ᠪᠤᠷᠳᠤᠭ᠎ᠠ ᠶᠢ ᠤᠯᠠᠨ ᠵᠥᠢᠯ ᠤᠨ ᠪᠤᠷᠳᠤᠭᠠᠨ ᠤ ᠲᠦᠬᠦᠭᠡᠢ ᠡᠳ᠋ ᠪᠠ ᠪᠤᠷᠳᠤᠭᠠᠨ ᠬᠠᠴᠢᠷᠯᠠᠭᠠᠰᠥ ᠪᠠᠷ ᠨᠠᠶᠢᠷᠠᠵᠤ | ᠭᠠᠷᠭᠠᠳᠠᠭ᠃ ᠬᠤᠨᠤᠭ ᠤᠨ ᠪᠤᠷᠳᠤᠭ᠎ᠠ ᠬᠡᠳᠡᠭ ᠨᠢ ᠡᠳᠥᠷ ᠲᠤ ᠨᠢᠭᠡ ᠳᠠᠬᠢᠶ᠎ᠠ ᠪᠤᠶᠤ ᠪᠤᠰᠤᠳ ᠨᠢᠭᠡ ᠮᠠᠯ | ᠵᠢᠬᠦᠷᠳᠡᠨ ᠳᠤ ᠦᠭᠬᠦ ᠡᠯᠳᠡᠪ ᠪᠤᠷᠳᠤᠭ᠎ᠠ ᠶᠢᠨ ᠨᠡᠶᠢᠯᠡᠪᠤᠷᠢ ᠶᠢ ᠵᠢᠭᠠᠨ᠎ᠠ᠃ ᠦᠨᠳᠡᠭᠡᠨ ᠳᠠᠬᠢᠶ᠎ᠠ᠂ ᠢᠳᠡᠰᠢᠨ | ᠳᠠᠬᠢᠶ᠎ᠠ ᠶᠢ ᠴᠦᠮ ᠰᠦᠷᠥᠭ ᠢᠶᠠᠷ ᠳᠡᠵᠢᠭᠡᠳᠡᠭ ᠲᠤᠯᠠ ᠳᠠᠬᠢᠶᠠᠨ ᠰᠦᠷᠥᠭ ᠤᠨ ᠡᠬᠦᠯᠳᠡᠷ᠂ ᠬᠡᠷᠡᠭᠯᠡᠭᠡ᠂ | ᠹᠢᠽᠢᠥᠯᠤᠬᠢ ᠶᠢᠨ ᠱᠠᠳᠥ᠂ ᠳᠤᠮᠳᠠᠴᠢ ᠥᠢᠯᠡᠳᠪᠤᠷᠢᠯᠡᠯ ᠤᠨ ᠬᠢᠷᠢ ᠭᠡᠮᠵᠢᠶ᠎ᠡ ᠶᠢ ᠦᠨᠳᠥᠰᠥᠯᠡᠨ ᠪᠤᠷᠳᠤᠭ᠎ᠠ | ᠨᠠᠶᠢᠷᠠᠭᠤᠯᠳᠠᠭ᠂ ᠳᠡᠷᠡᠴᠢᠯᠡᠨ ᠨᠢᠭᠡ ᠳᠠᠬᠢᠶᠠᠨ ᠤ ᠢᠳᠡᠰᠢ ᠠᠪᠬᠤ ᠬᠡᠮᠵᠢᠶ᠎ᠡ ᠪᠠᠷ ᠪᠦᠬᠦ ᠰᠦᠷᠥᠭ ᠲᠤ ᠦᠭᠬᠦ | ᠪᠤᠷᠳᠤᠭᠠᠨ ᠤ ᠬᠡᠮᠵᠢᠶ᠎ᠡ ᠶᠢ ᠪᠤᠳᠤᠵᠤ ᠭᠠᠷᠭᠠᠨ᠎ᠠ᠃ ᠤᠳᠥ ᠶᠢᠨ ᠮᠡᠳᠡᠭᠰᠡᠨ ᠢᠶᠠᠷ᠂ ᠦᠨᠳᠡᠭᠡᠨ ᠳᠠᠬᠢᠶ᠎ᠠ ᠪᠠ ᠢᠳᠡᠰᠢᠨ | ᠳᠠᠬᠢᠶ᠎ᠠ ᠴᠦᠮ 40 ᠭᠠᠷᠤᠢ ᠵᠥᠢᠯ ᠤᠨ ᠰᠢᠮ᠎ᠡ ᠳᠡᠵᠢᠭᠡᠯᠳᠥ ᠪᠤᠳᠠᠰ ᠬᠡᠷᠡᠭᠰᠡᠳᠡᠭ᠃ ᠳᠡᠵᠢᠭᠡᠯᠭᠡ ᠶᠢᠨ | ᠪᠠᠷᠢᠮᠵᠢᠶ᠎ᠠ ᠶᠢᠨ ᠬᠡᠮᠵᠢᠶ᠎ᠡ ᠶᠢ ᠯᠠᠪᠯᠠᠨ ᠵᠤᠬᠢᠰᠳᠠᠢ ᠪᠤᠷᠳᠤᠭᠠᠨ ᠤ ᠲᠦᠬᠦᠭᠡᠢ ᠡᠳ᠋ ᠢ ᠬᠡᠷᠡᠭᠯᠡᠵᠤ᠂ ᠳᠠᠬᠢᠶᠠᠨ ᠤ ᠠᠳᠠᠯᠢ | ᠪᠤᠰᠥ ᠹᠢᠽᠢᠥᠯᠤᠬᠢ ᠶᠢᠨ ᠱᠠᠳᠥᠨ ᠤ ᠪᠤᠷᠳᠤᠭ᠎ᠠ ᠨᠠᠶᠢᠷᠠᠭᠤᠯᠵᠤ ᠪᠤᠯᠤᠨ᠎ᠠ᠃ ᠬᠡᠷᠡᠭᠯᠡᠭᠴᠢᠳ ᠤᠨ ᠲᠦᠬᠦᠮ ᠢ | ᠪᠤᠳᠤᠭᠠᠳ ᠪᠤᠷᠳᠤᠭ᠎ᠠ ᠨᠠᠶᠢᠷᠠᠭᠤᠯᠬᠤ ᠥᠢᠯᠡᠳᠪᠤᠷᠢ ᠦᠨᠳᠡᠭᠡᠨ ᠳᠠᠬᠢᠶ᠎ᠠ ᠪᠠ ᠢᠳᠡᠰᠢᠨ ᠳᠠᠬᠢᠶᠠᠨ ᠤ ᠰᠢᠮ᠎ᠡ | ᠳᠡᠵᠢᠭᠡᠯ ᠤᠨ ᠬᠡᠷᠡᠭᠴᠡᠭᠡ ᠳᠤ ᠳᠤᠬᠢᠷᠠᠭᠤᠯᠥᠨ ᠠᠳᠠᠯᠢ ᠪᠤᠰᠥ ᠭᠤᠷᠪᠠᠨ ᠲᠦᠷᠥᠯ ᠤᠨ ᠪᠤᠷᠳᠤᠭ᠎ᠠ ᠥᠢᠯᠡᠳᠪᠤᠷᠢᠯᠡᠵᠤ | ᠪᠤᠢ᠃ | 1. ᠳᠡᠬᠦᠰ ᠪᠤᠷᠳᠤᠭ᠎ᠠ | ᠰᠢᠮ᠎ᠡ ᠳᠡᠵᠢᠭᠡᠯ ᠤᠨ ᠬᠡᠷᠡᠭᠴᠡᠭᠡ ᠶᠤᠰᠤ ᠪᠠᠷ ᠤᠯᠠᠨ ᠵᠥᠢᠯ ᠤᠨ ᠪᠤᠷᠳᠤᠭ᠎ᠠ ᠬᠢᠭᠡᠳ ᠬᠠᠴᠢᠷᠯᠠᠭᠠᠰᠥ ᠪᠠᠷ | ᠨᠠᠶᠢᠷᠠᠭᠤᠯᠤᠭᠰᠠᠨ ᠪᠤᠷᠳᠤᠭ᠎ᠠ ᠮᠦᠨ᠃ ᠳᠠᠬᠢᠶᠠᠨ ᠳᠤ ᠶᠠᠮᠠᠷ ᠴᠥ ᠪᠤᠷᠳᠤᠭ᠎ᠠ ᠬᠠᠴᠢᠷᠯᠠᠬᠤ ᠦᠬᠡᠢ ᠪᠠᠷ ᠰᠢᠭᠤᠳ | ᠦᠭᠬᠦ ᠳᠤ ᠮᠠᠰᠢ ᠰᠠᠶᠢᠨ ᠥᠢᠯᠡᠳᠥᠯ ᠭᠠᠷᠴᠢᠬᠠᠨ᠎ᠠ᠃ ᠨᠦᠬᠦᠴᠡᠯ ᠲᠠᠢ ᠪᠤᠯ ᠦᠪᠡᠷ ᠢᠶᠠᠨ ᠳᠡᠬᠦᠰ ᠪᠤᠷᠳᠤᠭ᠎ᠠ | ᠨᠠᠶᠢᠷᠠᠭᠤᠯᠵᠤ ᠪᠤᠯᠤᠨ᠎ᠠ᠃ | 2. ᠦᠳᠭᠡᠷᠡᠬᠦᠯᠥᠭᠰᠡᠨ ᠪᠤᠷᠳᠤᠭ᠎ᠠ | ᠸᠢᠲ᠋ᠠᠮᠢᠨ᠂ ᠪᠢᠴᠢᠯ ᠡᠯᠧᠮᠧᠨ᠋ᠲ᠂ ᠠᠮᠢᠨᠣ᠋ ᠬᠦᠴᠢᠯ᠂ ᠦᠰᠥᠯᠳᠡ ᠶᠢ ᠲᠦᠷᠭᠡᠳᠭᠡᠬᠦ ᠪᠤᠶᠤ ᠡᠪᠡᠳᠴᠢᠨ ᠭᠡᠮ ᠢ | ᠰᠡᠷᠬᠡᠶᠢᠯᠡᠬᠦ ᠡᠮᠳᠥ ᠪᠤᠳᠠᠰ ᠵᠡᠷᠭᠡ ᠬᠠᠴᠢᠷᠯᠠᠭᠠᠰᠥ ᠶᠢᠨ ᠪᠡᠯᠡᠳᠭᠡᠯ ᠬᠤᠯᠢᠮᠠᠭ ᠪᠤᠷᠳᠤᠭ᠎ᠠ ᠪᠠ ᠺᠠᠯᠼ᠂ ᠹᠤᠰᠹᠤᠷ ᠤᠨ | ᠮᠢᠨᠧᠷᠠᠯ ᠪᠤᠷᠳᠤᠭ᠎ᠠ᠂ ᠤᠭᠤᠷᠠᠭᠳᠥ ᠪᠤᠷᠳᠤᠭ᠎ᠠ ᠬᠢᠭᠡᠳ ᠳᠠᠪᠤᠰᠥ ᠵᠡᠷᠭᠡ ᠪᠠᠷ ᠪᠦᠷᠢᠯᠳᠥᠨᠡ᠃ ᠳᠡᠩᠴᠡᠬᠦᠷᠢᠳᠥ | ᠪᠤᠷᠳᠤᠭᠠᠨ ᠤ ᠥᠢᠯᠡᠳᠪᠤᠷᠢ ᠶᠢᠨ ᠥᠢᠯᠡᠳᠪᠤᠷᠢᠯᠡᠭᠰᠡᠨ ᠬᠠᠭᠠᠰ ᠡᠳ᠋ᠰᠢᠬᠦᠯᠥᠭᠰᠡᠨ ᠪᠦᠳᠥᠭᠡᠭᠳᠡᠬᠦᠨ ᠮᠦᠨ᠃ | ᠦᠳᠭᠡᠷᠡᠬᠦᠯᠥᠭᠰᠡᠨ ᠪᠤᠷᠳᠤᠭᠠᠨ ᠳᠤ ᠡᠨᠧᠷᠬᠢ ᠶᠢᠨ ᠬᠥᠢᠴᠡᠳᠭᠡᠯ ᠲᠤᠭ᠎ᠠ ᠠᠴᠠ ᠭᠠᠳᠠᠨ᠎ᠠ ᠪᠤᠰᠤᠳ ᠰᠢᠮ᠎ᠡ | ᠳᠡᠵᠢᠭᠡᠯ ᠤᠨ ᠪᠦᠷᠢᠯᠳᠥᠬᠦᠨ ᠤ ᠦᠳᠭᠡᠴᠡ ᠮᠠᠰᠢ ᠦᠨᠳᠥᠷ᠂ ᠶᠡᠷᠥ ᠳᠤ ᠪᠠᠨ ᠳᠡᠬᠦᠰ ᠳᠡᠩᠴᠡᠬᠦᠷᠢᠳᠥ ᠪᠤᠷᠳᠤᠭᠠᠨ ᠤ | 3 — 4 ᠳᠠᠬᠢᠨ᠂ ᠵᠢᠱᠢᠶᠡᠯᠡᠪᠡᠯ ᠤᠭᠤᠷᠠᠭ ᠠᠭᠤᠯᠤᠭᠳᠠᠴᠠ 30% — 75%᠂ ᠵᠢᠷᠥᠵᠤ ᠲᠦᠯᠥᠪᠯᠡᠭᠰᠡᠨ | ᠶᠤᠰᠤ ᠪᠠᠷ ᠪᠤᠰᠤᠳ ᠪᠦᠷᠢᠯᠳᠥᠬᠦᠨ ︵ᠭᠤᠤᠯᠳᠠᠭᠤ ᠢᠯᠴᠢ ᠨᠡᠮᠡᠬᠦ ᠪᠤᠷᠳᠤᠭ᠎ᠠ᠂ ᠵᠢᠱᠢᠶᠡᠯᠡᠪᠡᠯ ᠡᠷᠳᠡᠨᠢ ᠰᠢᠰᠢ᠂ | ᠰᠢᠰᠢ ᠵᠡᠷᠭᠡ︶ ᠲᠠᠢ ᠬᠤᠯᠢᠪᠠᠯ ᠳᠡᠬᠦᠰ ᠳᠡᠩᠴᠡᠬᠦᠷᠢᠳᠥ ᠪᠤᠷᠳᠤᠭ᠎ᠠ ᠪᠤᠶᠤ ᠳᠡᠬᠦᠨ ᠲᠠᠢ ᠪᠠᠷᠤᠭ ᠤᠴᠢᠬᠤ ᠳᠡᠬᠦᠰ | ᠳᠡᠩᠴᠡᠬᠦᠷᠢᠳᠥ ᠪᠤᠷᠳᠤᠭ᠎ᠠ ᠤᠯᠵᠤ ᠪᠤᠯᠤᠨ᠎ᠠ᠃ ᠦᠳᠭᠡᠷᠡᠬᠦᠯᠥᠭᠰᠡᠨ ᠪᠤᠷᠳᠤᠭ᠎ᠠ ᠶᠢᠨ ᠳᠡᠬᠦᠰ ᠳᠡᠩᠴᠡᠬᠦᠷᠢᠳᠥ | ᠪᠤᠷᠳᠤᠭᠠᠨ ᠳᠤ ᠡᠵᠡᠯᠡᠬᠦ ᠬᠠᠷᠢᠴᠠᠯ ᠨᠢ ᠠᠮᠢᠳᠠᠨ᠂ ᠨᠠᠶᠢᠷᠠᠯᠭ᠎ᠠ ᠪᠤᠯᠤᠨ ᠵᠤᠷᠢᠯᠳᠠ ᠶᠢᠨ ᠠᠳᠠᠯᠢ ᠦᠬᠡᠢ ᠠᠴᠠ ᠪᠤᠯᠵᠤ | ᠶᠡᠭᠡᠳᠡ ᠬᠤᠪᠢᠷᠠᠯᠳᠠ ᠲᠠᠢ ᠪᠠᠶᠢᠳᠠᠭ᠂ ᠶᠡᠷᠥ ᠳᠤ ᠪᠠᠨ 5% — 50%᠂ ᠡᠩ ᠤᠨ ᠪᠠᠶᠢᠳᠠᠯ ᠳᠤᠤᠷ᠎ᠠ 20% | — 40% ᠶᠢ ᠡᠵᠡᠯᠡᠨ᠎ᠡ᠃ ᠳᠡᠬᠦᠨ ᠳᠤ ᠪᠤᠢ ᠪᠦᠬᠦᠢ ᠤᠭᠤᠷᠠᠭᠳᠥ ᠪᠤᠷᠳᠤᠭ᠎ᠠ ᠪᠠᠭᠳᠠᠵᠤ᠂ ᠡᠰᠡᠬᠦᠯ᠎ᠡ ᠨᠢᠭᠡ | ᠪᠦᠯᠥᠭ ᠤᠭᠤᠷᠠᠭᠳᠥ ᠪᠤᠷᠳᠤᠭ᠎ᠠ ᠪᠠᠭᠳᠠᠭᠰᠠᠨ ᠴᠥ ᠪᠤᠯᠤᠨ᠎ᠠ᠂ ᠪᠠᠰᠠ ᠨᠢᠭᠡ ᠪᠦᠯᠥᠭ ᠡᠨᠧᠷᠬᠢᠳᠥ ᠪᠤᠷᠳᠤᠭ᠎ᠠ | ᠪᠠᠭᠳᠠᠵᠤ ᠪᠤᠯᠤᠨ᠎ᠠ᠃ ᠡᠵᠡᠯᠡᠬᠦ ᠬᠠᠷᠢᠴᠠᠯ ᠨᠢ ᠨᠡᠯᠢᠶᠡᠳ ᠳᠤᠤᠷ᠎ᠠ ᠦᠳᠭᠡᠷᠡᠬᠦᠯᠥᠭᠰᠡᠨ ᠪᠤᠷᠳᠤᠭ᠎ᠠ ᠪᠠᠷ ᠳᠡᠬᠦᠰ | ᠪᠤᠷᠳᠤᠭ᠎ᠠ ᠨᠠᠶᠢᠷᠠᠭᠤᠯᠬᠤ ᠳᠤ ᠪᠠᠰᠠ ᠤᠭᠤᠷᠠᠭᠳᠥ ᠪᠤᠷᠳᠤᠭ᠎ᠠ ᠨᠡᠮᠡᠬᠦ ᠴᠢᠬᠤᠯᠠ ᠲᠠᠢ᠃ ︵︽ᠮᠠᠯᠴᠢᠨ | ᠳᠠᠷᠢᠶᠠᠴᠢᠨ ᠤ ᠠᠯᠳᠠᠨ ᠲᠦᠯᠬᠢᠬᠦᠷ︾ ᠴᠤᠪᠤᠷᠠᠯ ᠪᠢᠴᠢᠭ ᠠᠴᠠ ᠠᠪᠤᠪᠠ︶ |