| 1. ᠪᠤᠭᠳᠠ ᠠᠭᠤᠯᠠ | ᠠᠭᠤᠯᠠ ᠠᠭᠤᠯᠠᠨ ᠠᠴᠠ ᠦᠨᠳᠦᠷᠭᠡᠨ | ᠤᠷᠭᠤᠬᠤ ᠨᠠᠷᠠᠨ ᠠᠴᠠ ᠤᠶᠢᠷᠠᠬᠠᠨ᠂ | ᠤᠵᠤᠭᠤᠷ ᠳᠡᠥᠭᠡ ᠶᠢᠨ ᠪᠤᠭᠤᠷᠤᠯ ᠳᠤᠮᠤᠭ | ᠤᠭᠰᠠᠭ᠎ᠠ ᠲᠦᠷᠦᠯ ᠤᠨ ᠪᠤᠰᠤᠭ᠎ᠠ ᠤᠮᠤᠭ᠃ | ᠬᠤᠯᠠ ᠶᠢᠨ ᠬᠤᠯᠠᠬᠢ ᠰᠤᠶᠤᠯᠵᠢ ᠠᠭᠤᠯᠠ | ᠬᠤᠨᠤᠭ ᠤᠨ ᠵᠡᠭᠦᠳᠦᠨ ᠳᠤ ᠤᠶᠢᠷᠠᠬᠠᠨ᠂ | ᠬᠤᠯᠠᠨ ᠬᠤᠯᠠᠨ ᠰᠢᠷᠭᠠᠯ ᠤᠶᠢᠳ ᠤᠨ | ᠬᠤᠩᠭᠤᠷ ᠨᠦᠷᠦᠭᠡ ᠨᠢ ᠤᠷᠤᠮᠳᠠᠩᠬᠠᠨ᠃ | ᠰᠦᠮᠪᠦᠷ ᠶᠡᠭᠡᠮᠰᠦᠭ ᠪᠠᠷ᠎ᠠ ᠳᠤᠨᠢ | ᠰᠦᠷᠳᠡᠵᠤ ᠪᠢᠰᠢᠷᠡᠬᠦ ᠬᠦᠮᠦᠨ ᠲᠠᠢ | ᠰᠦᠭᠦ ᠵᠤᠵᠠᠭᠠᠨ ᠴᠠᠰᠤᠨ ᠳᠤᠨᠢ | ᠰᠦᠭᠦᠷᠡᠵᠤ ᠪᠠᠯᠭᠤᠬᠤ ᠤᠮᠳᠠ ᠲᠠᠢ᠃ | ᠰᠢᠮᠡᠷᠡᠵᠤ ᠤᠷᠤᠬᠤ ᠪᠤᠷᠤᠭ᠎ᠠ ᠨᠢ | ᠰᠢᠪᠡᠨᠡᠵᠤ ᠬᠡᠯᠡᠬᠦ ᠪᠤᠯᠵᠤᠭ᠎ᠠ ᠲᠠᠢ᠂ | ᠰᠢᠳᠢᠳᠤ ᠠᠰᠬ᠎ᠠ ᠬᠠᠳᠠ ᠨᠢ | ᠰᠢᠯᠢ ᠶᠢᠨ ᠡᠷ᠎ᠡ ᠪᠤᠳᠤᠯᠭ᠎ᠠ ᠲᠠᠢ᠃ | ᠰᠢᠯᠢ ᠪᠠᠷ ᠨᠢ ᠡᠰᠭᠡᠭᠳᠡᠬᠦ ᠰᠤᠷᠪᠢ ᠨᠢ | ᠰᠢᠭᠤᠢ ᠪᠠᠷ ᠢᠶᠠᠨ ᠡᠳᠡᠭᠡᠷᠡᠵᠤ ᠠᠨᠠᠳᠠᠭ᠂ | ᠰᠦᠨᠢ ᠪᠠᠷ ᠰᠢᠯᠵᠢᠭᠳᠡᠬᠦ ᠤᠪᠤᠭ᠎ᠠ ᠨᠢ | ᠰᠡᠮ ᠢᠶᠠᠷ ᠤᠷᠤᠨ ᠳᠤ ᠪᠠᠨ ᠪᠤᠴᠠᠳᠠᠭ᠃ | ᠰᠡᠩᠰᠡᠷᠡᠵᠤ ᠪᠠᠭᠤᠬᠤ ᠮᠠᠨᠠᠨ ᠨᠢ | ᠰᠡᠳᠬᠢᠯ ᠤᠨ ᠠᠷᠢᠭᠤᠨ ᠬᠠᠳᠠᠭ ᠶᠤᠮ ᠤᠤ︖ | ᠰᠡᠷᠢᠭᠦᠨ ᠲᠤᠩᠭᠠᠯᠠᠭ ᠠᠭᠠᠷ ᠨᠢ | ᠰᠡᠭᠡᠭᠡᠷᠡᠵᠤ ᠲᠤᠩᠭᠠᠬᠤ ᠳᠤᠮ ᠪᠢᠯᠢᠤ︕ | ᠭᠬᠢᠷ ᠦᠭᠡᠢ ᠰᠠᠨᠠᠭᠠᠨ ᠳᠤ | ᠬᠢᠯᠢ ᠦᠭᠡᠢ ᠴᠠᠭᠠᠨ ᠨᠢ ᠳᠡᠭᠡᠷ᠎ᠠ | ᠭᠬᠢᠪ ᠴᠡᠩᠭᠡᠷ ᠬᠤᠷᠸ᠎ᠠ ᠳᠤ | ᠬᠢᠬᠢᠷᠢ ᠦᠩᠭᠡᠷᠡᠤ ᠢᠯᠡᠭᠦᠴᠠ ᠨᠢ ᠲᠡᠷᠠ᠃ | ᠪᠤᠷᠭᠠᠰᠤ ᠪᠤᠷᠭᠠᠰᠤᠨ ᠤ ᠪᠢᠯᠵᠤᠤᠬᠠᠢ ᠨᠢ | ᠪᠤᠳᠤᠯ ᠤᠨ ᠭᠦᠨ ᠳᠤ ᠵᠢᠷᠬᠢᠳᠡᠭ᠂ | ᠪᠤᠳᠠ ᠪᠤᠳᠠ ᠤ ᠪᠦᠵᠦᠩᠬᠡᠢ ᠨᠢ | ᠪᠤᠯᠬᠢᠬᠤ ᠵᠢᠷᠦᠭᠡᠨ ᠳᠤ ᠴᠤᠬᠢᠯᠳᠠᠭ᠃ | ᠪᠤᠭᠳᠠ ᠶᠢᠨ ᠦᠨᠳᠦᠷ ᠬᠠᠶᠢᠷᠬᠠᠨ | ᠪᠤᠮᠪᠠ ᠶᠢᠨ ᠤᠷᠤᠨ ᠤ ᠬᠠᠭᠠᠨ | ᠪᠤᠶᠠᠨᠳᠤ ᠠᠷᠠᠳ ᠤᠨ ᠬᠠᠷᠠᠭᠠᠨ ᠳᠤ | ᠪᠤᠷᠬᠠᠨ ᠲᠡᠭᠷᠢ ᠶᠢᠨ ᠬᠠᠷᠠᠭᠤᠯ ᠡ︕ | 2. ᠭᠦᠢᠯᠡᠷ ᠭᠤᠤᠯ | ᠠᠮᠢᠨ ᠬᠠᠯᠠᠭᠤᠨ ᠰᠢᠷᠦᠢ | ᠳᠤᠮ ᠤᠨ ᠰᠡᠷᠢᠭᠦᠨ ᠤᠰᠤ | ᠡᠩᠭᠡ ᠶᠢᠨ ᠪᠤᠷᠤ ᠭᠠᠯᠠᠭᠤᠳ ᠤᠨ ᠵᠤᠰᠠᠭᠠᠯ | ᠴᠠᠶᠢᠯᠠᠰ ᠴᠠᠶᠢᠯᠠᠰ ᠴᠡᠩᠬᠡᠷᠯᠡᠨᠡᠮ᠂ | ᠮᠦᠩᠭᠡ ᠶᠢᠨ ᠨᠤᠭᠤᠭᠠᠨ ᠵᠢᠯᠠᠭ᠎ᠠ ᠶᠢᠨ ᠰᠤᠳᠠᠰᠤ | ᠯᠤᠭ ᠯᠤᠭ ᠯᠤᠭᠰᠢᠨᠠᠮ︕ | ᠬᠤᠯᠠᠨ ᠵᠢᠷᠤᠭ᠎ᠠ ᠤᠷᠤᠰᠬᠠᠯ ᠶᠠᠭᠠᠷᠠᠵᠤ | ᠬᠤᠯᠠ ᠶᠢᠨ ᠬᠦᠰᠡᠯ ᠳᠡᠷᠭᠡᠯᠯᠡᠨᠡᠮ᠂ | ᠬᠠᠶᠢᠷ᠎ᠠ ᠶᠢᠨ ᠲᠤᠷᠭᠠᠨ ᠬᠠᠳᠠᠭ ᠨᠠᠮᠢᠷᠠᠵᠤ | ᠬᠤᠩᠭᠤᠷ ᠰᠡᠳᠬᠢᠯ ᠲᠤᠭᠳᠤᠯᠤᠨᠠᠮ︕ | ᠡᠷᠬᠢᠭᠡ ᠨᠤᠭᠤᠯᠭᠠ ᠳᠡᠪᠡᠯ ᠤᠨ ᠬᠡ | ᠡᠪ ᠤᠨ ᠢᠷᠦᠭᠡᠯ ᠳᠤᠭᠲᠠᠨᠠᠮ︕ | ᠡᠷᠬᠢ ᠴᠡᠭᠡᠯ ᠳᠠᠷᠠᠰᠤᠨ ᠤ ᠭᠡᠮ | ᠡᠷ᠎ᠠ ᠶᠢᠨ ᠰᠢᠨᠳᠠᠰᠤ ᠴᠠᠩᠭᠠᠯᠠᠨᠠᠮ︕ | ᠠᠷᠠᠵᠠ ᠶᠢᠨ ᠲᠤᠩᠭᠠᠯᠠᠭ ᠭᠦᠢᠯᠡᠷ | ᠠᠵᠠ ᠶᠢᠨ ᠳᠡᠭᠷᠢᠯᠢᠭ ᠭᠤᠤᠯ ᠡ︕ | 3. ᠲᠦᠪᠲᠡᠢ ᠶᠢᠨ ᠰᠡᠷᠢᠭᠦᠨ ᠬᠦᠨᠳᠡᠢ ᠳᠤ | ᠤᠷᠢᠳᠤ ᠶᠢᠨ ᠳᠠᠭᠤᠨ ᠤ ᠤᠶᠠᠩᠭ᠎ᠠ ᠰᠠᠨᠠᠭᠤᠯᠵᠤ | ᠤᠭᠠᠯᠵᠠ ᠵᠢᠷᠦᠨ ᠲᠦᠪᠲᠡᠢ ᠶᠢᠨ ᠭᠤᠤᠯ ᠴᠡᠩᠭᠡᠷᠯᠡᠨᠡ︕ | ᠤᠷᠢᠳᠤ ᠶᠢᠨ ᠬᠦᠮᠦᠨ ᠤ ᠤᠯᠠ ᠬᠠᠶᠢᠵᠤ | ᠦᠯᠢᠭᠡᠷ ᠤᠨ ᠨᠤᠳᠤᠭ ᠲᠤ ᠰᠡᠳᠬᠢᠯ ᠴᠢᠩᠭᠠᠭᠳᠠᠨᠠ︕ | ᠦᠯ ᠪᠤᠭᠤᠷᠤᠯ ᠡᠪᠦᠭᠡᠳ ᠡᠮᠡᠭᠡᠳ | ᠦᠷᠦᠮ᠎ᠡ ᠲᠠᠢ ᠵᠦᠭᠡᠯᠡᠨ ᠬᠤᠭᠤᠴᠢ ᠳᠡᠯᠭᠡᠨ᠎ᠡ | ᠦᠩᠭᠡᠷᠡᠭᠴᠢ ᠤᠨ ᠳᠠᠬᠢᠨ ᠠᠮᠢᠯᠠᠵᠤ | ᠦᠨᠡᠨ ᠵᠢᠷᠤᠭ ᠠᠶᠠᠷ ᠠᠶᠠᠷ ᠳᠡᠯᠭᠡᠷᠡᠨ᠎ᠡ︕ | ᠳᠡᠯᠭᠡᠷ᠂ ᠶᠢᠨ ᠴᠧᠩ ᠳᠠᠭᠤᠯᠠᠬᠤ ᠳᠤ | ᠳᠡᠯᠡᠭᠡᠢ ᠤᠯᠠᠮ ᠨᠢᠯᠬᠠᠷᠠᠨ᠎ᠠ᠂ | ᠳᠡᠷᠲᠡᠭᠡ ᠵᠠᠭᠤᠨ ᠤ ᠳᠦᠭᠦᠷᠡᠩᠵᠠᠭᠠᠨ᠎ᠠ | ᠳᠡᠭᠦᠯᠢᠨ ᠳᠡᠪᠬᠢᠭᠡᠳ ᠨᠠᠭᠠᠰᠢᠯᠠᠨ᠎ᠠ︕ | ᠬᠤᠯᠠᠨ ᠵᠢᠷᠤᠭ᠎ᠠ ᠤᠰᠤ ᠨᠢ | ᠬᠤᠷᠳᠤ ᠪᠠᠨ ᠳᠠᠲᠠᠨ ᠬᠦᠯᠢᠶᠡᠨ᠎ᠠ᠂ | ᠬᠤᠯᠠ ᠬᠠᠷᠠᠭ᠎ᠠ ᠠᠭᠤᠯᠠᠰ ᠨᠢ | ᠬᠤᠳᠤᠶᠢᠵᠤ ᠪᠠᠶᠢᠮᠠᠨ ᠴᠢᠩᠨᠠᠨ᠎ᠠ︕ | ᠬᠠᠷ᠎ᠠ ᠲᠤᠯᠤᠭᠠᠢ ᠲᠠᠢ ᠬᠤᠨᠢ ᠡᠷᠳᠡᠨᠢ | ᠬᠡᠪᠢᠬᠦ ᠪᠠᠨ ᠮᠠᠷᠲᠠᠭᠠᠳ ᠮᠡᠯᠡᠷᠡᠨ᠎ᠡ᠂ | ᠬᠠᠳᠠᠨ ᠳᠤ ᠦᠨᠳᠦᠰᠤ ᠲᠠᠢ ᠳᠡᠯᠳᠤ | ᠬᠠᠵᠠᠶᠢᠵᠤ ᠵᠤᠭᠰᠤᠭᠠᠳ ᠠᠯᠮᠠᠶᠢᠷᠠᠨᠠ︕ | ᠴᠡᠯ ᠨᠤᠭᠤᠭᠠᠨ ᠳᠡᠯᠡᠭᠡᠢ | ᠴᠢᠯᠡᠭᠡ ᠳᠠᠶᠢᠯᠠᠵᠤ ᠠᠷᠭᠠᠳᠠᠨ᠎ᠠ᠂ | ᠴᠡᠪᠡᠷ ᠠᠷᠢᠭᠤᠨ ᠠᠮᠢᠰᠬᠤᠭ᠎ᠠ | ᠴᠢᠨᠠᠷ ᠰᠦᠨᠡᠰᠤ ᠶᠢ ᠠᠷᠢᠭᠤᠳᠬᠠᠨ᠎ᠠ᠃ | ᠰᠡᠳᠬᠢᠯ ᠤᠨ ᠬᠠᠭᠤᠷᠠᠢ ᠡᠯᠡᠰᠦᠨ ᠠᠳᠠ | ᠴᠠᠶᠢᠷᠠᠨ ᠲᠦᠷᠦᠵᠤ ᠢᠷᠡᠭᠡᠳᠦᠢ᠂ | ᠰᠡᠷᠢᠭᠦᠨ ᠬᠦᠨᠳᠡᠢ ᠵᠢᠯᠠᠭ᠎ᠠ ᠪᠠᠷ | ᠴᠡᠴᠡᠭ ᠵᠤᠯᠲᠠᠢ ᠲᠤᠷᠮᠤᠭᠰᠠᠭᠠᠷ… | ᠮᠦᠩᠭᠡ ᠲᠡᠭᠷᠢ ᠠᠳᠠ | ᠬᠤᠷ᠎ᠠ ᠪᠠᠨ ᠪᠠᠰᠠ ᠴᠦ ᠢᠪᠡᠭᠡᠭᠰᠡᠭᠡᠷ | ᠮᠤᠩᠭᠤᠯ ᠠᠮᠢᠳᠤᠷᠠᠯ ᠠᠳᠠ | ᠭᠠᠯ ᠢᠶᠠᠨ ᠮᠦᠨ ᠯᠡ ᠬᠦᠭᠵᠢᠭᠡᠭᠰᠡᠭᠡᠷ… | 4. ᠪᠢᠯᠢᠭ ᠤᠨ ᠵᠤᠯᠠ | ᠵᠢᠪ ᠵᠢᠷ ᠤᠨ ᠠᠵᠢᠯ ᠤᠨ ᠪᠠᠶᠢᠷᠢ ᠳᠤ | ᠶᠠᠪ ᠶᠡᠷᠦ ᠶᠢᠨ ᠪᠠᠭᠰᠢ ᠨᠠᠷ | ᠲᠤᠭᠤᠰᠬ᠎ᠠ ᠠᠳᠠᠯᠢ ᠦᠷᠡᠭᠳᠡᠨ ᠪᠠᠶᠢᠵᠤ | ᠲᠤᠷᠤᠰᠬ᠎ᠠ ᠠᠳᠠᠯᠢ ᠡᠯᠡᠭᠳᠡᠨ ᠪᠠᠷᠠᠵᠤ | ᠰᠤᠶᠤᠯ ᠤᠨ ᠲᠤᠮᠤ ᠠᠰᠠᠷ ᠢ | ᠰᠠᠨᠰᠠᠷ ᠵᠦᠭ ᠦᠨᠳᠦᠷᠯᠡᠭᠦᠯᠦᠨᠡ᠃ | ᠰᠡᠪ ᠰᠡᠮᠬᠡᠨ ᠠᠵᠢᠯ ᠤᠨ ᠰᠦᠨᠢ | ᠰᠡᠪ ᠰᠡᠷᠡᠭᠦᠨ ᠠᠮᠢᠨ ᠵᠤᠯᠠ | ᠤᠳᠤ ᠠᠳᠠᠯᠢ ᠰᠦᠮᠡᠯᠵᠡᠨ ᠳᠠᠳᠴᠤ | ᠤᠴᠢ ᠠᠳᠠᠯᠢ ᠠᠰᠠᠨ ᠳᠠᠭᠤᠰᠴᠤ | ᠪᠠᠯᠠᠢ ᠶᠢᠨ ᠬᠦᠨ ᠬᠠᠷᠠᠩᠭᠤᠢ ᠶᠢ | ᠪᠢᠯᠢᠭ ᠤᠨ ᠨᠠᠷᠠ ᠲᠠᠢ ᠬᠤᠨᠤᠭᠤᠯᠤᠨ᠎ᠠ᠃ | ᠬᠦᠪ ᠬᠦᠩᠭᠡᠨ ᠢᠨᠢᠶᠡᠮᠰᠦᠭᠯᠡᠯ | ᠬᠦᠪ ᠬᠦᠨᠳᠦᠭᠡᠨ ᠵᠦᠳᠡᠭᠦᠷᠢ | ᠵᠦᠪ ᠵᠦᠭᠡᠯᠡᠨ ᠰᠠᠨᠠᠭᠤᠯᠠᠮᠵᠢ | ᠵᠤᠪ ᠵᠤᠵᠠᠭᠠᠨ ᠬᠠᠯᠠᠮᠵᠢ︕ | ᠬᠡᠶᠢᠰᠬᠦ ᠡᠭᠦᠯᠡᠨ ᠤ ᠠᠯᠳᠠᠷ | ᠵᠤᠷᠢᠭ ᠤᠨ ᠰᠠᠯᠬᠢᠨ ᠳᠤ ᠰᠡᠲᠡᠷᠡᠵᠤ | ᠬᠡᠢ ᠬᠤᠭᠤᠰᠤᠨ ᠮᠠᠭᠳᠠᠭᠠᠯ | ᠵᠤᠮᠤᠯ ᠤᠨ ᠦᠨᠡᠰᠤ ᠰᠢᠭ ᠰᠠᠷᠨᠢᠨ᠎ᠠ︕ | ᠦᠪᠡᠷ ᠪᠡᠶ᠎ᠡ ᠶᠢᠨ ᠬᠤᠷᠤᠭᠳᠠᠯ | ᠦᠷᠦᠭᠡᠯ ᠪᠤᠰᠤᠳ ᠤᠨ ᠨᠡᠮᠡᠭᠳᠡᠯ | ᠲᠡᠯᠴᠢᠯᠡᠵᠤ ᠪᠠᠶᠢᠬᠤ ᠲᠠᠪᠢᠯᠠᠩ ᠤᠤ︖ | ᠲᠡᠨᠴᠤᠭᠦᠷᠠᠵᠤ ᠪᠠᠶᠢᠬᠤ ᠵᠢᠷᠭᠠᠯᠠᠩ ᠤᠤ︖ | 5. ᠬᠠᠪᠤᠷ ᠤᠨ ᠠᠭᠤᠷ ᠤᠷᠤᠬᠤ ᠳᠤ | ᠬᠠᠪᠤᠷ ᠤᠨ ᠠᠭᠤᠷ — | ᠳᠠᠩᠬᠢᠯ ᠠᠮᠢᠰᠬᠤᠭ᠎ᠠ | ᠮᠠᠷ ᠮᠠᠷ︕ | ᠬᠠᠭᠵᠠᠷᠠᠬᠤ ᠴᠠᠰᠤ — | ᠲᠡᠷᠯᠢᠭ ᠤᠨ ᠡᠩᠭᠡᠷ | ᠢᠷᠡᠰ ᠢᠷᠡᠰ︕ | ᠮᠡᠯᠮᠡᠩ ᠰᠠᠷᠠᠨ — | ᠳᠡᠷᠭᠡᠳᠡ | ᠵᠤᠤᠮᠠᠰ ᠵᠤᠤᠮᠠᠰ︕ | ᠮᠡᠴᠢᠳ ᠤᠳᠤᠨ — | ᠳᠡᠷᠲᠡᠭᠡ | ᠳᠤᠷᠮᠤᠰ ᠳᠤᠷᠮᠤᠰ︕ | ᠮᠦᠰᠦ ᠵᠠᠶᠢᠷᠳᠤᠵᠤ — | ᠬᠤᠶᠠᠷ ᠵᠤᠪᠬᠢ | ᠵᠢᠷᠪᠢᠰ ᠵᠠᠷᠪᠡᠰ︕ | ᠮᠦᠷᠦᠭᠡᠳᠦᠯ ᠲᠤᠷᠠᠰᠤᠯ — | ᠵᠡᠷᠭᠡᠯᠭᠡᠨ ᠰᠢᠭ | ᠵᠢᠷᠦᠪ ᠵᠢᠷᠦᠪ︕ | ᠮᠦᠨᠦᠭᠡᠨ ᠶᠤᠮ ᠰᠢᠭ᠋ ᠴᠤ | ᠵᠠᠯᠠᠭᠤ ᠨᠠᠰᠤ | ᠵᠢᠳᠦᠪ ᠵᠠᠳᠤᠪ︕ | ᠮᠦᠩᠭᠦᠨ ᠳᠤ ᠠᠳᠠᠯᠢᠬᠠᠨ | ᠬᠤᠷᠤᠮ ᠤᠳ | ᠬᠢᠯᠠᠰ ᠬᠢᠯᠠᠰ︕ | |