ᠳᠤᠳᠤᠷᠭ᠎ᠠ ᠶᠢᠨ ᠴᠢᠬᠢ ᠪᠤᠶᠢᠵᠢᠭᠤᠯᠬᠤ ᠦᠶ᠎ᠡ ᠶᠢᠨ ᠳᠤᠤᠷ᠎ᠠ ᠳᠤᠯᠠᠭᠠᠨ ᠤ ᠪᠠᠷᠢᠮᠵᠢᠶ᠎ᠠ ᠨᠢ ᠶᠠᠮᠠᠷ ᠪᠠᠶᠢᠳᠠᠭ ᠪᠤᠢ
ᠨᠡᠶᠢᠲᠡᠯᠡᠭᠰᠡᠨ ᠴᠠᠭ᠄
2021/4/22
   ᠤᠰᠤᠨ ᠳᠤᠳᠤᠷᠭ᠎ᠠ ᠶᠢ ᠳᠠᠷᠢᠶᠠᠨ ᠭᠠᠵᠠᠷ ᠲᠤ ᠳᠠᠷᠢᠬᠤ ᠪᠤᠯᠤᠨ ᠴᠢᠬᠢ ᠪᠤᠶᠢᠵᠢᠭᠤᠯᠬᠤ ᠬᠠᠮᠤᠭ ᠳᠤᠤᠷ᠎ᠠ ᠳᠤᠯᠠᠭᠠᠨ ᠤ ᠬᠡᠮᠵᠢᠶ᠎ᠡ ᠨᠢ 10 — 12 ᠭᠷᠡᠳᠦ᠋ᠰ ᠪᠠᠶᠢᠳᠠᠭ᠃ ᠤᠷᠳᠤ ᠬᠤᠭᠤᠴᠠᠭ᠎ᠠ 12 ᠭᠷᠡᠳᠦ᠋ᠰ ᠠᠴᠠ ᠳᠤᠤᠷ᠎ᠠ ᠪᠤᠯᠪᠠᠯ ᠤᠰᠤᠨ ᠳᠤᠳᠤᠷᠭ᠎ᠠ ᠶᠢᠨ ᠴᠢᠬᠢ ᠢᠯᠵᠢᠷᠡᠬᠦ ᠪᠤᠯᠤᠨ᠎ᠠ᠃ ᠡᠶᠢᠮᠤ ᠠᠴᠠ ᠦᠷᠭᠦᠯᠵᠢᠯᠡᠨ 5 ᠬᠤᠨᠤᠭ ᠲᠤ ᠡᠳᠦᠷ ᠤᠨ ᠳᠤᠮᠳᠠᠴᠢ ᠳᠤᠯᠠᠭᠠᠨ ᠤ ᠬᠡᠮᠵᠢᠶ᠎ᠡ 12 ᠭᠷᠡᠳᠦ᠋ᠰ ᠠᠴᠠ ᠳᠤᠤᠷ᠎ᠠ ᠪᠤᠶᠤ ᠡᠰᠡᠭᠦᠯ᠎ᠡ ᠦᠷᠭᠦᠯᠵᠢᠯᠡᠨ 2 ᠬᠤᠨᠤᠭ ᠠᠴᠠ ᠳᠡᠭᠡᠭᠰᠢ ᠬᠤᠭᠤᠴᠠᠭᠠᠨ ᠳᠤ ᠳᠤᠮᠳᠠᠴᠢ ᠳᠤᠯᠠᠭᠠᠨ ᠤ ᠬᠡᠮᠵᠢᠶ᠎ᠡ ᠠᠴᠠ 5 ᠭᠷᠡᠳᠦ᠋ᠰ ᠠᠴᠠ ᠳᠤᠤᠷ᠎ᠠ ᠪᠠᠶᠢᠳᠠᠭ ᠴᠠᠭ ᠠᠭᠤᠷ ᠢ ᠤᠰᠤᠨ ᠳᠤᠳᠤᠷᠭ᠎ᠠ ᠶᠢᠨ ᠳᠤᠤᠷ᠎ᠠ ᠳᠤᠯᠠᠭᠠᠨ ᠳᠤ ᠴᠢᠬᠢ ᠢᠯᠵᠢᠷᠡᠬᠦ ᠳᠠᠷᠢᠶᠠᠯᠠᠩ ᠤᠨ ᠴᠠᠭ ᠠᠭᠤᠷ ᠤᠨ ᠪᠠᠷᠢᠮᠵᠢᠶ᠎ᠠ ᠪᠤᠯᠭᠠᠭᠰᠠᠨ ᠪᠠᠶᠢᠨ᠎ᠠ᠃ ᠪᠤᠳᠠᠳᠠᠢ ᠦᠢᠯᠡᠳᠦᠯᠭᠡ ᠳᠤᠮᠳᠠ ᠭᠤᠷᠪᠠᠨ ᠨᠠᠪᠴᠢ ᠤᠷᠭᠤᠭᠰᠠᠨ ᠬᠤᠭᠤᠴᠠᠭᠠᠨ ᠤ ᠡᠮᠦᠨ᠎ᠡ ᠬᠤᠶᠢᠨ᠎ᠠ ᠬᠡᠷᠪᠡ ᠦᠷᠭᠦᠯᠵᠢᠯᠡᠭᠰᠡᠨ 3 ᠬᠤᠨᠤᠭ ᠤᠨ ᠳᠤᠮᠳᠠᠴᠢ ᠳᠤᠯᠠᠭᠠᠨ ᠤ ᠬᠡᠮᠵᠢᠶ᠎ᠡ ᠨᠢ 12 ᠭᠷᠡᠳᠦ᠋ᠰ ᠠᠴᠠ ᠳᠤᠤᠷ᠎ᠠ ᠦᠶ᠎ᠡ ᠳᠤ ᠡᠷᠳᠡ ᠶᠢᠨ ᠳᠤᠳᠤᠷᠭ᠎ᠠ ᠨᠢ ᠢᠯᠵᠢᠷᠡᠬᠦ ᠡᠪᠡᠳᠴᠢᠨ ᠳᠤ ᠠᠮᠠᠷᠬᠠᠨ ᠨᠡᠷᠪᠡᠭᠳᠡᠵᠤ᠂ ᠴᠢᠬᠢ ᠦᠬᠦᠬᠦ ᠪᠤᠯᠤᠨ᠎ᠠ᠃    ᠨᠤᠭᠤᠭᠠᠨ ᠢᠶᠠᠷ ᠬᠤᠪᠠᠭ᠋ᠠᠶᠢᠷᠠᠵᠤ ᠴᠢᠬᠢ ᠦᠬᠦᠬᠦ ᠴᠠᠭ ᠠᠭᠤᠷ ᠤᠨ ᠪᠠᠷᠢᠮᠵᠢᠶ᠎ᠠ ᠨᠢ ᠪᠤᠯ ᠡᠳᠦᠷ ᠤᠨ ᠳᠤᠮᠳᠠᠴᠢ ᠳᠤᠯᠠᠭᠠᠨ ᠤ ᠬᠡᠮᠵᠢᠶ᠎ᠡ ᠨᠢ 12 ᠭᠷᠡᠳᠦ᠋ᠰ ᠠᠴᠠ ᠳᠤᠤᠷ᠎ᠠ᠂ ᠦᠷᠭᠦᠯᠵᠢᠯᠡᠭᠰᠡᠨ ᠪᠦᠷᠭᠦᠭ ᠪᠤᠷᠤᠭᠠᠨ ᠲᠠᠢ ᠡᠳᠦᠷ ᠨᠢ 3 ᠬᠤᠨᠤᠭ ᠠᠴᠠ ᠳᠡᠭᠡᠭᠰᠢ ᠪᠤᠷᠤᠭᠠᠨ ᠤ ᠳᠠᠷᠠᠭ᠎ᠠ ᠬᠡᠨᠡᠳᠳᠡ ᠳᠤᠩᠭᠠᠯᠠᠭᠰᠢᠵᠤ᠂ ᠡᠳᠦᠷ ᠤᠨ ᠳᠤᠯᠠᠭᠠᠨ ᠤ ᠬᠡᠮᠵᠢᠶ᠎ᠡ ᠳᠦᠷᠭᠡᠨ ᠳᠡᠭᠡᠭᠰᠢᠯᠡᠬᠦ᠂ ᠡᠳᠦᠷ ᠰᠦᠨᠢ ᠶᠢᠨ ᠳᠤᠯᠠᠭᠠᠨ ᠤ ᠵᠦᠷᠢᠶ᠎ᠡ 10 ᠭᠷᠡᠳᠦ᠋ᠰ ᠠᠴᠠ ᠶᠡᠭᠡ ᠦᠶ᠎ᠡ ᠵᠡᠷᠭᠡ ᠪᠤᠯᠤᠨ᠎ᠠ᠃ ︵ᠤᠬᠠᠭᠠᠨ︶
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号