ᠪᠢ ᠪᠢᠴᠢᠭ ᠤᠨ ᠬᠤᠷᠤᠬᠠᠢ
ᠨᠡᠶᠢᠲᠡᠯᠡᠭᠰᠡᠨ ᠴᠠᠭ᠄
2021/1/8
           ᠴᠢ᠊᠂ ᠵᠠᠮᠰᠦ ᠭᠦᠨ ᠪᠢᠯᠢᠭᠲᠡᠳ ᠤᠨ ᠨᠢᠭᠤᠵᠦ ᠬᠠᠪᠴᠢᠭᠰᠠᠨ ᠳᠠᠯᠳᠠ ᠰᠠᠨᠠᠭ᠎ᠠ ᠶᠢ ᠪᠢ ᠬᠡᠵᠢᠶᠡᠳᠡ ᠦᠯᠦ ᠤᠶᠢᠯᠠᠭᠠᠬᠤ ᠲᠦᠬᠡᠷᠢᠯ ᠳᠡᠳᠡᠨᠦᠰ ᠤᠨ ᠲᠤᠩᠭᠠᠯᠲᠠ ᠳᠡᠬᠦᠰ ᠮᠢᠨᠦ ᠨᠢᠴᠦᠬᠦᠨ ᠴᠠᠭᠠᠨ ᠲᠤᠰᠢᠶᠠᠯᠲᠠ ᠶᠢ ᠬᠦᠨ ᠪᠢᠢᠯᠢᠭᠳᠡᠳ ᠬᠡᠵᠢᠶᠡᠳᠡ ᠦᠯᠦ ᠲᠤᠭᠤᠮᠰᠤᠷᠯᠠᠬᠤ ᠬᠠᠷᠠᠮᠰᠠᠯ ᠦᠪᠡᠷ ᠤᠨ ᠰᠢᠷᠭᠠᠭᠠᠯᠲᠠ ᠮᠡᠭᠦᠰ ᠬᠦᠨ ᠪᠢᠯᠢᠭᠳᠡᠳ ᠢ ᠳᠡᠬᠦᠨ ᠠᠴᠠ ᠴᠦ ᠬᠦᠨ ᠪᠢᠯᠢᠭᠳᠡᠳ ᠰᠢᠯᠭᠠᠨᠠᠮ ᠱᠠᠭᠰᠢᠨᠠᠮ ᠬᠦᠮᠦᠵᠢᠭᠳᠡᠨ ᠴᠠᠭᠠᠷᠠᠬᠤ ᠨᠢ ᠲᠦᠮᠡᠨ ᠵᠦᠢ ᠨᠠᠮᠠᠢᠢ ᠰᠡᠭᠡᠭᠡᠷᠡᠭᠦᠯᠬᠦ ᠲᠠᠰᠢᠭᠤᠷᠳᠠᠯ ᠮᠢᠨᠦ ᠴᠠᠭᠠᠨ ᠰᠢᠯᠦᠭ ᠢ ᠭᠠᠭᠴᠠᠬᠠᠨ ᠤᠩᠰᠢᠭᠴᠢ ᠯᠡ ᠱᠤᠬᠤᠭᠤᠷᠬᠠᠨᠠᠮ ᠵᠤᠷᠢᠭᠵᠢᠭᠤᠯᠤᠨᠠᠮ ᠤᠷᠮ᠎ᠠ ᠦᠯᠦ ᠬᠤᠭᠤᠷᠠᠬᠤ ᠡᠷᠢᠯᠬᠢᠯᠡᠯ ᠪᠢᠯᠢᠭᠳᠡᠳ ᠢ ᠮᠦᠷᠳᠡᠬᠦ ᠠᠳᠠᠭ᠎ᠠ ᠡᠬᠡᠰᠢᠭ ᠢᠷᠠᠭᠤᠯᠢᠭ ᠴᠣᠪᠣᠭᠤ ᠰᠤᠨᠤᠰᠬᠤᠯᠠᠩ ᠨᠢᠷᠤᠭᠤ ᠪᠤᠰᠤᠭ᠎ᠠ ᠯᠡ ᠶᠤᠮ ᠪᠤᠯ ᠤᠶᠢᠯᠠᠭᠠᠭᠰᠠᠨ ᠴᠦ ᠦᠯᠦ ᠤᠶᠢᠯᠠᠭᠠᠭᠰᠠᠨ ᠴᠦ ᠵᠢᠷᠦᠬᠡᠨ ᠳᠤ ᠪᠠᠨ ᠪᠢᠰᠢᠷᠡᠵᠦ ᠵᠤᠭᠰᠤᠨ᠎ᠠ ᠪᠢ ᠪᠢᠴᠢᠭ ᠤᠨ ᠬᠤᠷᠤᠬᠠᠢ ᠮᠠᠩᠬᠠᠨ ᠳᠡᠭᠡᠷ᠎ᠡ ᠠ ᠦᠰᠦᠭ ᠵᠢᠷᠤᠭᠰᠠᠨ ᠮᠦᠷ ᠲᠠᠢ ᠪᠡᠯᠴᠢᠭᠡᠷ ᠤᠨ ᠪᠠᠮᠪᠤ ᠬᠤᠷᠤᠬᠠᠢ ᠰᠢᠭ᠋ ᠰᠤᠷᠠᠭ ᠲᠠᠰᠤᠷᠠᠬᠤ ᠲᠤᠷ᠎ᠠ ᠦᠬᠡᠢ ᠪᠢ ᠪᠢᠴᠢᠭ ᠤᠨ ᠬᠤᠷᠤᠬᠠᠢ ᠰᠠᠮᠪᠠᠷ᠎ᠠ ᠠᠷᠴᠢᠭᠰᠠᠨ ᠤᠯᠪᠠᠭ᠎ᠠ ᠲᠡᠥᠬᠡ ᠲᠠᠢ ᠪᠡᠯᠴᠢᠭᠡᠷ ᠤᠨ ᠪᠠᠯᠪᠤ ᠬᠤᠷᠤᠬᠠᠢ ᠠᠴᠠ ᠴᠦ ᠢᠳᠡᠪᠬᠢ ᠪᠡᠯᠴᠢᠬᠡᠷ ᠴᠡᠪᠡᠷᠯᠡᠬᠦ ᠪᠠᠬ᠎ᠠ ᠲᠠᠢ                     2021.1.5
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号