ᠳᠡᠵᠢᠭᠡᠯ ᠪᠤᠷᠳᠤᠭ᠎ᠠ ᠪᠤᠯᠪᠠᠰᠤᠷᠠᠭᠤᠯᠬᠤ ᠦᠨᠳᠥᠰᠥᠨ ᠮᠡᠳᠡᠯᠭᠡ
ᠨᠡᠶᠢᠲᠡᠯᠡᠭᠰᠡᠨ ᠴᠠᠭ᠄
2021/1/5
   ᠨᠢᠭᠡ᠂ ᠳᠡᠵᠢᠭᠡᠯ ᠪᠤᠷᠳᠤᠭᠠᠨ ᠳᠤ ᠶᠠᠮᠠᠷ ᠶᠠᠮᠠᠷ ᠲᠦᠷᠥᠯ ᠵᠥᠢᠯ ᠪᠠᠶᠢᠬᠤ ᠪᠤᠢ    ᠳᠡᠵᠢᠭᠡᠯ ᠪᠤᠷᠳᠤᠭ᠎ᠠ ᠳᠤ ᠬᠤᠶᠠᠷ ᠵᠥᠢᠯ ᠤᠨ ᠠᠩᠬᠢᠯᠠᠬᠤ ᠠᠷᠭ᠎ᠠ ᠲᠠᠢ᠃ ᠨᠢᠭᠡ ᠨᠢ ᠳᠡᠵᠢᠭᠡᠯ ᠪᠤᠷᠳᠤᠭᠠᠨ ᠤ ᠢᠷᠡᠯᠳᠡ ᠪᠠᠷ ᠨᠢ ᠠᠩᠬᠢᠯᠠᠨ᠎ᠠ᠂ ᠳᠠᠷᠤᠢ ᠤᠷᠭᠤᠮᠠᠯ ᠤᠨ ᠡᠬᠦᠰᠥᠯᠳᠥ ᠳᠡᠵᠢᠭᠡᠯ ᠪᠤᠷᠳᠤᠭ᠎ᠠ᠂ ᠠᠮᠢᠳᠠᠨ ᠤ ᠡᠬᠦᠰᠥᠯᠳᠥ ᠳᠡᠵᠢᠭᠡᠯ ᠪᠤᠷᠳᠤᠭ᠎ᠠ ᠪᠠ ᠡᠷᠥᠳᠡᠰᠥᠨ ᠪᠤᠳᠠᠰ ᠤᠨ ᠳᠡᠵᠢᠭᠡᠯ ᠪᠤᠷᠳᠤᠭ᠎ᠠ ᠪᠤᠢ᠃ ᠨᠦᠬᠦᠭᠡ ᠨᠢ ᠳᠡᠵᠢᠭᠡᠯ ᠪᠤᠷᠳᠤᠭᠠᠨ ᠳᠠᠬᠢ ᠬᠠᠭᠤᠷᠠᠢ ᠪᠤᠳᠠᠰ ᠤᠨ ᠰᠢᠮ᠎ᠡ ᠳᠡᠵᠢᠭᠡᠯ ᠤᠨ ᠦᠪᠡᠷᠮᠢᠴᠡ ᠤᠨᠴᠠᠯᠢᠭ ᠢᠶᠠᠷ ᠰᠠᠭᠤᠷᠢᠯᠠᠨ ᠳᠡᠵᠢᠭᠡᠯ ᠪᠤᠷᠳᠤᠭ᠎ᠠ ᠶᠢ 8 ᠶᠡᠭᠡ ᠲᠦᠷᠥᠯ ᠳᠤ ᠬᠤᠪᠢᠶᠠᠨ᠎ᠠ᠂ ᠡ᠊ᠨᠡ ᠨᠢ ᠪᠦᠳᠥᠬᠦᠨ ᠳᠡᠵᠢᠭᠡᠯ ᠪᠤᠷᠳᠤᠭ᠎ᠠ᠂ ᠴᠠᠯ ᠨᠤᠭᠤᠭᠠᠨ ᠳᠡᠵᠢᠭᠡᠯ ᠪᠤᠷᠳᠤᠭ᠎ᠠ᠂ ᠳᠠᠷᠤᠰᠢᠭᠤᠯᠤᠭᠰᠠᠨ ᠳᠡᠵᠢᠭᠡᠯ ᠪᠤᠷᠳᠤᠭ᠎ᠠ᠂ ᠡᠨᠧᠷᠬᠢᠳᠥ ᠳᠡᠵᠢᠭᠡᠯ ᠪᠤᠷᠳᠤᠭ᠎ᠠ᠂ ᠤᠭᠤᠷᠠᠭᠳᠥ ᠳᠡᠵᠢᠭᠡᠯ ᠪᠤᠷᠳᠤᠭ᠎ᠠ᠂ ᠡᠷᠥᠳᠡᠰᠥᠨ ᠳᠡᠵᠢᠭᠡᠯ ᠪᠤᠷᠳᠤᠭ᠎ᠠ᠂ ᠸᠢᠲ᠋ᠠᠮᠢᠨᠳᠥ ᠳᠡᠵᠢᠭᠡᠯ ᠪᠤᠷᠳᠤᠭ᠎ᠠ ᠪᠠ ᠳᠡᠵᠢᠭᠡᠯ ᠪᠤᠷᠳᠤᠭᠠᠨ ᠤ ᠬᠠᠴᠢᠷᠯᠠᠭᠠᠰᠥ ᠪᠤᠢ᠃    ᠬᠤᠶᠠᠷ᠂ ᠶᠠᠭᠤ ᠶᠢ ᠬᠠᠴᠢᠷᠯᠠᠭᠠᠰᠥ ᠬᠤᠯᠢᠭᠰᠠᠨ ᠳᠡᠵᠢᠭᠡᠯ ᠪᠤᠷᠳᠤᠭ᠎ᠠ ᠭᠡᠬᠦ ᠪᠤᠢ    ᠬᠠᠴᠢᠷᠯᠠᠭᠠᠰᠥ ᠬᠤᠯᠢᠭᠰᠠᠨ ᠳᠡᠵᠢᠭᠡᠯ ᠪᠤᠷᠳᠤᠭ᠎ᠠ ᠬᠡᠳᠡᠭ ᠨᠢ ᠬᠤᠶᠠᠷ ᠪᠤᠶᠤ ᠬᠤᠶᠠᠷ ᠠᠴᠠ ᠳᠡᠭᠡᠭᠰᠢ ᠳᠡᠵᠢᠭᠡᠯ ᠪᠤᠷᠳᠤᠭᠠᠨ ᠤ ᠬᠠᠴᠢᠷᠯᠠᠭᠠᠰᠥ ᠶᠢ ᠬᠤᠯᠢᠭᠰᠠᠨ ᠠᠴᠢᠶᠠᠯᠠᠪᠤᠷᠢ ᠪᠤᠶᠤ ᠰᠢᠩᠭᠡᠷᠡᠬᠦᠯᠥᠭᠰᠡᠨ ᠡᠳ᠋ ᠢ ᠵᠤᠬᠢᠬᠤ ᠬᠠᠷᠢᠴᠠᠯ ᠢᠶᠠᠷ ᠨᠠᠶᠢᠷᠠᠭᠤᠯᠤᠭᠰᠠᠨ ᠬᠤᠯᠢᠮᠠᠭ ᠪᠤᠳᠠᠰ ᠶᠤᠮ᠃ ᠬᠠᠴᠢᠷᠯᠠᠭᠠᠰᠥ ᠬᠤᠯᠢᠭᠰᠠᠨ ᠳᠡᠵᠢᠭᠡᠯ ᠪᠤᠷᠳᠤᠭ᠎ᠠ ᠨᠢ ᠨᠠᠶᠢᠷᠠᠭᠤᠯᠤᠭᠰᠠᠨ ᠳᠡᠵᠢᠭᠡᠯ ᠪᠤᠷᠳᠤᠭᠠᠨ ᠤ ᠰᠢᠨᠵᠢᠯᠡᠬᠦ ᠤᠬᠠᠭᠠᠨ ᠤ ᠭᠤᠤᠯ ᠴᠤᠭᠴᠠ ᠪᠤᠯᠵᠤ᠂ ᠳᠡᠵᠢᠭᠡᠯ ᠪᠤᠷᠳᠤᠭᠠᠨ ᠤ ᠮᠡᠷᠭᠡᠵᠢᠯ ᠤᠨ ᠠᠭᠤᠯᠭ᠎ᠠ ᠪᠠ ᠴᠢᠨᠠᠷ ᠴᠢᠨᠰᠠᠭ᠎ᠠ ᠶᠢ ᠢᠯᠡᠷᠡᠬᠦᠯᠥᠭᠰᠡᠨ ᠶᠤᠮ᠃ ᠳᠡᠷᠡ ᠨᠢ ᠨᠠᠶᠢᠷᠠᠭᠤᠯᠤᠭᠰᠠᠨ ᠳᠡᠵᠢᠭᠡᠯ ᠪᠤᠷᠳᠤᠭᠠᠨ ᠳᠤᠳᠤᠷᠠᠬᠢ ᠬᠠᠷᠢᠴᠠᠯ ᠢᠶᠠᠷ ᠨᠡᠯᠢᠶᠡᠳ ᠪᠠᠭ᠎ᠠ᠂ ᠡᠩ ᠤᠨ ᠪᠠᠶᠢᠳᠠᠯ ᠳᠤᠤᠷ᠎ᠠ 5% ᠠᠴᠠ ᠳᠤᠷᠤᠭᠰᠢ ︵ᠬᠠᠮᠤᠭ ᠠᠷᠪᠢᠨ ᠳᠤ ᠪᠠᠨ 10% ᠠᠴᠠ ᠬᠡᠳᠥᠷᠡᠬᠦ ᠦᠬᠡᠢ︶ ᠪᠠᠶᠢᠳᠠᠭ ᠪᠤᠯᠬᠤᠷ ᠠᠮᠢᠳᠠᠨ ᠢ ᠰᠢᠭᠤᠳ ᠡᠬᠦᠨ ᠢᠶᠠᠷ ᠳᠡᠵᠢᠭᠡᠵᠤ ᠪᠤᠯᠬᠤ ᠦᠬᠡᠢ᠃ ᠥᠢᠯᠡᠳᠥᠯᠭᠡ ᠠᠴᠠ ᠦᠵᠡᠪᠡᠯ ᠡᠶᠢᠮᠥᠷᠬᠦᠥ ᠳᠡᠵᠢᠭᠡᠯ ᠪᠤᠷᠳᠤᠭᠠᠨ ᠳᠤ ᠨᠡᠶᠢᠯᠡᠯᠭᠡ ᠬᠤᠯᠢᠮᠠᠭ ᠳᠡᠵᠢᠭᠡᠯ ᠪᠤᠷᠳᠤᠭ᠎ᠠ᠂ ᠸᠢᠲ᠋ᠠᠮᠢᠨ ᠬᠤᠯᠢᠭᠰᠠᠨ ᠳᠡᠵᠢᠭᠡᠯ ᠪᠤᠷᠳᠤᠭ᠎ᠠ ᠪᠠ ᠪᠢᠴᠢᠯ ᠡᠯᠧᠮᠧᠨ᠋ᠲ ᠬᠤᠯᠢᠭᠰᠠᠨ ᠳᠡᠵᠢᠭᠡᠯ ᠪᠤᠷᠳᠤᠭ᠎ᠠ ᠵᠡᠷᠭᠡ ᠪᠠᠶᠢᠳᠠᠭ᠃    ᠭᠤᠷᠪᠠ᠂ ᠶᠠᠭᠤ ᠶᠢ ᠠᠭᠰᠢᠷᠠᠮᠠᠯ ᠳᠡᠵᠢᠭᠡᠯ ᠪᠤᠷᠳᠤᠭ᠎ᠠ ᠭᠡᠬᠦ ᠪᠤᠢ    ᠠᠭᠰᠢᠷᠠᠮᠠᠯ ᠳᠡᠵᠢᠭᠡᠯ ᠪᠤᠷᠳᠤᠭ᠎ᠠ ᠪᠤᠯ ᠤᠭᠤᠷᠠᠭᠳᠥ ᠪᠤᠷᠳᠤᠭ᠎ᠠ᠂ ᠡᠷᠥᠳᠡᠰᠥᠨ ᠪᠤᠳᠠᠰ ᠤᠨ ᠳᠡᠵᠢᠭᠡᠯ ᠪᠤᠷᠳᠤᠭ᠎ᠠ ᠪᠠ ᠪᠤᠰᠤᠳ ᠬᠠᠴᠢᠷᠯᠠᠭᠠᠰᠥ ᠬᠤᠯᠢᠭᠰᠠᠨ ᠳᠡᠵᠢᠭᠡᠯ ᠪᠤᠷᠳᠤᠭ᠎ᠠ ᠶᠢ ᠵᠤᠬᠢᠬᠤ ᠬᠠᠷᠢᠴᠠᠯ ᠢᠶᠠᠷ ᠨᠠᠶᠢᠷᠠᠭᠤᠯᠤᠭᠰᠠᠨ ᠬᠤᠯᠢᠮᠠᠭ ᠪᠤᠳᠠᠰ ᠪᠢᠯᠡ᠃ ᠳᠡᠬᠦᠨ ᠤ ᠤᠨᠴᠠᠯᠢᠭ ᠨᠢ ᠤᠭᠤᠷᠠᠭ ᠠᠭᠤᠯᠤᠭᠳᠠᠴᠠ ᠪᠠᠷ ᠡᠯᠪᠡᠭ᠂ ᠳᠡᠷᠡ ᠨᠢ ᠡᠷᠬᠡᠪᠰᠢ ᠵᠤᠬᠢᠬᠤ ᠬᠠᠷᠢᠴᠠᠯ ᠤᠨ ᠡᠨᠧᠷᠬᠢᠳᠥ ᠳᠡᠵᠢᠭᠡᠯ ᠪᠤᠷᠳᠤᠭ᠎ᠠ ᠨᠡᠮᠡᠵᠤ ᠤᠷᠤᠭᠤᠯᠤᠭᠰᠠᠨ ᠬᠤᠶᠢᠨ᠎ᠠ ᠰᠠᠶ᠋ᠢ ᠬᠡᠷᠡᠭᠯᠡᠵᠤ ᠪᠤᠯᠳᠠᠭ᠂ ᠰᠢᠭᠤᠳ ᠬᠡᠷᠡᠭᠯᠡᠵᠤ ᠪᠤᠯᠬᠤ ᠦᠬᠡᠢ᠃ ᠠᠭᠰᠢᠷᠠᠮᠠᠯ ᠳᠡᠵᠢᠭᠡᠯ ᠪᠤᠷᠳᠤᠭᠠᠨ ᠤ ᠳᠤᠪᠤᠶᠢᠭᠰᠠᠨ ᠤᠨᠴᠠᠯᠢᠭ ᠨᠢ ᠳᠡᠵᠢᠭᠡᠯ ᠪᠤᠷᠳᠤᠭᠠᠨ ᠳᠤᠳᠤᠷ᠎ᠠ ᠨᠢ ᠨᠠᠶᠢᠷᠠᠭᠤᠯᠤᠭᠰᠠᠨ ᠳᠡᠵᠢᠭᠡᠯ ᠪᠤᠷᠳᠤᠭᠠᠨ ᠤ ᠬᠠᠷᠢᠴᠠᠯ ᠲᠤᠩ ᠶᠡᠭᠡ᠂ ᠡᠨᠧᠷᠬᠢᠳᠥ ᠳᠡᠵᠢᠭᠡᠯ ᠪᠤᠷᠳᠤᠭᠠᠨ ᠤ ᠪᠦᠷᠢᠯᠳᠥᠬᠦᠨ ᠦᠬᠡᠢ ᠲᠤᠯᠠ ᠵᠦᠪᠭᠡᠨ ᠳᠡᠵᠢᠭᠡᠬᠦ ᠠᠴᠠ ᠪᠠᠨ ᠡᠮᠥᠨᠡᠭᠡᠨ ᠰᠠᠶ᠋ᠢ ᠬᠠᠷᠢᠴᠠᠯ ᠶᠤᠰᠤᠭᠠᠷ ᠨᠡᠮᠡᠵᠤ ᠤᠷᠤᠭᠤᠯᠳᠠᠭ᠃ ᠠᠭᠰᠢᠷᠠᠮᠠᠯ ᠳᠡᠵᠢᠭᠡᠯ ᠪᠤᠷᠳᠤᠭ᠎ᠠ ᠶᠢ ᠵᠦᠭᠡᠭᠡᠪᠤᠷᠢᠯᠡᠵᠤ ᠬᠠᠳᠠᠭᠠᠯᠠᠬᠤ ᠳᠤ ᠨᠡᠯᠢᠶᠡᠳ ᠲᠦᠬᠦᠮ ᠪᠦᠭᠡᠳ ᠵᠠᠷᠤᠳᠠᠯ ᠨᠢ ᠪᠠᠭ᠎ᠠ ᠶᠤᠮ᠃    ᠲᠦᠷᠪᠡ᠂ ᠶᠠᠭᠤ ᠶᠢ ᠨᠠᠷᠢᠨ ᠪᠤᠷᠳᠤᠭᠠᠨ ᠤ ᠨᠦᠬᠦᠪᠤᠷᠢ ᠪᠤᠷᠳᠤᠭ᠎ᠠ ᠬᠡᠬᠦ ᠪᠤᠢ    ᠨᠠᠷᠢᠨ ᠪᠤᠷᠳᠤᠭᠠᠨ ᠤ ᠨᠦᠬᠦᠪᠤᠷᠢ ᠪᠤᠷᠳᠤᠭ᠎ᠠ ᠶᠢ ᠡᠩ ᠤᠨ ᠳᠠᠭᠤᠳᠠᠯᠭ᠎ᠠ ᠪᠠᠷ ᠨᠠᠷᠢᠨ ᠳᠡᠵᠢᠭᠡᠯ ᠪᠤᠷᠳᠤᠭ᠎ᠠ ᠬᠡᠳᠡᠭ ᠪᠦᠭᠡᠳ ᠪᠦᠳᠥᠬᠦᠯᠢᠭ ᠳᠡᠵᠢᠭᠡᠯ ᠪᠤᠷᠳᠤᠭ᠎ᠠ᠂ ᠨᠤᠭᠤᠭᠠᠨ ᠳᠡᠵᠢᠭᠡᠯ ᠪᠤᠷᠳᠤᠭ᠎ᠠ᠂ ᠳᠠᠷᠤᠰᠢᠭᠤᠯᠤᠭᠰᠠᠨ ᠳᠡᠵᠢᠭᠡᠯ ᠪᠤᠷᠳᠤᠭ᠎ᠠ ᠪᠠᠷ ᠰᠠᠭᠤᠷᠢ ᠪᠤᠯᠭᠠᠭᠰᠠᠨ ᠡᠪᠡᠰᠥᠨ ᠳᠡᠵᠢᠭᠡᠯᠳᠡᠨ ᠤ ᠰᠢᠮ᠎ᠡ ᠳᠡᠵᠢᠭᠡᠯ ᠢ ᠨᠦᠬᠦᠪᠤᠷᠢᠯᠡᠳᠡᠭ᠂ ᠬᠠᠷᠢᠨ ᠡᠨᠧᠷᠬᠢᠳᠥ ᠳᠡᠵᠢᠭᠡᠯ ᠪᠤᠷᠳᠤᠭ᠎ᠠ᠂ ᠤᠭᠤᠷᠠᠭᠳᠥ ᠳᠡᠵᠢᠭᠡᠯ ᠪᠤᠷᠳᠤᠭ᠎ᠠ ᠪᠠ ᠡᠷᠥᠳᠡᠰᠥᠨ ᠪᠤᠳᠠᠰ ᠤᠨ ᠳᠡᠵᠢᠭᠡᠯ ᠪᠤᠷᠳᠤᠭ᠎ᠠ ᠬᠡᠳᠡᠭ ᠨᠢ ᠵᠤᠬᠢᠬᠤ ᠬᠠᠷᠢᠴᠠᠯ ᠢᠶᠠᠷ ᠨᠠᠶᠢᠷᠠᠭᠤᠯᠤᠭᠰᠠᠨ ᠳᠡᠵᠢᠭᠡᠯ ᠪᠤᠷᠳᠤᠭ᠎ᠠ ᠶᠢ ᠵᠢᠭᠠᠵᠤ ᠪᠤᠢ᠃ ᠨᠠᠷᠢᠨ ᠪᠤᠷᠳᠤᠭᠠᠨ ᠤ ᠨᠦᠬᠦᠪᠤᠷᠢ ᠪᠤᠷᠳᠤᠭ᠎ᠠ ᠶᠢ ᠳᠠᠩ ᠭᠠᠭᠴᠠ ᠪᠠᠷ ᠨᠢ ᠬᠤᠨᠤᠭ ᠤᠨ ᠳᠡᠵᠢᠭᠡᠯ ᠪᠤᠯᠭᠠᠵᠤ ᠪᠤᠯᠬᠤ ᠦᠬᠡᠢ᠂ ᠬᠡᠷᠡᠭᠯᠡᠬᠦ ᠦᠶᠡᠰ ᠨᠠᠷᠢᠨ ᠪᠦᠳᠥᠬᠦᠯᠢᠭ ᠳᠡᠵᠢᠭᠡᠯ ᠪᠤᠷᠳᠤᠭᠠᠨ ᠤ ᠬᠠᠷᠢᠴᠠᠯ ᠤᠨ ᠠᠰᠠᠭᠤᠳᠠᠯ ᠢ ᠠᠩᠬᠠᠷᠤᠨ᠎ᠠ᠃ ᠳᠠᠷᠤᠢ ᠨᠠᠷᠢᠨ ᠳᠡᠵᠢᠭᠡᠯ ᠪᠤᠷᠳᠤᠭ᠎ᠠ ᠪᠠ ᠪᠦᠳᠥᠬᠦᠯᠢᠭ ᠳᠡᠵᠢᠭᠡᠯ ᠪᠤᠷᠳᠤᠭ᠎ᠠ ᠶᠢᠨ ᠬᠠᠭᠤᠷᠠᠢ ᠪᠤᠳᠠᠰ ᠤᠨ ᠬᠠᠷᠢᠴᠠᠯ᠂ ᠨᠠᠷᠢᠨ ᠪᠠ ᠪᠦᠳᠥᠬᠦᠯᠢᠭ ᠤᠨ ᠬᠠᠷᠢᠴᠠᠯ ᠨᠢ ᠬᠡᠳᠥ ᠦᠨᠳᠥᠷ ᠪᠤᠯᠪᠠᠯ ᠡᠪᠡᠰᠥᠨ ᠳᠡᠵᠢᠭᠡᠯᠳᠡᠨ ᠰᠢᠮ᠎ᠡ ᠳᠡᠵᠢᠭᠡᠯ ᠤᠨ ᠰᠤᠯᠢᠯᠴᠠᠭᠠᠨ ᠤ ᠭᠡᠮ ᠳᠤ ᠬᠢᠯᠪᠠᠷ ᠦᠷᠳᠥᠨ᠎ᠡ᠃    ᠳᠠᠪᠤ᠂ ᠶᠠᠭᠤ ᠶᠢ ᠨᠠᠶᠢᠷᠠᠭᠤᠯᠤᠭᠰᠠᠨ ᠳᠡᠵᠢᠭᠡᠯ ᠪᠤᠷᠳᠤᠭ᠎ᠠ ᠬᠡᠬᠦ ᠪᠤᠢ    ᠨᠠᠶᠢᠷᠠᠭᠤᠯᠤᠭᠰᠠᠨ ᠳᠡᠵᠢᠭᠡᠯ ᠪᠤᠷᠳᠤᠭ᠎ᠠ ᠬᠡᠳᠡᠭ ᠨᠢ ᠳᠡᠵᠢᠭᠡᠬᠦ ᠠᠮᠢᠳᠠᠨ ᠤ ᠰᠢᠮ᠎ᠡ ᠳᠡᠵᠢᠭᠡᠯ ᠤᠨ ᠬᠡᠷᠡᠭᠴᠡᠭᠡ ᠶᠢ ᠦᠨᠳᠥᠰᠥᠯᠡᠨ᠂ ᠤᠯᠠᠨ ᠵᠥᠢᠯ ᠤᠨ ᠳᠡᠵᠢᠭᠡᠯ ᠪᠤᠷᠳᠤᠭᠠᠨ ᠤ ᠲᠦᠬᠦᠬᠡᠢ ᠮᠠᠲ᠋ᠧᠷᠢᠶᠠᠯ ᠢ ᠳᠡᠵᠢᠭᠡᠯ ᠪᠤᠷᠳᠤᠭ᠎ᠠ ᠨᠠᠶᠢᠷᠠᠭᠤᠯᠬᠤ ᠠᠷᠭ᠎ᠠ ᠪᠠᠷ ᠰᠢᠨᠵᠢᠯᠡᠬᠦ ᠤᠬᠠᠭᠠᠨᠴᠢ ᠮᠡᠷᠭᠡᠰᠢᠯ ᠢ ᠳᠠᠮᠵᠢᠨ ᠪᠤᠯᠪᠠᠰᠤᠷᠠᠭᠤᠯᠤᠭᠰᠠᠨ ᠳᠡᠵᠢᠭᠡᠯ ᠪᠤᠷᠳᠤᠭ᠎ᠠ ᠶᠤᠮ᠂ ᠡᠬᠦᠨ ᠢ ᠪᠠᠰᠠ ᠳᠡᠬᠦᠰ ᠪᠤᠷᠳᠤᠭ᠎ᠠ ᠬᠡᠮᠡᠨ ᠬᠡᠯᠡᠳᠡᠭ᠃ ᠡᠶᠢᠮᠥ ᠳᠡᠵᠢᠭᠡᠯ ᠪᠤᠷᠳᠤᠭᠠᠨ ᠤ ᠤᠨᠴᠠᠯᠢᠭ ᠨᠢ ᠰᠢᠮ᠎ᠡ ᠳᠡᠵᠢᠭᠡᠯᠳᠥ ᠦᠷᠳᠡᠭ ᠨᠢ ᠪᠦᠷᠢᠨ ᠳᠡᠬᠦᠯᠳᠡᠷ᠂ ᠠᠮᠢᠳᠠᠨ ᠤ ᠤᠯᠠᠨ ᠵᠥᠢᠯ ᠤᠨ ᠪᠤᠳᠠᠳᠥ ᠬᠡᠷᠡᠭᠴᠡᠭᠡ ᠶᠢ ᠬᠠᠨᠭ᠍ᠭᠠᠵᠤ ᠴᠢᠳᠠᠨ᠎ᠠ᠂ ᠠᠮᠢᠳᠠᠨ ᠢ ᠰᠢᠭᠤᠳ ᠳᠡᠵᠢᠭᠡᠵᠤ ᠪᠤᠯᠬᠤ ᠪᠦᠭᠡᠳ ᠶᠠᠮᠠᠷ ᠴᠥ ᠪᠤᠳᠠᠰ ᠬᠠᠴᠢᠷᠯᠠᠭᠰᠠᠨ ᠤ ᠬᠡᠷᠡᠭ ᠦᠬᠡᠢ ᠶᠤᠮ᠃ ᠶᠡᠷᠥ ᠳᠤ ᠪᠠᠨ ᠳᠠᠯᠬ᠎ᠠ ᠪᠠ ᠮᠦᠬᠦᠯᠢᠭ ᠬᠤᠶᠠᠷ ᠬᠡᠯᠪᠡᠷᠢ ᠶᠢᠨ ᠪᠠᠶᠢᠳᠠᠭ᠃ ᠨᠠᠶᠢᠷᠠᠭᠤᠯᠤᠭᠰᠠᠨ ᠳᠡᠵᠢᠭᠡᠯ ᠪᠤᠷᠳᠤᠭ᠎ᠠ ᠶᠢ ᠰᠤᠩᠭᠤᠬᠤ ᠪᠠ ᠬᠡᠷᠡᠭᠯᠡᠬᠦ ᠦᠶᠡᠰ ᠵᠦᠪᠭᠡᠨ ᠰᠢᠯᠢᠳᠡᠭ ᠪᠤᠶᠤ ᠬᠢᠮᠳᠠ ᠶᠢ ᠪᠤᠳᠤᠵᠤ ᠪᠤᠯᠬᠤ ᠦᠬᠡᠢ᠃ ᠵᠦᠪ ᠤᠨᠤᠪᠴᠢᠳᠠᠢ ᠠᠷᠭ᠎ᠠ ᠨᠢ ᠳᠡᠵᠢᠭᠡᠯ ᠪᠤᠷᠳᠤᠭ᠎ᠠ ᠦᠭᠬᠦ ᠮᠠᠯ ᠵᠢᠬᠦᠷᠳᠡᠨ ᠢᠶᠠᠨ ᠦᠨᠳᠥᠰᠥᠯᠡᠨ ᠰᠤᠩᠭᠤᠨ ᠠᠪᠬᠤ ᠬᠡᠷᠡᠭᠳᠡᠢ᠃ ᠳᠡᠵᠢᠭᠡᠯ ᠪᠤᠷᠳᠤᠭᠠᠨ ᠤ ᠨᠢᠭᠡᠴᠡ ᠥᠢᠯᠡᠳᠬᠦᠨ ᠤ ᠦᠪᠠᠷ ᠤᠨ ᠦᠷᠳᠡᠭ ᠤᠨ ᠵᠠᠷᠤᠯᠭ᠎ᠠ ᠶᠢ ᠪᠤᠳᠤᠬᠤ ᠳᠤ ᠪᠠᠨ ᠠᠷᠠᠴᠢᠯᠠᠨ ᠳᠡᠵᠢᠭᠡᠬᠦ ᠮᠠᠯ ᠵᠢᠬᠦᠷᠳᠡᠨ ᠤ ᠪᠠᠨ ᠲᠦᠷᠥᠯ ᠵᠥᠢᠯ᠂ ᠦᠰᠥᠯᠳᠡ ᠪᠤᠶᠤ ᠥᠢᠯᠡᠳᠪᠤᠷᠢᠯᠡᠯ ᠤᠨ ᠱᠠᠳᠥ᠂ ᠥᠢᠯᠡᠳᠪᠤᠷᠢᠯᠡᠯ ᠤᠨ ᠴᠢᠨᠠᠷ ᠴᠢᠨᠰᠠᠭ᠎ᠠ ᠶᠢ ᠶᠡᠷᠥᠩᠬᠡᠶᠢᠯᠡᠨ ᠪᠤᠳᠤᠯᠬᠢᠯᠠᠪᠠᠯ ᠵᠤᠬᠢᠨ᠎ᠠ᠃ᠵᠢᠷᠭᠤᠭ᠎ᠠ᠂ ᠶᠠᠭᠤ ᠶᠢ ᠬᠦᠭᠡᠯᠭᠡᠭᠰᠡᠨ ᠳᠡᠵᠢᠭᠡᠯ ᠪᠤᠷᠳᠤᠭ᠎ᠠ ᠬᠡᠬᠦ ᠪᠤᠢ    ᠬᠦᠭᠡᠯᠭᠡᠭᠰᠡᠨ ᠳᠡᠵᠢᠭᠡᠯ ᠪᠤᠷᠳᠤᠭ᠎ᠠ ᠬᠡᠳᠡᠭ ᠨᠢ ᠦᠨᠳᠥᠷ ᠳᠤᠯᠠᠭᠠᠨ᠂ ᠦᠨᠳᠥᠷ ᠳᠠᠷᠤᠴᠠ᠂ ᠦᠨᠳᠥᠷ ᠤᠰᠥ ᠠᠭᠤᠯᠤᠭᠳᠠᠴᠠ ᠶᠢᠨ ᠨᠦᠬᠦᠴᠡᠯ ᠳᠤ ᠦᠷᠬᠦᠯᠵᠢᠯᠡᠨ ᠬᠤᠯᠢᠬᠤ᠂ ᠳᠤᠯᠠᠭᠠᠨ ᠢ ᠨᠢ ᠳᠡᠭᠡᠭᠰᠢᠯᠡᠬᠦᠯᠵᠤ ᠳᠠᠷᠤᠴᠠ ᠶᠢ ᠨᠢ ᠨᠡᠮᠡᠭᠳᠡᠬᠦᠯᠬᠦ᠂ ᠪᠤᠯᠪᠠᠰᠤᠷᠠᠭᠤᠯᠬᠤ᠂ ᠬᠡᠪ ᠰᠢᠬᠠᠨ ᠨᠦᠭᠡᠯᠡᠬᠦ ᠪᠠᠷ ᠳᠠᠮᠵᠢᠨ ᠬᠡᠨᠡᠳᠳᠡ ᠳᠠᠷᠤᠴᠠ ᠶᠢ ᠨᠢ ᠪᠠᠭᠤᠷᠠᠭᠤᠯᠪᠠᠯ᠂ ᠬᠦᠭᠡᠪᠤᠷᠢ ᠤᠯᠠᠨ ᠨᠦᠭᠡᠳᠥ ᠳᠡᠵᠢᠭᠡᠯ ᠪᠤᠷᠳᠤᠭ᠎ᠠ ᠪᠤᠯᠴᠢᠬᠠᠳᠠᠭ ᠪᠤᠷᠳᠤᠭ᠎ᠠ ᠶᠢ ᠵᠢᠭᠠᠵᠤ ᠪᠤᠢ᠃ ᠬᠦᠭᠡᠯᠭᠡᠭᠰᠡᠨ ᠳᠡᠵᠢᠭᠡᠯ ᠪᠤᠷᠳᠤᠭ᠎ᠠ ᠨᠢ ᠰᠢᠮ᠎ᠡ ᠳᠡᠵᠢᠭᠡᠯ ᠤᠨ ᠦᠷᠳᠡᠭ ᠢᠶᠠᠷ ᠦᠨᠳᠥᠷ ᠪᠦᠭᠡᠳ ᠮᠠᠯ ᠵᠢᠬᠦᠷᠳᠡᠨ ᠤ ᠠᠵᠤ ᠠᠬᠤᠢ ᠶᠢᠨ ᠴᠢᠨᠠᠷ ᠴᠢᠨᠰᠠᠭ᠎ᠠ ᠶᠢ ᠴᠥ ᠳᠡᠭᠡᠭᠰᠢᠯᠡᠬᠦᠯᠵᠤ᠂ ᠤᠷᠴᠢᠨ ᠳᠤᠭᠤᠷᠢᠨ ᠤ ᠪᠤᠬᠢᠷᠳᠤᠯ ᠢ ᠪᠠᠭᠠᠰᠬᠠᠨ᠂ ᠭᠡᠮ ᠬᠢᠵᠢᠭ ᠤᠨ ᠡᠬᠦᠰᠬᠦ ᠶᠢ ᠰᠡᠷᠬᠡᠶᠢᠯᠡᠵᠤ᠂ ᠳᠡᠵᠢᠭᠡᠬᠦ ᠳᠤ ᠬᠢᠯᠪᠠᠷ ᠪᠠᠶᠢᠳᠠᠭ ᠪᠤᠯᠪᠠᠴᠥ ᠵᠠᠷᠢᠮ ᠰᠢᠮ᠎ᠡ ᠳᠡᠵᠢᠭᠡᠯ ᠨᠢ ᠴᠥ ᠬᠤᠬᠢᠷᠠᠳᠠᠭ ᠪᠢᠯᠡ᠃ ᠬᠦᠭᠡᠯᠭᠡᠭᠰᠡᠨ ᠳᠡᠵᠢᠭᠡᠯ ᠪᠤᠷᠳᠤᠭᠠᠨ ᠤ ᠦᠪᠠᠷ ᠤᠨ ᠦᠷᠳᠡᠭ ᠨᠢ ᠦᠨᠳᠥᠷ᠂ ᠬᠡᠷᠡᠭᠯᠡᠬᠦ ᠦᠷ᠎ᠡ ᠳ᠋ᠦᠩ ᠨᠢ ᠰᠠᠶᠢᠨ᠂ ᠤᠯᠠᠩᠬᠢ ᠳᠤ ᠪᠠᠨ ᠡᠩᠬᠦᠷᠠᠢ ᠠᠮᠢᠳᠠᠨ᠂ ᠤᠰᠥᠨ ᠭᠠᠷᠤᠯᠳᠠᠳᠥ ᠠᠮᠢᠳᠠᠨ ᠪᠠ ᠳᠤᠷᠤᠢ ᠶᠢᠨ ᠳᠡᠵᠢᠭᠡᠯ ᠪᠤᠷᠳᠤᠭ᠎ᠠ ᠪᠠᠷ ᠬᠡᠷᠡᠭᠯᠡᠳᠡᠭ ᠶᠤᠮ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号