ᠵᠢᠷᠦᠭᠡᠨ ᠡᠪᠡᠳᠴᠢᠨ ᠤ ᠲᠤᠬᠠᠢ ᠮᠡᠳᠡᠯᠭᠡ
ᠨᠡᠶᠢᠲᠡᠯᠡᠭᠰᠡᠨ ᠴᠠᠭ᠄
2021/4/19
    ᠵᠢᠷᠦᠭᠡ ᠲᠠᠷᠢᠬᠢᠨ ᠰᠤᠳᠠᠯ ᠤᠨ ᠡᠪᠡᠳᠴᠢᠨ ᠨᠢ ᠬᠦᠮᠦᠨ ᠤ ᠡᠷᠡᠭᠦᠯ ᠮᠡᠨᠳᠦ ᠳᠤ ᠬᠠᠮᠤᠬ ᠠᠴᠠ ᠰᠦᠷᠳᠡᠬᠦᠯᠦᠯ ᠲᠠᠢ ᠡᠪᠡᠳᠴᠢᠨ ᠪᠤᠯᠤᠨ᠎ᠠ᠃ ᠭᠡᠪᠡᠴᠤ ᠤᠯᠠᠩᠬᠢ ᠬᠦᠮᠦᠰ ᠬᠤᠯᠪᠤᠬᠳᠠᠯ ᠪᠦᠬᠦᠢ ᠡᠪᠡᠳᠴᠢᠨ ᠤ ᠲᠤᠬᠠᠢ ᠮᠡᠳᠡᠯᠭᠡ ᠲᠤᠳᠠᠮᠠᠬ ᠪᠤᠶᠤ ᠡᠰᠡᠬᠦᠯ᠎ᠠ ᠪᠤᠷᠤᠭᠤ ᠤᠢᠢᠯᠠᠭᠠᠯᠳᠠ ᠲᠠᠢ ᠪᠠᠶᠢᠳᠠᠬ᠃ ᠲᠤᠤᠷ᠎ᠠ ᠵᠢᠷᠦᠭᠡᠨ ᠡᠪᠡᠳᠴᠢᠨ ᠤ ᠲᠤᠬᠠᠢ ᠳ᠋ᠦᠡᠭᠨᠡᠵᠤ ᠤᠯᠠᠨ ᠳᠤ ᠲᠠᠨᠢᠯᠴᠠᠭᠤᠯᠤᠶ ᠎ᠠ᠃      1᠂ ᠵᠢᠷᠦᠭᠡᠨ ᠡᠪᠡᠳᠴᠢᠨ ᠢ ᠲᠤᠷ᠎ᠠ ᠪᠠᠷ ᠢᠶᠠᠨ ᠤᠨᠤᠰᠢᠯᠠᠳᠠᠬ ᠪᠢᠰᠢ᠂ ᠴᠡᠭᠡᠵᠢ ᠡᠪᠡᠳᠴᠤ ᠦᠡᠭᠭᠡᠷᠡᠭᠰᠡᠨ ᠪᠤᠶᠤ ᠵᠢᠷᠦᠭᠡ ᠲᠦᠭᠰᠢᠵᠤ ᠦᠡᠭᠭᠡᠷᠡᠭᠰᠡᠨ ᠪᠤᠯ ᠲᠠᠷᠤᠢ ᠵᠢᠷᠦᠭᠡᠨ ᠡᠪᠡᠳᠴᠢᠨ ᠪᠤᠯᠤᠨ᠎ᠠ ᠭᠡᠰᠡᠨ ᠪᠢᠰᠢ᠂ ᠲᠡᠬᠦᠨ ᠢ ᠲᠤᠳᠤᠷᠬᠠᠢ ᠤᠨᠤᠰᠢᠯᠠᠬᠤ ᠪᠠᠷᠢᠮᠵᠢᠶ᠎ᠠ ᠪᠠᠷ ᠲᠠᠮᠵᠢᠨ ᠮᠠᠭᠠᠳᠯᠠᠬᠤ ᠴᠢᠬᠤᠯᠠ ᠲᠠᠢ᠃ ᠵᠢᠷᠦᠭᠡᠨ ᠡᠪᠡᠳᠴᠢᠨ ᠳᠤ ᠤᠯᠠᠨ ᠵᠦᠢᠯ ᠪᠠᠶᠢᠳᠠᠬ᠂ ᠲᠡᠷᠡ ᠨᠢ ᠴᠢᠰᠤᠨ ᠰᠤᠳᠠᠯ᠂ ᠵᠢᠷᠦᠭᠡᠨ ᠤ ᠪᠤᠯᠴᠢᠩ᠂ ᠵᠢᠷᠦᠭᠡᠨ ᠤ ᠴᠠᠬᠢᠯᠭᠠᠨ ᠭᠡᠯᠬᠢᠶ᠎ᠠ ᠬᠢᠭᠡᠳ ᠵᠢᠷᠦᠭᠡᠨ ᠤ ᠬᠠᠪᠬᠠᠯᠠᠭ᠎ᠠ ᠶᠢᠨ ᠠᠰᠠᠭᠤᠳᠠᠯ ᠵᠡᠷᠭᠡ ᠭᠡᠳᠦᠨ ᠲᠠᠯ᠎ᠠ ᠪᠠᠷ ᠢᠯᠡᠷᠡᠵᠤ᠂ ᠡᠳᠡᠭᠡᠷ ᠲᠠᠢ ᠵᠤᠬᠢᠴᠠᠯᠳᠤᠬᠤ ᠡᠪᠡᠳᠴᠢᠨ ᠨᠢ ᠲᠢᠳᠢᠮ ᠵᠢᠷᠦᠭᠡᠨ ᠡᠪᠡᠳᠴᠢᠨ᠂ ᠵᠢᠷᠦᠭᠡᠨ ᠤ ᠪᠤᠯᠴᠢᠩ ᠤᠨ ᠦᠷᠪᠢᠰᠦᠯ᠂ ᠵᠢᠷᠦᠭᠡᠨ ᠤ ᠭᠡᠮᠨᠡᠯ ᠠᠯᠳᠠᠬᠤ ᠪᠤᠯᠤᠨ ᠵᠢᠷᠦᠭᠡᠨ ᠬᠠᠪᠬᠠᠬᠯᠠᠭ᠎ᠠ ᠪᠤᠯᠤᠨ᠎ᠠ᠂ ᠲᠤᠬᠳᠠᠭᠤᠨ ᠴᠢᠨᠠᠷᠳᠠᠢ ᠵᠢᠷᠦᠭᠡ ᠪᠠᠵᠠᠯᠠᠵᠤ ᠡᠪᠡᠳᠬᠦ᠂ ᠲᠤᠬᠳᠠᠭᠤᠨ ᠪᠤᠰᠤ ᠴᠢᠨᠠᠷᠳᠠᠢ ᠵᠢᠷᠦᠭᠡ ᠪᠠᠵᠠᠯᠠᠵᠤ ᠡᠪᠡᠳᠬᠦ ᠪᠠ ᠵᠢᠷᠦᠭᠡᠨ ᠤ ᠪᠤᠯᠴᠢᠩ ᠪᠢᠳᠡᠬᠦᠷᠡᠨ ᠦᠬᠦᠵᠢᠬᠦ ᠨᠢ ᠪᠦᠷ ᠲᠢᠳᠢᠮ ᠵᠢᠷᠦᠭᠡᠨ ᠡᠪᠡᠳᠴᠢᠨ ᠳᠤ ᠬᠠᠷᠢᠶᠠᠯᠠᠬᠳᠠᠵᠤ᠂ ᠠᠶᠤᠯ ᠤᠨ ᠭᠡᠮᠵᠢᠶ᠎ᠠ ᠨᠢ ᠴᠤ ᠲᠡᠰ ᠲᠠᠷᠠᠭᠠᠯᠠᠨ ᠨᠡᠮᠡᠭᠳᠡᠳᠡᠭ᠃    2᠂ ᠵᠢᠷᠦᠭᠡᠨ ᠤ ᠴᠠᠬᠢᠯᠭᠠᠨ ᠵᠢᠷᠤᠬ ᠤᠨ ST~ T ᠭᠡᠰᠡᠭ ᠲᠤ ᠬᠤᠪᠢᠷᠠᠯᠳᠠ ᠲᠠᠢ ᠪᠠᠶᠢᠬᠤ ᠶᠢ ᠲᠢᠳᠢᠮ ᠵᠢᠷᠦᠭᠡᠨ ᠡᠪᠡᠳᠴᠢᠨ ᠭᠡᠵᠤ ᠭᠡᠯᠡᠵᠤ ᠪᠤᠯᠬᠤ ᠦᠭᠡᠢ᠂ ᠴᠡᠭᠡᠵᠢ ᠭᠡᠨᠡᠳᠳᠡ ᠡᠪᠡᠳᠴᠤ ᠦᠡᠭᠭᠡᠷᠡᠭᠰᠡᠨ ᠢ ᠴᠤ ᠲᠢᠳᠢᠮ ᠵᠢᠷᠦᠭᠡᠨ ᠡᠪᠡᠳᠴᠢᠨ ᠭᠡᠵᠤ ᠭᠡᠯᠡᠬᠦ ᠶᠢᠨ ᠠᠷᠭ᠎ᠠ ᠦᠭᠡᠢ᠃ ᠲᠢᠳᠢᠮ ᠵᠢᠷᠦᠭᠡᠨ ᠡᠪᠡᠳᠴᠢᠨ ᠢ ᠤᠨᠤᠰᠢᠯᠠᠬᠤ ᠳᠤ ᠡᠪᠡᠳᠴᠢᠨ ᠤ ᠰᠢᠨᠵᠢ ᠲᠡᠮᠳᠡᠭ᠂ ᠵᠢᠷᠦᠭᠡᠨ ᠤ ᠴᠠᠬᠢᠯᠭᠠᠨ ᠵᠢᠷᠤᠬ᠂ ᠵᠢᠷᠦᠭᠡᠨ ᠤ ᠭᠡᠳᠦ ᠲᠠᠭᠤᠨ ᠵᠡᠷᠭᠡ ᠦᠷ᠎ᠠ ᠳ᠋ᠦᠡᠭ ᠢ ᠬᠠᠮᠤᠬ ᠡᠴᠦᠰ ᠲᠤ ᠲᠢᠳᠢᠮ ᠯᠤᠬᠰᠢᠭᠤᠨ ᠰᠤᠳᠠᠯ ᠤᠨ ᠰᠡᠬᠦᠳᠡᠷ ᠲᠠᠢ ᠤᠶᠠᠯᠳᠤᠭᠤᠯᠤᠨ ᠤᠨᠤᠰᠢᠯᠠᠨ᠎ᠠ᠃    3᠂ ᠨᠡᠶᠢᠳᠡᠯᠢᠭ ᠴᠢᠨᠠᠷᠳᠠᠢ ᠵᠢᠷᠦᠭᠡ ᠪᠠᠵᠠᠯᠠᠵᠤ ᠡᠪᠡᠳᠬᠦ ᠨᠢ ᠭᠡᠳᠦᠨ ᠮᠢᠨᠦ᠋ᠲ ᠦᠷᠬᠦᠯᠵᠢᠯᠡᠳᠡᠭ᠂ ᠲᠠᠷᠤᠢ ᠴᠡᠭᠡᠵᠢ ᠶᠠᠰᠤᠨ ᠤ ᠠᠷᠤ ᠭᠡᠰᠡᠭ᠂ ᠲᠡᠭᠡᠳᠦ ᠮᠦᠴᠢ᠂ ᠰᠢᠳᠦ ᠵᠡᠷᠭᠡ ᠭᠡᠰᠡᠭ ᠢᠶᠠᠷ ᠤᠢᠢᠯᠵᠤ ᠡᠪᠡᠳᠬᠦ᠂ ᠴᠡᠭᠡᠵᠢᠨ ᠤ ᠭᠡᠰᠡᠭ ᠢᠶᠠᠷ ᠦᠷᠬᠦᠯᠵᠢᠯᠡᠨ 30 ᠮᠢᠨᠦ᠋ᠲ ᠠᠴᠠ ᠲᠡᠭᠡᠭᠰᠢ ᠡᠪᠡᠳᠴᠤ ᠪᠠᠶᠢᠪᠠᠯ ᠵᠢᠷᠦᠭᠡᠨ ᠪᠤᠯᠴᠢᠩ ᠪᠢᠳᠡᠬᠦᠷᠡᠨ ᠦᠬᠦᠵᠢᠵᠤ ᠪᠠᠶᠢᠬᠤ ᠮᠠᠭᠠᠳ ᠦᠭᠡᠢ ᠲᠤᠯᠠ ᠲᠠᠷᠤᠢ ᠳᠤᠨᠢ ᠡᠮᠨᠡᠯᠭᠡ ᠳᠤ ᠬᠦᠷᠴᠤ ᠡᠮᠨᠡᠬᠦᠯᠦᠨ᠎ᠠ᠃    4᠂ ᠵᠢᠷᠦᠭᠡᠨ ᠪᠤᠯᠴᠢᠩ ᠪᠢᠳᠡᠬᠦᠷᠡᠨ ᠦᠬᠦᠵᠢᠵᠤ ᠪᠠᠶᠢᠬᠤ ᠭᠡᠵᠤ ᠰᠡᠵᠢᠭᠯᠡᠪᠡᠯ ᠪᠠᠯᠴᠢᠷ ᠢᠶᠠᠨ ᠲᠠᠷᠤᠵᠤ᠂ ᠡᠮ ᠢᠳᠡᠬᠦ ᠨᠢ ᠪᠦᠷ ᠲᠡᠮᠡᠢ ᠲᠤᠰᠠ ᠦᠭᠡᠢ ᠶᠤᠮ᠂ ᠡᠷᠭᠡᠪᠰᠢ ᠡᠮᠨᠡᠯᠭᠡ ᠳᠤ ᠬᠦᠷᠴᠤ ᠡᠮᠨᠡᠬᠦᠯᠬᠦ ᠭᠡᠷᠡᠭᠳᠡᠢ᠂ ᠬᠠᠮᠤᠬ ᠰᠠᠶᠢᠨ ᠡᠮᠨᠡᠨ ᠵᠠᠰᠠᠬᠤ ᠲᠤᠬᠢᠶᠠᠯ ᠢ ᠠᠯᠳᠠᠵᠤ ᠪᠤᠯᠬᠤ ᠦᠭᠡᠢ᠃ ᠭᠡᠷᠪᠡ ᠲᠦᠷᠭᠡᠨ ᠴᠢᠨᠠᠷᠳᠠᠢ ᠵᠢᠷᠦᠭᠡᠨ ᠪᠤᠯᠴᠢᠩ ᠪᠢᠳᠡᠬᠦᠷᠡᠨ ᠦᠬᠦᠵᠢᠵᠤ ᠪᠠᠶᠢᠨ᠎ᠠ ᠭᠡᠵᠤ ᠤᠨᠤᠰᠢᠯᠠᠬᠰᠠᠨ ᠪᠠᠶᠢᠪᠠᠯ ᠡᠷᠳᠡᠭᠡᠨ ᠰᠢᠢᠳᠪᠦᠷᠢ ᠭᠠᠷᠭᠠᠬᠤ ᠭᠡᠷᠡᠭᠳᠡᠢ᠂ ᠬᠦᠯᠢᠶᠡᠵᠤ ᠪᠠᠶᠢᠭ᠎ᠠ ᠶᠠᠪᠤᠴᠠ ᠳᠤ ᠵᠢᠷᠦᠭᠡᠨ ᠪᠤᠯᠴᠢᠩ ᠨᠢᠭᠡᠮᠤᠰᠦᠨ ᠴᠢᠰᠤ ᠲᠤᠳᠠᠵᠤ ᠦᠬᠦᠵᠢᠬᠦ ᠠᠴᠠ ᠰᠡᠷᠭᠡᠶᠢᠯᠡᠨ᠎ᠠ ᠃ ᠡᠯᠳᠡᠪ ᠪᠤᠰᠤ ᠶᠢᠨ ᠬᠦᠮᠦᠰ ᠠᠴᠠ ᠠᠰᠠᠭᠤᠵᠤ ᠰᠤᠷᠠᠬᠯᠠᠬᠤ ᠶᠢᠨ ᠬᠤᠭᠤᠷᠤᠨᠳᠤ ᠡᠮᠴᠢ ᠶᠢᠨ ᠰᠠᠨᠠᠭᠤᠯᠭ᠎ᠠ ᠶᠢ ᠰᠠᠶᠢᠳᠤᠷ ᠰᠤᠨᠤᠰᠤᠬᠰᠠᠨ ᠨᠢ ᠲᠡᠭᠡᠷ᠎ᠡ᠃    5᠂ ᠲᠦᠷᠭᠡᠨ ᠴᠢᠨᠠᠷᠳᠠᠢ ST ᠭᠡᠰᠡᠭ ᠢᠶᠠᠷ ᠦᠨᠳᠦᠷᠵᠢᠬᠦ ᠭᠡᠯᠪᠡᠷᠢ ᠶᠢᠨ ᠵᠢᠷᠦᠭᠡᠨ ᠪᠤᠯᠴᠢᠩ ᠪᠢᠳᠡᠭᠦᠷᠡᠨ ᠦᠬᠦᠵᠢᠬᠦ ᠡᠪᠡᠳᠴᠢᠳᠡᠨ ᠳᠤ ᠠᠪᠴᠤ ᠭᠡᠯᠡᠪᠡᠯ ᠲᠤᠬᠳᠠᠭᠠᠬᠴᠢ ᠲᠠᠯᠪᠢᠬᠤ ᠨᠢ ᠠᠮᠢ ᠨᠠᠰᠤ ᠶᠢ ᠠᠪᠤᠷᠠᠬᠤ ᠶᠢᠨ ᠲᠦᠯᠦᠭᠡ ᠠᠴᠠ ᠪᠢᠰᠢ ᠬᠠᠷᠢᠨ ᠵᠤᠭᠤᠰ ᠤᠯᠬᠤ ᠶᠢᠨ ᠲᠦᠯᠦᠭᠡ ᠪᠢᠰᠢ ᠶᠤᠮ᠃ ᠭᠠᠳᠠᠭᠠᠳᠤ ᠠᠴᠠ ᠤᠷᠤᠭᠤᠯᠤᠬᠰᠠᠨ ᠲᠤᠬᠳᠠᠭᠠᠬᠴᠢ ᠪᠤᠯᠤᠨ ᠤᠯᠤᠰ ᠲᠠᠭᠠᠨ ᠦᠢᠯᠡᠳᠪᠦᠷᠢᠯᠡᠭᠰᠡᠨ ᠲᠤᠬᠳᠠᠭᠠᠬᠴᠢ ᠶᠢᠨ ᠭᠤᠤᠯ ᠵᠦᠷᠢᠶ᠎ᠠ ᠨᠢ ᠦᠨ᠎ᠠ ᠬᠠᠨᠭ᠍ᠰᠢ ᠶᠢᠨ ᠲᠡᠭᠡᠷ᠎ᠠ ᠪᠠᠶᠢᠳᠠᠭ᠂ ᠡᠮᠴᠢᠯᠡᠭᠡᠨ ᠲᠡᠭᠡᠷ᠎ᠠ ᠭᠡᠷᠡᠭᠯᠡᠭᠰᠡᠨ ᠦᠷ᠎ᠠ ᠳ᠋ᠦᠡᠭ ᠠᠴᠠ ᠦᠵᠡᠪᠡᠯ᠂ ᠴᠢᠰᠤᠨ ᠰᠤᠳᠠᠯ ᠢ ᠲᠠᠬᠢᠨ ᠨᠡᠪᠳᠡᠷᠡᠬᠦᠯᠬᠦ ᠪᠤᠯᠤᠨ ᠲᠠᠪᠬᠤᠷᠯᠠᠬᠰᠠᠨ ᠡᠪᠡᠳᠴᠢᠨ ᠤ ᠲᠠᠯ᠎ᠠ ᠪᠠᠷ ᠶᠠᠮᠠᠷᠴᠤ ᠢᠯᠭᠠᠭ᠎ᠠ ᠦᠭᠡᠢ᠃    6᠂ ᠭᠡᠷᠪᠡ ᠲᠤᠬᠳᠠᠭᠠᠬᠴᠢ ᠲᠠᠯᠪᠢᠬᠰᠠᠨ ᠪᠤᠯ ᠵᠠᠪᠠᠯ ᠴᠢᠰᠤᠨ ᠢᠯᠳᠡᠰᠦ ᠶᠢ ᠡᠰᠡᠷᠬᠦᠴᠡᠬᠦ ᠡᠮ ᠢ ᠤᠤᠭᠤᠨ᠎ᠠ᠃ ᠭᠡᠳᠦ᠋ᠢᠪᠡᠷ ᠢᠡᠭᠬᠢᠬᠦ ᠨᠢ ᠴᠢᠰᠤ ᠭᠠᠷᠬᠤ ᠠᠶᠤᠯ ᠢ ᠨᠡᠮᠡᠭᠳᠡᠬᠦᠯᠬᠦ ᠪᠤᠯᠪᠠᠴᠤ ᠡᠨᠡ ᠨᠢ ᠲᠤᠬᠳᠠᠭᠠᠬᠴᠢ ᠶᠢᠨ ᠲᠤᠳᠤᠷ᠎ᠠ ᠴᠢᠰᠤᠨ ᠪᠦᠯᠦᠩ ᠪᠦᠷᠢᠯᠳᠦᠬᠦ ᠲᠠᠢ ᠠᠳᠠᠯᠢᠳᠬᠠᠪᠠᠯ ᠦᠴᠦᠭᠡᠨ ᠲᠡᠳᠦᠢ ᠤᠴᠢᠷ ᠶᠤᠮ᠃ ᠡᠬᠦᠨ ᠠᠴᠠ ᠭᠠᠳᠠᠨ᠎ᠠ᠂ ᠲᠤᠬᠳᠠᠭᠠᠬᠴᠢ ᠲᠠᠯᠪᠢᠪᠠᠯ ᠠᠶᠤᠯ ᠦᠭᠡᠢ ᠭᠡᠰᠡᠨ ᠪᠢᠰᠢ᠂ ᠴᠢᠰᠤᠨ ᠲᠠᠷᠤᠯᠳᠠ᠂ ᠴᠢᠰᠤᠨ ᠰᠢᠬᠢᠷ᠂ ᠴᠢᠰᠤᠨ ᠦᠭᠡᠬᠦ ᠪᠠᠨ ᠬᠢᠵᠠᠭᠠᠷᠯᠠᠬᠤ ᠭᠡᠷᠡᠭᠳᠡᠢ ᠮᠦᠷᠳᠡᠭᠡᠨ ᠲᠠᠮᠠᠬᠢ ᠲᠠᠳᠠᠬᠤ ᠪᠠᠨ ᠴᠤ ᠴᠡᠭᠡᠷᠯᠡᠨ᠎ᠠ᠃ ᠲᠤᠬᠳᠠᠭᠠᠬᠴᠢ ᠲᠠᠯᠪᠢᠬᠰᠠᠨ ᠴᠤ ᠲᠤᠷ᠎ᠠ ᠲᠠᠪᠠ ᠪᠠᠷ ᠢᠶᠠᠨ ᠢᠳᠡᠵᠤ ᠤᠤᠭᠤᠵᠤ ᠪᠤᠯᠬᠤ ᠦᠭᠡᠢ᠃    7᠂ ᠠᠷᠢᠬᠢ ᠤᠤᠭᠤᠬᠤ ᠨᠢ ᠵᠢᠷᠦᠭᠡ ᠴᠢᠰᠤᠨ ᠰᠤᠳᠠᠯ ᠳᠤ ᠰᠠᠶᠢᠨ ᠭᠡᠵᠤ ᠤᠤ︖ ᠵᠦᠪᠭᠡᠨ ᠠᠷᠢᠬᠢᠨ ᠬᠤᠳᠠᠯᠳᠤᠭᠠᠴᠢᠨ ᠯᠡ ᠢᠡᠭᠬᠢᠵᠤ ᠦᠵᠡᠳᠡᠭ ᠪᠠᠶᠢᠬ᠎ᠠ᠂ ᠵᠢᠭᠠᠬᠠᠨ ᠤᠤᠭᠤᠬᠰᠠᠨ ᠴᠤ ᠪᠤᠯᠬᠤ ᠦᠭᠡᠢ᠂ ᠬᠠᠮᠤᠬ ᠰᠠᠶᠢᠨ ᠨᠢ ᠲᠤᠰᠤᠯ ᠠᠷᠢᠬᠢ ᠴᠤ ᠤᠤᠭᠤᠬᠤ ᠦᠭᠡᠢ᠃    8᠂ ᠬᠦᠮᠦᠨ ᠪᠦᠬᠦᠨ ᠤ ᠯᠤᠬᠰᠢᠭᠤᠨ ᠰᠤᠳᠠᠯ ᠦᠭᠡᠬᠦᠵᠢᠨ ᠬᠠᠳᠠᠭᠤᠷᠠᠯ ᠡᠬᠦᠰᠳᠡᠭ᠂ ᠡᠨᠡ ᠨᠢ ᠪᠢᠳᠡᠨ ᠤ ᠠᠷᠪᠠᠨ ᠭᠡᠳᠦᠨ ᠨᠠᠰᠤᠨ ᠠᠴᠠ ᠡᠬᠢᠯᠡᠭᠰᠡᠨ ᠪᠠᠶᠢᠵᠤ᠂ ᠨᠠᠰᠤ ᠨᠡᠮᠡᠭᠳᠡᠬᠦ ᠶᠢ ᠲᠠᠭᠠᠯᠳᠤᠨ ᠬᠦᠨᠳᠦᠷᠡᠳᠡᠭ᠃ ᠡᠮ ᠢᠶᠠᠷ ᠵᠠᠰᠠᠬᠤ ᠨᠢ ᠦᠬᠡᠬᠦᠯᠢᠭ ᠲᠤᠯᠪᠤ ᠶᠢ ᠲᠤᠬᠳᠠᠪᠤᠷᠢᠵᠢᠭᠤᠯᠬᠤ ᠪᠤᠶᠤ ᠬᠦᠭᠵᠢᠯᠳᠡ ᠶᠢᠨ ᠠᠬᠢᠴᠠ ᠶᠢ ᠤᠳᠠᠭᠠᠰᠢᠷᠠᠭᠤᠯᠬᠤ ᠠᠴᠠ ᠪᠢᠰᠢ ᠦᠭᠡᠶᠢᠰᠭᠡᠬᠦ ᠪᠤᠶᠤ ᠠᠷᠢᠯᠭᠠᠵᠤ ᠲᠡᠶᠢᠯᠬᠦ ᠦᠭᠡᠢ ᠶᠤᠮ᠃ ᠶᠠᠬ ᠯᠡ ᠨᠢᠭᠤᠷ ᠲᠡᠭᠡᠷᠡᠬᠢ ᠠᠳᠤᠷᠢᠶ᠎ᠠ ᠰᠢᠬ ᠵᠤᠬᠢᠬᠤ ᠨᠠᠰᠤᠨ ᠳᠤ ᠬᠦᠷᠪᠡᠯ ᠠᠶᠠᠨᠳᠠᠭᠠᠨ ᠭᠠᠷᠴᠤ ᠢᠷᠡᠨ᠎ᠠ᠃    9᠂ ᠭᠡᠮᠡᠯ ᠤᠨ ᠴᠢᠨᠠᠷᠳᠠᠢ ᠵᠢᠷᠦᠭᠡᠨ ᠭᠡᠮᠨᠡᠯ ᠪᠤᠯ ᠵᠢᠷᠦᠭᠡᠨ ᠲᠤᠰᠬᠤᠭᠤᠷ ᠤᠨ ᠵᠠᠩᠬᠢᠯᠠᠭ᠎ᠠ ᠪᠠᠷ ᠭᠤᠤᠯᠯᠠᠬᠤ ᠵᠢᠷᠦᠭᠡᠨ ᠭᠡᠮᠨᠡᠯ ᠪᠠᠶᠢᠵᠤ᠂ ᠡᠷᠡᠭᠦᠯ ᠵᠢᠷᠦᠭᠡᠨ ᠤ ᠭᠡᠮᠨᠡᠯ ᠪᠤᠯᠬᠤ ᠠᠴᠠ ᠪᠢᠰᠢ ᠡᠪᠡᠳᠴᠢᠨ ᠪᠢᠰᠢ ᠶᠤᠮ᠂ ᠡᠷᠡᠭᠦᠯ ᠬᠦᠮᠦᠨ ᠪᠦᠷᠢ ᠶᠢᠨ ᠵᠢᠷᠦᠭᠡᠨ ᠤ ᠴᠠᠬᠢᠯᠭᠠᠨ ᠵᠢᠷᠤᠬ ᠨᠢ ᠪᠦᠷ ᠭᠡᠮᠡᠯ ᠤᠨ ᠴᠢᠨᠠᠷᠳᠠᠢ ᠵᠢᠷᠦᠭᠡᠨ ᠭᠡᠮᠨᠡᠯ ᠪᠠᠶᠢᠵᠤ᠂ ᠵᠢᠷᠦᠭᠡᠨ ᠤ ᠴᠤᠬᠢᠯᠭ᠎ᠠ ᠨᠢ ᠮᠢᠨᠦ᠋ᠲ ᠪᠦᠷᠢ 60 — 100 ᠤᠳᠠᠭ᠎ᠠ ᠪᠠᠶᠢᠳᠠᠬ᠃    10᠂ ᠤᠳᠤᠮᠯᠠᠯ ᠤᠨ ᠴᠢᠨᠠᠷᠳᠠᠢ ᠴᠢᠰᠤᠨ ᠲᠠᠷᠤᠯᠳᠠ ᠦᠨᠳᠦᠷ ᠡᠪᠡᠳᠴᠢᠨ ᠢ ᠪᠦᠷᠢᠮᠦᠰᠦᠨ ᠡᠳᠡᠭᠡᠷᠡᠬᠦᠯᠵᠤ ᠲᠡᠶᠢᠯᠬᠦ ᠦᠭᠡᠢ ᠶᠤᠮ᠂ ᠤᠨᠴᠠ ᠵᠤᠷ᠂ ᠭᠢᠳᠠᠳ ᠡᠮ ᠢᠶᠠᠷ ᠴᠤ ᠵᠠᠰᠠᠵᠤ ᠲᠡᠶᠢᠯᠬᠦ ᠦᠭᠡᠢ ᠶᠤᠮ᠂ ᠡᠯᠳᠡᠪ ᠤᠨ ᠵᠠᠰᠠᠬᠤ ᠠᠷᠭ᠎ᠠ ᠶᠢ ᠡᠷᠢᠯᠬᠢᠯᠡᠬᠦ ᠶᠢᠨ ᠤᠷᠤᠨ ᠳᠤ ᠴᠢᠰᠤᠨ ᠲᠠᠷᠤᠯᠳᠠ ᠪᠠᠨ ᠭᠡᠪ ᠤᠨ ᠭᠡᠪᠴᠢᠶᠡᠨ ᠳᠤ ᠬᠢᠵᠠᠭᠠᠷᠯᠠᠬᠰᠠᠨ ᠢ ᠬᠦᠷᠬᠦ ᠦᠭᠡᠢ᠃    11᠂ ᠵᠦᠪᠭᠡᠨ ᠨᠠᠰᠤᠳᠠᠢ ᠬᠦᠮᠦᠰ ᠰᠠᠶ᠋ᠢ ᠵᠢᠷᠦᠭᠡᠨ ᠡᠪᠡᠳᠴᠢᠨ ᠳᠤ ᠨᠡᠷᠪᠡᠭᠳᠡᠳᠡᠭ ᠪᠢᠰᠢ᠂ ᠨᠠᠰᠤᠳᠠᠢ ᠬᠦᠮᠦᠨ ᠤ ᠲᠢᠳᠢᠮ ᠵᠢᠷᠦᠭᠡᠨ ᠡᠪᠡᠳᠴᠢᠨ ᠳᠤ ᠨᠡᠷᠪᠡᠭᠳᠡᠬᠦ ᠪᠤᠯᠤᠮᠵᠢ ᠨᠢ ᠦᠨᠳᠦᠷ ᠰᠢᠭ ᠪᠠᠶᠢᠳᠠᠬ ᠪᠤᠯᠪᠠᠴᠤ 30 — 40 ᠨᠠᠰᠤᠨ ᠤ ᠬᠦᠮᠦᠰ ᠲᠤ ᠪᠠᠰᠠ ᠵᠢᠷᠦᠭᠡᠨ ᠪᠤᠯᠴᠢᠩ ᠪᠢᠳᠡᠬᠦᠷᠡᠨ ᠦᠬᠦᠵᠢᠬᠦ ᠪᠠᠶᠢᠳᠠᠯ ᠴᠦᠭᠡᠨ ᠪᠤᠰᠤ ᠲᠤᠬᠢᠶᠠᠯᠳᠤᠵᠤ ᠪᠤᠢ᠃ ᠵᠠᠯᠠᠭᠤ ᠬᠦᠮᠦᠰ ᠴᠤ ᠵᠢᠷᠦᠭᠡᠨ ᠤ ᠪᠤᠯᠴᠢᠩ ᠤᠨ ᠦᠷᠪᠢᠰᠦᠯ᠂ ᠵᠢᠷᠦᠭᠡᠨ ᠤ ᠭᠡᠮᠨᠡᠯ ᠰᠠᠮᠠᠭᠤᠷᠠᠬᠤ ᠡᠪᠡᠳᠴᠢᠨ ᠳᠤ ᠨᠡᠷᠪᠡᠭᠳᠡᠵᠤ ᠮᠡᠳᠡᠨ᠎ᠠ᠂ ᠡᠳᠡᠭᠡᠷ ᠨᠢ ᠪᠦᠷ ᠭᠡᠨᠡᠳᠳᠡ ᠦᠬᠦᠬᠦ ᠠᠶᠤᠯ ᠶᠡᠭᠡᠳᠡᠢ ᠰᠢᠯᠳᠠᠭᠠᠨ ᠪᠤᠯᠤᠨ᠎ᠠ᠂ ᠡᠶᠢᠮᠦ ᠠᠴᠠ ᠡᠳᠡᠭᠡᠷ ᠡᠪᠡᠳᠴᠢᠨ ᠳᠤ ᠨᠡᠷᠪᠡᠭᠳᠡᠭᠰᠡᠨ ᠵᠠᠯᠠᠭᠤᠴᠤᠳ ᠵᠠᠪᠠᠯ ᠠᠩᠬᠠᠷᠤᠯ ᠳᠠᠭᠠᠨ ᠠᠪᠬᠤ ᠭᠡᠷᠡᠭᠳᠡᠢ᠃    12᠂ ᠬᠠᠵᠠᠭᠤ ᠳᠠᠬᠢ ᠬᠦᠮᠦᠨ ᠴᠢᠨᠢ ᠭᠡᠨᠡᠳᠳᠡ ᠮᠡᠳᠡᠷᠡᠯ ᠠᠯᠳᠠᠵᠤ᠂ ᠲᠠᠭᠤᠳᠠᠬᠤ ᠳᠤ ᠴᠤ ᠬᠠᠷᠢᠭᠤ ᠲᠤᠰᠬᠠᠯ ᠦᠭᠡᠢ᠂ ᠰᠤᠳᠠᠯ ᠤᠨ ᠯᠤᠬᠰᠢᠯᠳᠠ ᠪᠤᠯᠤᠨ ᠠᠮᠢᠰᠬᠤᠯ ᠨᠢ ᠭᠡᠨᠡᠳᠳᠡ ᠵᠤᠬᠰᠤᠬᠰᠠᠨ ᠪᠠᠶᠢᠳᠠᠯ ᠲᠤᠬᠢᠶᠠᠯᠳᠤᠪᠠᠯ ᠡᠷᠬᠢᠨ ᠲᠤᠭᠤᠷᠢᠨ ᠠᠮᠤᠷ ᠲᠦᠪᠰᠢᠨ ᠪᠠᠶᠢᠬᠤ ᠶᠢ ᠲᠤᠳᠤᠯᠠᠬᠰᠠᠨ ᠤ ᠲᠠᠷᠠᠭ᠎ᠠ ᠲᠤᠤᠷ᠎ᠠ ᠨᠢ ᠤᠳᠠᠰᠤ ᠠᠪᠴᠤ ᠠᠪᠤᠷᠠᠯᠳᠠ ᠭᠤᠶᠤᠴᠢᠯᠠᠬᠤ ᠪᠦᠭᠡᠳ ᠵᠢᠷᠦᠭᠡ ᠠᠭᠤᠰᠬᠢ ᠶᠢᠨ ᠰᠡᠷᠬᠦᠭᠡᠯᠳᠡ ᠬᠢᠬᠦ ᠭᠡᠷᠡᠭᠳᠡᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号