ᠨᠢᠭᠡ᠂ ᠳᠡᠵᠢᠭᠡᠯ ᠪᠤᠷᠳᠤᠭ᠎ᠠ ᠪᠤᠯᠪᠠᠰᠤᠷᠠᠭᠤᠯᠬᠤ ᠮᠡᠷᠭᠡᠰᠢᠯ ᠳᠤ ᠶᠠᠮᠠᠷ ᠠᠵᠢᠯ ᠤᠨ ᠬᠡᠰᠡᠭ ᠪᠠᠭᠳᠠᠬᠤ ᠪᠤᠢ | ᠡᠯ᠎ᠡ ᠵᠥᠢᠯ ᠤᠨ ᠳᠡᠵᠢᠭᠡᠯ ᠪᠤᠷᠳᠤᠭ᠎ᠠ ᠪᠤᠯᠪᠠᠰᠤᠷᠠᠭᠤᠯᠬᠤ ᠲᠦᠬᠦᠭᠡᠷᠥᠮᠵᠢ᠂ ᠵᠤᠬᠢᠴᠠᠩᠭᠤᠢ ᠪᠤᠯᠪᠠᠰᠤᠷᠠᠭᠤᠯᠬᠤ | ᠮᠡᠷᠭᠡᠵᠢᠯ ᠬᠢᠭᠡᠳ ᠠᠷᠭ᠎ᠠ ᠶᠢ ᠠᠰᠢᠭᠯᠠᠨ ᠡᠯ᠎ᠡ ᠵᠥᠢᠯ ᠤᠨ ᠳᠡᠵᠢᠭᠡᠯ ᠪᠤᠷᠳᠤᠭᠠᠨ ᠤ ᠲᠦᠬᠦᠭᠡᠢ ᠮᠠᠲᠧᠷᠢᠶᠠᠯ ᠢ | ᠵᠤᠬᠢᠬᠤ ᠬᠠᠷᠢᠴᠠᠯ ᠢᠶᠠᠷ ᠵᠥᠢᠯ ᠪᠦᠷᠢ ᠶᠢᠨ ᠳᠡᠵᠢᠭᠡᠯ ᠪᠤᠷᠳᠤᠭ᠎ᠠ ᠥᠢᠯᠡᠳᠥᠨ ᠭᠠᠷᠭᠠᠬᠤ ᠪᠦᠬᠦ᠋ᠢᠯᠡ ᠶᠠᠪᠤᠴᠠ ᠶᠢ | ᠳᠡᠵᠢᠭᠡᠯ ᠪᠤᠷᠳᠤᠭ᠎ᠠ ᠪᠤᠯᠪᠠᠰᠤᠷᠠᠭᠤᠯᠬᠤ ᠬᠡᠳᠡᠭ ᠶᠤᠮ᠃ ᠭᠤᠤᠯᠳᠠᠭᠤ ᠲᠦᠬᠦᠭᠡᠢ ᠮᠠᠲ᠋ᠧᠷᠢᠶᠠᠯ ᠢ ᠬᠤᠷᠢᠶᠠᠨ ᠠᠪᠬᠤ | ᠪᠠ ᠢᠯᠭᠠᠷᠠᠭᠤᠯᠬᠤ᠂ ᠮᠠᠲ᠋ᠧᠷᠢᠶᠠᠯ ᠨᠠᠶᠢᠷᠠᠭᠤᠯᠬᠤ᠂ ᠬᠤᠯᠢᠬᠤ᠂ ᠮᠦᠬᠦᠯᠢᠭᠵᠢᠬᠦᠯᠬᠦ ᠪᠠ ᠪᠦᠳᠥᠭᠡᠭᠳᠡᠬᠦᠨ ᠢ ᠪᠠᠭᠯᠠᠬᠤ | ᠳᠤᠯᠤᠭᠠᠨ ᠶᠡᠭᠡ ᠠᠵᠢᠯ ᠤᠨ ᠬᠡᠰᠡᠭ ᠪᠠᠭᠳᠠᠨ᠎ᠠ᠂ ᠡᠬᠦᠨ ᠠᠴᠠ ᠭᠠᠳᠠᠨ᠎ᠠ ᠪᠠᠰᠠ ᠠᠭᠠᠷ ᠤᠨ ᠰᠢᠬᠠᠭᠤᠷ᠂ ᠪᠢᠴᠢᠯ | ᠺᠤᠮᠫᠢᠦ᠋ᠲ᠋ᠧᠷ ᠤᠨ ᠴᠠᠬᠢᠯᠭᠠᠨ ᠡᠵᠡᠮᠰᠢᠬᠦᠷ ᠪᠠ ᠳᠤᠭᠤᠰᠥ ᠠᠷᠢᠯᠭᠠᠬᠤ ᠵᠡᠷᠭᠡ ᠳᠠᠭᠠᠯᠳᠠ ᠳᠡᠵᠢᠭᠡᠯ ᠪᠤᠷᠳᠤᠭ᠎ᠠ | ᠪᠤᠯᠪᠠᠰᠤᠷᠠᠭᠤᠯᠬᠤ ᠮᠡᠷᠭᠡᠰᠢᠯ ᠤᠨ ᠰᠢᠰᠲ᠋ᠧᠮ ᠪᠠᠭᠳᠠᠳᠠᠭ ᠪᠢᠯᠡ᠃ | ᠬᠤᠶᠠᠷ᠂ ᠳᠡᠵᠢᠭᠡᠯ ᠪᠤᠷᠳᠤᠭ᠎ᠠ ᠪᠤᠯᠪᠠᠰᠤᠷᠠᠭᠤᠯᠬᠤ ᠲᠦᠬᠦᠭᠡᠷᠥᠮᠵᠢ ᠳᠤ ᠶᠠᠮᠠᠷ ᠲᠦᠬᠦᠭᠡᠷᠥᠮᠵᠢ ᠪᠠᠶᠢᠬᠤ ᠪᠤᠢ | ᠮᠡᠷᠭᠡᠰᠢᠯ ᠤᠨ ᠴᠤᠪᠤᠷᠠᠯ ᠢ ᠦᠨᠳᠥᠰᠥᠯᠡᠪᠡᠯ᠂ ᠶᠡᠭᠡ ᠲᠦᠯᠥᠪ ᠲᠦᠬᠦᠭᠡᠢ ᠮᠠᠲ᠋ᠧᠷᠢᠶᠠᠯ ᠢ ᠬᠤᠷᠢᠶᠠᠨ ᠠᠪᠬᠤ | ᠬᠢᠭᠡᠳ ᠢᠯᠭᠠᠷᠠᠭᠤᠯᠬᠤ ᠲᠦᠬᠦᠭᠡᠷᠥᠮᠵᠢ᠂ ᠬᠦᠷᠭᠡᠬᠦ ︵ᠳᠠᠮᠵᠢᠭᠤᠯᠬᠤ︶ ᠲᠦᠬᠦᠭᠡᠷᠥᠮᠵᠢ᠂ ᠮᠠᠲᠧᠷᠢᠶᠠᠯ | ᠨᠠᠶᠢᠷᠠᠭᠤᠯᠬᠤ ᠲᠦᠬᠦᠭᠡᠷᠥᠮᠵᠢ᠂ ᠬᠤᠯᠢᠬᠤ ᠲᠦᠬᠦᠭᠡᠷᠥᠮᠵᠢ᠂ ᠮᠦᠬᠦᠯᠢᠭᠵᠢᠬᠦᠯᠬᠦ ᠲᠦᠬᠦᠭᠡᠷᠥᠮᠵᠢ᠂ ᠬᠦᠭᠡᠯᠭᠡᠬᠦ | ᠲᠦᠬᠦᠭᠡᠷᠥᠮᠵᠢ᠂ ᠰᠢᠩᠭᠡᠨᠵᠢᠬᠦᠯᠥᠨ ᠰᠦᠷᠴᠢᠬᠦ ᠲᠦᠬᠦᠭᠡᠷᠥᠮᠵᠢ᠂ ᠰᠠᠯᠬᠢ ᠨᠡᠪᠳᠡᠷᠡᠬᠦᠯᠥᠨ ᠳᠤᠭᠤᠰᠥ ᠠᠷᠢᠯᠭᠠᠬᠤ | ᠲᠦᠬᠦᠭᠡᠷᠥᠮᠵᠢ᠂ ᠪᠠᠭᠯᠠᠬᠤ ᠲᠦᠬᠦᠭᠡᠷᠥᠮᠵᠢ ᠪᠠ ᠲᠦᠪ ᠤᠨ ᠡᠵᠡᠮᠰᠢᠬᠦ ᠰᠢᠰᠲ᠋ᠧᠮ ᠪᠠᠭᠳᠠᠨ᠎ᠠ᠃ | ᠲᠦᠬᠦᠭᠡᠢ ᠮᠠᠲ᠋ᠧᠷᠢᠶᠠᠯ ᠬᠤᠷᠢᠶᠠᠨ ᠠᠪᠬᠤ ᠬᠢᠭᠡᠳ ᠳᠤᠭᠤᠰᠥ ᠠᠷᠢᠯᠭᠠᠬᠤ ᠲᠦᠬᠦᠭᠡᠷᠥᠮᠵᠢ ᠳᠤ ᠭᠤᠤᠯᠳᠠᠭᠤ | ᠰᠢᠭᠰᠢᠨ ᠰᠤᠩᠭᠤᠬᠤ ᠮᠠᠰᠢᠨ ᠪᠠ ᠪᠤᠷᠳᠤᠭᠤ ᠵᠡᠷᠭᠡ ᠪᠤᠢ᠃ ᠬᠦᠷᠭᠡᠬᠦ ᠲᠦᠬᠦᠭᠡᠷᠥᠮᠵᠢ ᠶᠢᠨ ᠪᠠᠶᠢᠡᠭᠭᠤ | ᠬᠡᠷᠡᠭᠯᠡᠭᠳᠡᠳᠡᠭ ᠨᠢ ᠡᠷᠬᠢᠬᠦᠯᠭᠡ ᠮᠠᠶ᠋ᠢᠭ ᠤᠨ ᠬᠦᠷᠭᠡᠬᠦ ᠮᠠᠰᠢᠨ᠂ ᠤᠳᠬᠤᠭᠤᠷᠳᠥ ᠡᠷᠬᠦᠬᠦᠷ ᠮᠠᠰᠢᠨ᠂ ᠪᠦᠰᠡᠳᠥ | ᠮᠠᠰᠢᠨ ᠪᠤᠢ᠃ ᠪᠤᠷᠳᠤᠭ᠎ᠠ ᠨᠠᠶᠢᠷᠠᠭᠤᠯᠬᠤ ᠲᠦᠬᠦᠭᠡᠷᠥᠮᠵᠢ ᠳᠤ ᠶᠡᠷᠥ ᠳᠤ ᠪᠠᠨ ᠡᠯᠧᠺᠳ᠋ᠷᠥᠨ ᠪᠤᠷᠳᠤᠭ᠎ᠠ ᠨᠠᠶᠢᠷᠠᠭᠤᠯᠬᠤ | ᠵᠢᠩᠯᠡᠬᠦᠷ ᠬᠡᠷᠡᠭᠯᠡᠬᠦ ᠮᠦᠷᠳᠡᠭᠡᠨ ᠺᠤᠮᠫᠢᠦ᠋ᠲ᠋ᠧᠷ ᠢᠶᠠᠷ ᠡᠵᠡᠮᠰᠢᠳᠡᠭ᠃ ᠬᠤᠯᠢᠬᠤ ᠲᠦᠬᠦᠭᠡᠷᠥᠮᠵᠢ ᠬᠡᠳᠡᠭ ᠨᠢ ᠳᠡᠵᠢᠭᠡᠯ | ᠪᠤᠷᠳᠤᠭᠠᠨ ᠤ ᠥᠢᠯᠡᠳᠪᠤᠷᠢᠯᠡᠯ ᠤᠨ ᠭᠤᠤᠯ ᠨᠢ ᠪᠤᠯᠤᠨ᠎ᠠ᠃ ᠦᠷᠬᠦᠯᠵᠢ ᠬᠡᠷᠡᠭᠯᠡᠳᠡᠭ ᠬᠤᠯᠢᠬᠤ ᠲᠦᠬᠦᠭᠡᠷᠥᠮᠵᠢ ᠳᠤ | ᠬᠡᠪᠳᠡᠭᠡ ᠬᠤᠤᠰ ᠳᠡᠩᠭᠡᠯᠢᠭᠳᠦ ᠰᠡᠯᠢᠬᠦᠷ ᠳᠠᠯᠪᠢ ᠬᠡᠯᠪᠡᠷᠢ ᠶᠢᠨ ᠬᠤᠯᠢᠬᠤ ᠮᠠᠰᠢᠨ᠂ ᠬᠡᠪᠳᠡᠭᠡ ᠡᠷᠬᠢᠬᠦᠯᠭᠡ | ᠬᠡᠯᠪᠡᠷᠢ ᠶᠢᠨ ᠬᠤᠯᠢᠬᠤ ᠮᠠᠰᠢᠨ᠂ ᠪᠤᠰᠤᠭ᠎ᠠ ᠬᠡᠯᠪᠡᠷᠢ ᠶᠢᠨ ᠬᠤᠯᠢᠬᠤ ᠮᠠᠰᠢᠨ ᠵᠡᠷᠭᠡ ᠪᠤᠢ᠃ ᠮᠦᠬᠦᠯᠢᠭᠵᠢᠬᠦᠯᠬᠦ | ᠲᠦᠬᠦᠭᠡᠷᠥᠮᠵᠢ ᠳᠤ ᠠᠭᠤᠷ ᠤᠨ ᠳᠤᠭᠤᠭ᠎ᠠ ᠰᠡᠯᠬᠦᠬᠦᠷ᠂ ᠮᠦᠬᠦᠯᠢᠭᠵᠢᠬᠦᠯᠬᠦ ᠮᠠᠰᠢᠨ᠂ ᠬᠦᠷᠥᠭᠡᠬᠦ ᠮᠠᠰᠢᠨ᠂ ᠳᠡᠰ | ᠢᠯᠭᠠᠬᠤ ᠰᠢᠭᠰᠢᠬᠦᠷ ᠪᠠ ᠬᠡᠮᠬᠡᠴᠢᠬᠦ ᠮᠠᠰᠢᠨ ᠵᠡᠷᠭᠡ ᠪᠠᠭᠳᠠᠨ᠎ᠠ᠃ ᠬᠦᠭᠡᠯᠭᠡᠬᠦ ᠲᠦᠬᠦᠭᠡᠷᠥᠮᠵᠢ ᠳᠤ ᠰᠡᠯᠬᠦᠬᠦᠷ ᠪᠠ | ᠬᠦᠭᠡᠯᠭᠡᠬᠦ ᠮᠠᠰᠢᠨ ᠪᠠᠭᠳᠠᠨ᠎ᠠ᠃ ᠰᠢᠩᠭᠡᠨᠵᠢᠬᠦᠯᠥᠨ ᠰᠦᠷᠴᠢᠬᠦ ᠲᠦᠬᠦᠭᠡᠷᠥᠮᠵᠢ ᠳᠤ ᠰᠢᠩᠭᠡᠨ ᠬᠠᠳᠠᠭᠠᠯᠠᠬᠤ ᠯᠤᠩᠬᠤ᠂ | ᠬᠤᠭᠤᠰᠥᠨ ᠤ ᠬᠦᠭᠡᠷᠭᠡ ᠪᠠ ᠤᠷᠤᠰᠴᠠ ᠶᠢᠨ ᠬᠡᠮᠵᠢᠬᠦᠷ ᠪᠠᠭᠳᠠᠨ᠎ᠠ᠃ ᠰᠠᠯᠬᠢ ᠨᠡᠪᠳᠡᠷᠡᠵᠤ ᠳᠤᠭᠤᠰᠥ ᠠᠷᠢᠯᠭᠠᠬᠤ | ᠲᠦᠬᠦᠭᠡᠷᠥᠮᠵᠢ ᠳᠤ ᠦᠯᠢᠶᠡᠬᠦᠷ ᠮᠠᠰᠢᠨ᠂ ᠳᠤᠭᠤᠰᠥᠨ ᠤ ᠰᠤᠷᠤᠭᠤᠯ ᠵᠡᠷᠭᠡ ᠪᠠᠭᠳᠠᠨ᠎ᠠ᠃ ᠲᠦᠪ ᠤᠨ ᠡᠵᠡᠮᠰᠢᠬᠦ | ᠰᠢᠰᠲ᠋ᠧᠮ ᠨᠢ ᠬᠠᠷᠢᠨ ᠪᠦᠬᠦ᠋ᠢᠯᠡ ᠳᠡᠵᠢᠭᠡᠯ ᠪᠤᠷᠳᠤᠭ᠎ᠠ ᠪᠤᠯᠪᠠᠰᠤᠷᠠᠭᠤᠯᠬᠤ ᠶᠠᠪᠤᠴᠠ ᠶᠢᠨ ᠳᠠᠷᠢᠬᠢ ᠨᠢ ᠪᠤᠯᠬᠤ ᠪᠠᠷ | ᠪᠠᠷᠠᠬᠤ ᠦᠬᠡᠢ ᠡᠯ᠎ᠡ ᠵᠥᠢᠯ ᠤᠨ ᠲᠤᠨᠤᠭ ᠲᠦᠬᠦᠭᠡᠷᠥᠮᠵᠢ ᠶᠢᠨ ᠡᠵᠡᠮᠰᠢᠬᠦ ᠰᠢᠰᠲ᠋ᠧᠮ ᠨᠢ ᠴᠦᠮ ᠡ᠊ᠨᠳᠡ | ᠬᠤᠷᠠᠮᠳᠤᠵᠤ ᠪᠠᠶᠢᠭ᠎ᠠ ᠶᠤᠮ᠃ | ᠭᠤᠷᠪᠠ᠂ ᠳᠡᠵᠢᠭᠡᠯ ᠪᠤᠷᠳᠤᠭ᠎ᠠ ᠪᠤᠯᠪᠠᠰᠤᠷᠠᠭᠤᠯᠬᠤ ᠲᠦᠬᠦᠭᠡᠷᠥᠮᠵᠢ ᠶᠢ ᠰᠤᠩᠭᠤᠬᠤ ᠠᠷᠭ᠎ᠠ ᠪᠠ ᠵᠠᠷᠴᠢᠮ ᠨᠢ ᠶᠠᠭᠤ | ᠪᠤᠢ | ᠲᠦᠬᠦᠭᠡᠷᠥᠮᠵᠢ ᠰᠤᠩᠭᠤᠬᠤ ᠳᠡᠭᠡᠷ᠎ᠡ ᠭᠤᠤᠯᠳᠠᠭᠤ ᠬᠡᠮᠵᠢᠬᠦ ᠲᠦᠬᠦᠭᠡᠷᠥᠮᠵᠢ ᠪᠤᠯᠬᠤ ᠡᠯᠧᠺᠳ᠋ᠷᠥᠨ ᠵᠢᠩᠯᠡᠬᠦᠷ ᠪᠠ | ᠬᠤᠯᠢᠬᠤ ᠲᠦᠬᠦᠭᠡᠷᠥᠮᠵᠢ ᠶᠢᠨ ᠨᠢᠬᠳᠠᠴᠠ ᠶᠢ ᠳᠤᠭᠳᠠᠭᠠᠬᠤ ᠬᠡᠷᠡᠭᠳᠡᠢ᠃ ᠠᠳᠠᠯᠢ ᠪᠤᠰᠥ ᠨᠠᠶᠢᠷᠠᠯᠭ᠎ᠠ ᠶᠢᠨ | ᠬᠠᠷᠢᠴᠠᠯ ᠲᠠᠢ ᠪᠤᠳᠠᠰ ᠤᠨ ᠴᠢᠨᠠᠷ ᠢ ᠦᠨᠳᠥᠰᠥᠯᠡᠵᠤ᠂ ᠠᠳᠠᠯᠢ ᠪᠤᠰᠥ ᠬᠡᠮᠵᠢᠶ᠎ᠡ ᠲᠠᠢ ᠬᠡᠮᠵᠢᠬᠦ ᠲᠦᠬᠦᠭᠡᠷᠥᠮᠵᠢ ᠪᠠᠷ | ᠠᠳᠠᠯᠢ ᠪᠤᠰᠥ ᠪᠤᠳᠠᠰ ᠤᠨ ᠬᠡᠮᠵᠢᠶᠡᠨ ᠤ ᠬᠡᠮᠵᠢᠯᠳᠡ ᠶᠢᠨ ᠱᠠᠭᠠᠷᠳᠠᠯᠭ᠎ᠠ ᠶᠢ ᠬᠠᠨᠭ᠍ᠭᠠᠬᠤ ᠬᠡᠷᠡᠭᠳᠡᠢ ᠶᠤᠮ᠃ | ᠨᠠᠶᠢᠷᠠᠭᠤᠯᠤᠭᠰᠠᠨ ᠪᠤᠷᠳᠤᠭ᠎ᠠ ᠬᠢᠭᠡᠳ ᠨᠡᠶᠢᠯᠡᠯᠭᠡ ᠬᠤᠯᠢᠮᠠᠭ ᠪᠤᠷᠳᠤᠭ᠎ᠠ ᠥᠢᠯᠡᠳᠬᠦ ᠦᠶᠡᠰ᠂ ᠬᠤᠯᠢᠬᠤ ᠮᠠᠰᠢᠨ ᠢ | ᠰᠤᠩᠭᠤᠬᠤ ᠨᠢ ᠬᠠᠮᠤᠭ ᠴᠢᠬᠤᠯᠠ ᠶᠤᠮ᠂ ᠬᠤᠯᠢᠬᠤ ᠮᠠᠰᠢᠨ ᠨᠢ ᠠᠷᠪᠠᠨ ᠲᠦᠮᠡ ᠶᠢᠨ ᠨᠢᠭᠡ ᠶᠢᠨ ᠨᠠᠶᠢᠷᠠᠯᠭ᠎ᠠ ᠶᠢᠨ | ᠬᠠᠷᠢᠴᠠᠯ ᠤᠨ ᠦᠳᠭᠡᠴᠡ ᠶᠢᠨ ᠪᠠᠶᠢᠳᠠᠯ ᠳᠤᠤᠷ᠎ᠠ ᠬᠤᠯᠢᠬᠤ ᠨᠢᠬᠳᠠᠴᠠ ᠶᠢᠨ ᠢᠯᠡᠳᠭᠡᠮᠵᠢ ᠨᠢ 5% ᠠᠴᠠ ᠪᠠᠭ᠎ᠠ | ᠪᠠᠶᠢᠪᠠᠯ ᠵᠤᠬᠢᠨ᠎ᠠ᠃ ᠬᠤᠯᠢᠬᠤ ᠮᠠᠰᠢᠨ ᠢ ᠵᠢᠷᠤᠵᠤ ᠲᠦᠯᠥᠪᠯᠡᠬᠦ ᠳᠤ ᠪᠠᠨ ᠤᠳᠠᠭ᠎ᠠ ᠪᠦᠷᠢ ᠶᠢᠨ ᠪᠤᠳᠠᠰ ᠢᠶᠠᠨ | ᠬᠤᠯᠢᠵᠤ ᠳᠠᠭᠤᠰᠤᠭᠰᠠᠨ ᠬᠤᠶᠢᠨ᠎ᠡ ᠵᠦᠪᠭᠡᠨ ᠲᠦᠢᠯ ᠤᠨ ᠪᠠᠭ᠎ᠠ ᠪᠤᠳᠠᠰ ᠤᠨ ᠦᠯᠡᠳᠡᠭᠳᠡᠯ ᠬᠤᠯᠢᠬᠤ ᠮᠠᠰᠢᠨ | ᠳᠤᠳᠤᠷ᠎ᠡ ᠦᠯᠡᠳᠡᠵᠤ ᠪᠤᠯᠬᠤ ᠶᠢ ᠪᠠᠳᠤᠯᠠᠬᠤ ᠬᠡᠷᠡᠭᠳᠡᠢ᠃ ᠬᠤᠯᠢᠬᠤ ᠮᠠᠰᠢᠨ ᠰᠤᠩᠭᠤᠬᠤ ᠦᠶᠡᠰ ᠬᠤᠯᠢᠬᠤ | ᠪᠤᠳᠠᠰ ᠤᠨ ᠤᠨ᠎ᠠ ᠴᠢᠨᠠᠷ ᠨᠢ ᠬᠤᠯᠢᠬᠤ ᠮᠠᠰᠢᠨ ᠳᠤ ᠠᠳᠠᠯᠢ ᠪᠤᠰᠥ ᠶᠢᠨ ᠱᠠᠭᠠᠷᠳᠠᠯᠭ᠎ᠠ ᠲᠠᠢ ᠶᠢ ᠬᠥᠢᠴᠡᠳ | ᠪᠤᠳᠤᠯᠬᠢᠯᠠᠪᠠᠯ ᠵᠤᠬᠢᠨ᠎ᠡ᠃ ᠲᠦᠬᠦᠭᠡᠷᠥᠮᠵᠢ ᠰᠤᠩᠭᠤᠬᠤ ᠦᠶᠡᠰ ᠭᠤᠯᠭᠤᠭᠤᠷ ᠬᠤᠭᠤᠯᠠᠢ᠂ ᠪᠤᠷᠳᠤᠭᠠᠨ ᠬᠦᠮᠥᠷᠭᠡ᠂ | ᠪᠤᠷᠳᠤᠭᠠᠨ ᠳᠠᠰᠤᠯᠭ᠎ᠠ ᠶᠢᠨ ᠳᠤᠳᠤᠷ᠎ᠡ ᠬᠠᠨ᠎ᠠ ᠨᠢ ᠬᠦᠯᠢᠭᠡᠷ ᠪᠠᠶᠢᠬᠤ ᠬᠡᠷᠡᠭᠳᠡᠢ᠃ | ᠲᠦᠷᠪᠡ᠂ ᠪᠡᠯᠡᠳᠭᠡᠯ ᠬᠤᠯᠢᠮᠠᠭ ᠳᠡᠵᠢᠭᠡᠯ ᠪᠤᠷᠳᠤᠭ᠎ᠠ ᠶᠢᠨ ᠥᠢᠯᠡᠳᠪᠤᠷᠢᠯᠡᠯ ᠤᠨ ᠮᠡᠷᠭᠡᠰᠢᠯ ᠳᠤ ᠶᠠᠮᠠᠷ | ᠤᠨᠴᠠᠯᠢᠭ ᠲᠠᠢ ᠪᠤᠢ | 1. ᠮᠡᠷᠭᠡᠰᠢᠯ ᠤᠨ ᠳᠠᠮᠵᠢᠭᠤᠯᠭ᠎ᠠ ᠨᠢ ᠲᠦᠬᠦᠮ᠃ ᠪᠡᠯᠡᠳᠭᠡᠯ ᠬᠤᠯᠢᠮᠠᠭ ᠳᠡᠵᠢᠭᠡᠯ ᠪᠤᠷᠳᠤᠭ᠎ᠠ ᠶᠢ | ᠥᠢᠯᠡᠳᠪᠤᠷᠢᠯᠡᠬᠦ ᠮᠡᠷᠭᠡᠰᠢᠯ ᠳᠤ ᠬᠤᠶᠠᠷ ᠵᠠᠩᠬᠢᠯᠠᠭ᠎ᠠ ᠶᠢ ᠠᠳᠬᠤᠬᠤ ᠬᠡᠷᠡᠭᠳᠡᠢ᠂ ᠨᠢᠭᠡ ᠨᠢ ᠨᠠᠶᠢᠷᠠᠯᠭ᠎ᠠ ᠶᠢ | ᠤᠨᠤᠪᠴᠢᠳᠠᠢ ᠪᠠᠶᠢᠯᠭᠠᠬᠤ᠂ ᠨᠦᠬᠦᠭᠡ ᠨᠢ ᠵᠢᠭᠳᠡ ᠬᠤᠯᠢᠬᠤ ᠶᠢ ᠴᠢᠬᠤᠯᠠᠴᠢᠯᠠᠨ᠎ᠠ᠃ | 2. ᠨᠠᠶᠢᠷᠠᠭᠤᠯᠬᠤ ᠪᠤᠷᠳᠤᠭᠠᠨ ᠤ ᠨᠠᠷᠢᠯᠢᠭ ᠤᠨ ᠱᠠᠭᠠᠷᠳᠠᠯᠭ᠎ᠠ ᠦᠨᠳᠥᠷ᠃ ᠮᠡᠷᠭᠡᠰᠢᠯ ᠤᠨ ᠳᠠᠯ᠎ᠠ ᠪᠠᠷ 3 — | 4 ᠪᠤᠷᠳᠤᠭ᠎ᠠ ᠨᠠᠶᠢᠷᠠᠭᠤᠯᠬᠤ ᠴᠡᠭ ᠪᠠᠶᠢᠭᠤᠯᠵᠤ᠂ ᠪᠤᠷᠳᠤᠭ᠎ᠠ ᠨᠠᠶᠢᠷᠠᠭᠤᠯᠬᠤ ᠴᠡᠭ ᠪᠦᠷᠢ ᠳᠤ ᠨᠢᠭᠡ ᠵᠥᠢᠯ ᠤᠨ | ᠬᠦᠨᠳᠥᠴᠡ ᠶᠢᠨ ᠳᠡᠰ ᠲᠠᠢ ᠲᠦᠬᠦᠭᠡᠢ ᠮᠠᠲ᠋ᠧᠷᠢᠶᠠᠯ ᠳᠤᠬᠢᠷᠠᠭᠤᠯᠵᠤ᠂ ᠶᠡᠭᠡ ᠬᠡᠮᠵᠢᠶᠡᠨ ᠤ ᠬᠢᠨ ᠳᠤ ᠨᠢ ᠪᠦᠳᠥᠬᠦᠨ | ᠵᠢᠩᠯᠡᠬᠦᠷ ᠬᠡᠷᠡᠭᠯᠡᠵᠤ᠂ ᠪᠠᠭ᠎ᠠ ᠬᠡᠮᠵᠢᠶᠡᠨ ᠤ ᠬᠢᠨ ᠳᠤ ᠨᠢ ᠵᠢᠵᠢᠭ ᠵᠢᠩᠯᠡᠬᠦᠷ ᠬᠡᠷᠡᠭᠯᠡᠨ᠎ᠡ᠃ | 3. ᠬᠤᠯᠢᠬᠤ ᠵᠢᠭᠳᠡᠴᠡ ᠶᠢᠨ ᠱᠠᠭᠠᠷᠳᠠᠯᠭ᠎ᠠ ᠦᠨᠳᠥᠷ᠃ ᠬᠤᠯᠢᠬᠤ ᠮᠠᠰᠢᠨ ᠤ ᠬᠤᠯᠢᠬᠤ ᠵᠢᠭᠳᠡᠴᠡ ᠶᠢᠨ | ᠤᠨᠳᠤᠤᠰᠢᠯ ᠢᠯᠡᠳᠭᠡᠮᠵᠢ ᠨᠢ 5% ᠠᠴᠠ ᠶᠡᠭᠡ ᠪᠠᠶᠢᠵᠤ ᠪᠤᠯᠬᠤ ᠦᠬᠡᠢ᠂ ᠬᠠᠮᠤᠭ ᠰᠠᠶᠢᠨ ᠨᠢ ᠬᠠᠭᠠᠯᠭ᠎ᠠ ᠪᠠᠨ | ᠶᠡᠭᠡ ᠰᠢᠭ ᠨᠡᠭᠡᠭᠡᠵᠤ ᠪᠠᠶᠢᠭᠠᠳ ᠪᠤᠷᠳᠤᠭ᠎ᠠ ᠭᠠᠷᠭᠠᠨ᠎ᠠ᠂ ᠳᠡᠭᠡᠪᠡᠯ ᠮᠠᠰᠢᠨ ᠳᠤᠳᠤᠷᠠᠬᠢ ᠦᠯᠡᠳᠡᠪᠤᠷᠢ ᠪᠤᠳᠠᠰ ᠢ | ᠪᠠᠭᠠᠰᠬᠠᠵᠤ ᠴᠢᠳᠠᠨ᠎ᠠ᠃ | 4. ᠲᠦᠬᠦᠭᠡᠢ ᠮᠠᠲ᠋ᠧᠷᠢᠶᠠᠯ ᠤᠨ ᠢᠳᠡᠪᠬᠢᠵᠢᠬᠦ ᠶᠢ ᠬᠠᠮᠠᠭᠠᠯᠠᠬᠤ᠃ ᠳᠡᠵᠢᠭᠡᠯ ᠪᠤᠷᠳᠤᠭ᠎ᠠ ᠪᠠ ᠬᠠᠴᠢᠷᠯᠠᠭᠠᠰᠥ ᠨᠢ | ᠬᠤᠭᠤᠷᠥᠨᠳᠥ ᠪᠠᠨ ᠬᠢᠯᠪᠠᠷ ᠬᠢᠮᠢ ᠶᠢᠨ ᠤᠷᠪᠠᠯ ᠭᠠᠷᠬᠤ ᠠᠴᠠ ᠪᠤᠯᠵᠤ ᠳᠡᠬᠦᠨ ᠤ ᠢᠳᠡᠪᠬᠢᠵᠢᠬᠦ ᠶᠢ ᠨᠦᠯᠥᠭᠡᠯᠡᠳᠡᠭ | ᠪᠢᠯᠡ᠃ | 5. ᠲᠦᠬᠦᠭᠡᠢ ᠨᠢ ᠢᠳᠡᠭᠳᠡᠯ ᠢ ᠳᠠᠭᠠᠭᠠᠬᠤ᠃ ᠪᠡᠯᠡᠳᠭᠡᠯ ᠬᠤᠯᠢᠮᠠᠭ ᠲᠦᠬᠦᠭᠡᠢ ᠮᠠᠲ᠋ᠧᠷᠢᠶᠠᠯ ᠤᠨ ᠤᠯᠠᠩᠬᠢ ᠨᠢ | ᠢᠳᠡᠪᠬᠢᠵᠢᠬᠦ ᠪᠤᠳᠠᠰ ᠪᠤᠯᠬᠤ ᠲᠤᠯᠠ ᠲᠦᠬᠦᠭᠡᠷᠥᠮᠵᠢ ᠶᠢ ᠢᠳᠡᠭᠳᠡᠬᠦᠯᠬᠦ ᠪᠠᠷ ᠲᠤᠩ ᠴᠢᠩᠭ᠎ᠠ ᠪᠠᠶᠢᠳᠠᠭ ᠪᠢᠯᠡ᠃ | ᠠᠴᠢᠶᠠᠯᠠᠪᠤᠷᠢ ᠪᠡᠶ᠎ᠡ᠂ ᠰᠢᠩᠭᠡᠷᠡᠬᠦᠯᠥᠭᠰᠡᠨ ᠡᠳ᠋ ᠪᠠ ᠢᠳᠡᠪᠬᠢᠵᠢᠬᠦ ᠦᠬᠡᠢ ᠪᠤᠳᠠᠰ ᠠᠴᠠ ᠭᠠᠳᠠᠨ᠎ᠠ ᠪᠤᠰᠤᠳ | ᠢᠳᠡᠪᠬᠢᠵᠢᠬᠦ ᠪᠤᠳᠠᠰ ᠲᠠᠢ ᠬᠦᠷᠥᠯᠴᠡᠬᠦ ᠲᠦᠬᠦᠭᠡᠷᠥᠮᠵᠢ ᠶᠢ ᠴᠦᠮ ᠢᠳᠡᠭᠳᠡᠯ ᠳᠤ ᠳᠠᠭᠠᠭᠠᠴᠠᠳᠠᠢ ᠵᠢᠪᠡᠷᠡᠬᠦ ᠦᠬᠡᠢ | ᠪᠤᠯᠤᠳ ᠮᠠᠲ᠋ᠧᠷᠢᠶᠠᠯ ᠢᠶᠠᠷ ᠥᠢᠯᠡᠳᠪᠠᠯ ᠵᠤᠬᠢᠨ᠎ᠠ᠃ | 6. ᠳᠤᠭᠤᠰᠥ ᠶᠢ ᠬᠢᠵᠠᠭᠠᠷᠯᠠᠬᠤ᠃ ᠡᠯ᠎ᠡ ᠵᠥᠢᠯ ᠤᠨ ᠲᠦᠬᠦᠭᠡᠷᠥᠮᠵᠢ ᠪᠤᠶᠤ ᠵᠠᠯᠭᠠᠭᠤᠷ ᠤᠨ ᠬᠡᠰᠡᠭ ᠢ | ᠪᠢᠳᠡᠬᠦᠮᠵᠢᠯᠡᠪᠡᠯ ᠵᠤᠬᠢᠨ᠎ᠠ᠃ ᠪᠤᠢ ᠪᠦᠬᠦᠢ ᠪᠢᠴᠢᠯ ᠬᠡᠰᠡᠭ ᠤᠨ ᠪᠤᠷᠳᠤᠭ᠎ᠠ ᠨᠠᠶᠢᠷᠠᠭᠤᠯᠬᠤ ᠴᠢᠭ᠂ ᠪᠤᠷᠳᠤᠭ᠎ᠠ | ᠤᠷᠤᠭᠤᠯᠬᠤ ᠴᠡᠭ᠂ ᠬᠦᠮᠥᠨ ᠤ ᠬᠦᠴᠥ ᠪᠠᠷ ᠠᠵᠢᠯᠯᠠᠬᠤ ᠳᠤᠭᠤᠷᠢᠭ ᠪᠠ ᠪᠦᠳᠥᠭᠡᠭᠳᠡᠬᠦᠨ ᠤ ᠬᠦᠮᠥᠷᠭᠡ ᠶᠢᠨ | ᠳᠤᠳᠤᠷ᠎ᠡ ᠴᠦᠮ ᠰᠠᠯᠬᠢᠨ ᠤ ᠪᠦᠳᠡᠭᠡᠯᠭᠡ᠂ ᠰᠠᠯᠬᠢ ᠨᠡᠪᠳᠡᠷᠡᠬᠦ ᠠᠮᠠᠰᠠᠷ ᠪᠠᠶᠢᠪᠠᠯ ᠵᠤᠬᠢᠨ᠎ᠠ᠃ | |