᠎ᠠ | ᠠᠷᠪᠢᠯᠠᠨ ᠭᠠᠮᠨᠠᠬᠤ ᠶᠢ ᠠᠮᠠᠰᠠᠷ ᠠᠴᠠ ᠨᠢ ᠬᠡᠳᠡᠭ ᠪᠢᠵᠡ | ᠠᠶᠢᠯ ᠪᠤᠯᠤᠭᠰᠠᠨ ᠬᠡᠥᠬᠡᠳ ᠲᠤ ᠪᠠᠨ ᠳᠠᠭᠤᠷᠢᠶᠠᠯ ᠪᠢᠰᠢᠥ | 2020.1.20 |