ᠬᠤᠨᠤᠭ ᠦᠨᠵᠢᠭᠰᠡᠨ ᠵᠠᠷᠢᠮ ᠢᠳᠡᠭᠡᠨ ᠢ ᠢᠳᠡᠵᠦ ᠪᠤᠯᠬᠤ ᠦᠭᠡᠢ᠂ ᠲᠠ ᠮᠡᠳᠡᠨ᠎ᠡ ᠤᠤ︖
ᠨᠡᠶᠢᠲᠡᠯᠡᠭᠰᠡᠨ ᠴᠠᠭ᠄
2021/5/19
   ᠴᠦᠬᠡᠨ ᠪᠤᠰᠤ ᠬᠦᠮᠦᠰ ᠤᠷᠤᠢ ᠶᠢᠨ ᠦᠯᠡᠳᠡᠭᠰᠡᠨ ᠬᠤᠭᠤᠯᠠ ᠪᠤᠳᠠᠭ᠎ᠠ ᠪᠠᠨ ᠬᠠᠳᠠᠭᠠᠯᠠᠵᠦ ᠳᠠᠷᠠᠭ᠎ᠠ ᠡᠳᠦᠷ ᠨᠢ ᠢᠳᠡᠬᠦ ᠲᠠᠳᠬᠠᠯ ᠲᠠᠢ ᠪᠠᠶᠢᠳᠠᠭ᠃ ᠭᠡᠪᠡᠴᠦ ᠵᠠᠷᠢᠮ ᠢᠳᠡᠭᠡᠨ ᠢ ᠬᠤᠨᠤᠭ ᠦᠨᠵᠢᠭᠡᠳ ᠢᠳᠡᠵᠦ ᠪᠤᠯᠬᠤ ᠦᠭᠡᠢ ᠶᠤᠮ    ᠬᠤᠨᠤᠭ ᠦᠨᠵᠢᠭᠰᠡᠨ ᠴᠠᠢ ᠶᠢ ᠤᠤᠭᠤᠵᠦ ᠪᠤᠯᠬᠤ ᠦᠭᠡᠢ᠃ ᠬᠤᠨᠤᠭ ᠦᠨᠵᠢᠭᠰᠡᠨ ᠴᠠᠢ ᠴᠠᠭ ᠨᠢ ᠤᠳᠠᠬᠰᠡᠨ ᠠᠴᠠ ᠪᠤᠯᠵᠦ ᠲᠤᠳᠤᠷᠠᠬᠢ ᠸᠢᠲ᠋ᠠᠮᠢᠨ ᠨᠢ ᠶᠡᠭᠡ ᠬᠡᠮᠵᠢᠶ᠎ᠡ ᠪᠠᠷ ᠠᠯᠳᠠᠬᠳᠠᠬᠰᠡᠨ ᠮᠦᠷᠲᠡᠭᠡᠨ ᠴᠠᠢ ᠲᠤᠳᠤᠷᠠᠬᠢ ᠤᠭᠤᠷᠠᠭ᠂ ᠰᠢᠬᠢᠷ ᠤᠨ ᠲᠦᠷᠦᠯ ᠵᠡᠷᠭᠡ ᠨᠢ ᠨᠢᠭᠡᠨᠲᠡ ᠪᠠᠺᠲ᠋ᠧᠷᠢ᠂ ᠬᠦᠭᠡᠴᠦ ᠶᠢᠨ ᠦᠷᠡᠵᠢᠯ ᠳᠤ ᠠᠰᠢᠬᠲᠠᠢ ᠪᠤᠷᠳᠤᠭᠤᠷ ᠪᠤᠯᠵᠦ ᠬᠤᠪᠢᠷᠠᠳᠠᠭ᠃    ᠬᠤᠨᠤᠭ ᠦᠨᠵᠢᠭᠰᠡᠨ ᠮᠦᠡᠭᠭᠦᠨ ᠳᠡᠯᠳᠠᠤ ᠶᠢ ᠢᠳᠡᠵᠦ ᠪᠤᠯᠬᠤ ᠦᠭᠡᠢ᠃ ᠤᠴᠢᠷ ᠨᠢ ᠮᠦᠡᠭᠭᠦᠨ ᠳᠡᠯᠳᠠᠤ ᠲᠤᠳᠤᠷ᠎ᠡ ᠨᠡᠯᠢᠶᠡᠳ ᠤᠯᠠᠨ ᠬᠡᠮᠵᠢᠶᠡᠨ ᠤ ᠠᠽᠤᠲ ᠬᠦᠴᠢᠯ ᠤᠨ ᠳᠠᠪᠤᠰᠦ ᠶᠢᠨ ᠲᠦᠷᠦᠯ ᠠᠭᠤᠯᠵᠦ᠂ ᠴᠢᠨᠠᠵᠦ ᠪᠤᠯᠭᠤᠭᠠᠬᠰᠡᠨ ᠤ ᠳᠠᠷᠠᠭ᠎ᠠ ᠤᠷᠲᠦ ᠬᠤᠭᠤᠴᠠᠭ᠎ᠠ ᠪᠠᠷ ᠳᠠᠯᠪᠢᠪᠠᠯ ᠪᠠᠺᠲ᠋ᠧᠷᠢ ᠶᠢ ᠵᠠᠳᠠᠷᠠᠭᠤᠯᠬᠤ ᠦᠢᠯᠡᠳᠦᠯ ᠲᠤᠤᠷ᠎ᠠ ᠠᠽᠤᠲ ᠬᠦᠴᠢᠯ ᠤᠨ ᠲᠠᠪᠤᠰᠦ ᠨᠢ ᠲᠤᠲᠠᠭᠤ ᠠᠽᠤᠲ ᠬᠦᠴᠢᠯ ᠤᠨ ᠲᠠᠪᠤᠰᠦ ᠪᠤᠯᠵᠦ ᠬᠤᠪᠢᠷᠠᠳᠠᠭ᠃ ᠲᠤᠲᠠᠭᠤ ᠠᠽᠤᠲ ᠬᠦᠴᠢᠯ ᠤᠨ ᠲᠠᠪᠤᠰᠦ ᠨᠢ ᠬᠦᠮᠦᠨ ᠤ ᠪᠡᠶ᠎ᠡ ᠲᠤᠳᠤᠷᠠᠬᠢ ᠦᠮᠡᠨ ᠡᠪᠡᠳᠴᠢᠨ ᠢ ᠡᠭᠦᠰᠭᠡᠬᠦ ᠲᠤᠲᠠᠭᠤ ᠠᠽᠤᠲ ᠤᠨ ᠠᠮᠢᠨ ᠪᠤᠯᠵᠦ ᠪᠦᠷᠢᠯᠳᠦᠳᠡᠭ᠃    ᠬᠤᠨᠤᠭ ᠦᠨᠵᠢᠭᠰᠡᠨ ᠪᠤᠴᠠᠯᠭᠠᠬᠰᠡᠨ ᠬᠠᠯᠠᠭᠤᠨ ᠤᠰᠤ ᠶᠢ ᠤᠤᠭᠤᠵᠦ ᠪᠤᠯᠬᠤ ᠦᠭᠡᠢ᠃ ᠲᠦᠭᠡᠭᠡᠯ ᠤᠰᠤ ᠶᠢ 3 — 5 ᠮᠢᠨᠦ᠋ᠲ ᠪᠤᠴᠠᠯᠭᠠᠪᠠᠯ ᠲᠤᠲᠠᠭᠤ ᠠᠽᠤᠲ ᠬᠦᠴᠢᠯ ᠤᠨ ᠲᠠᠪᠤᠰᠦ ᠪᠤᠯᠤᠨ ᠾᠯᠤᠷᠲᠦ ᠨᠢᠭᠡᠳᠪᠦᠷᠢ ᠵᠡᠷᠭᠡ ᠬᠤᠤᠷᠲᠦ ᠪᠤᠳᠠᠰ ᠤᠨ ᠠᠭᠤᠯᠤᠬᠳᠠᠴᠠ ᠶᠢ ᠬᠠᠮᠤᠭ ᠲᠤᠤᠷ᠎ᠠ ᠲᠦᠪᠰᠢᠨ ᠬᠦᠷᠲᠡᠯ᠎ᠡ ᠪᠠᠭᠤᠷᠠᠭᠤᠯᠳᠠᠭ᠂ ᠲᠤᠰᠬᠠᠢ ᠮᠡᠷᠭᠡᠵᠢᠯᠲᠡᠨ ᠠᠴᠠ ᠢᠯᠡᠷᠡᠭᠦᠯᠦᠭᠰᠡᠨ ᠨᠢ ᠲᠠᠬᠢᠨ ᠲᠠᠪᠳᠠᠨ ᠤᠯᠠᠨ ᠤᠳᠠᠭ᠎ᠠ ᠪᠤᠴᠠᠯᠭᠠᠬᠰᠡᠨ ᠪᠤᠶᠤ ᠪᠤᠴᠠᠯᠭᠠᠭᠠᠳ 24 ᠴᠠᠭ ᠢ ᠬᠡᠲᠦᠷᠡᠭᠰᠡᠨ ᠪᠤᠴᠠᠯᠤᠬᠰᠡᠨ ᠤᠰᠦ ᠶᠢᠨ ᠲᠤᠲᠠᠭᠤ ᠠᠽᠤᠲ ᠬᠦᠴᠢᠯ ᠤᠨ ᠲᠠᠪᠤᠰᠦ ᠶᠢᠨ ᠠᠭᠤᠯᠤᠬᠳᠠᠴᠠ ᠨᠢ ᠮᠡᠳᠡᠭᠳᠡᠮ᠎ᠡ ᠳᠡᠭᠡᠭᠰᠢᠯᠡᠳᠡᠭ᠃ ᠪᠤᠴᠠᠯᠤᠭᠠᠳ 24 ᠴᠠᠭ ᠪᠤᠯᠤᠬᠰᠡᠨ ᠬᠠᠯᠠᠭᠤᠨ ᠤᠰᠤᠨ ᠤ ᠠᠽᠤᠲ ᠬᠦᠴᠢᠯ ᠤᠨ ᠲᠠᠪᠤᠰᠤᠨ ᠤ ᠠᠭᠤᠯᠤᠬᠳᠠᠴᠠ ᠨᠢ ᠰᠠᠶᠢᠬᠠᠨ ᠪᠤᠴᠠᠯᠭᠠᠬᠰᠡᠨ ᠬᠠᠯᠠᠭᠤᠨ ᠤᠰᠤᠨ ᠤ 1.3 ᠲᠠᠬᠢᠨ ᠪᠠᠶᠢᠳᠠᠭ᠃ ᠡᠶᠢᠮᠦ ᠠᠴᠠ ᠬᠤᠨᠤᠭ ᠦᠨᠵᠢᠭᠰᠡᠨ ᠬᠠᠯᠠᠭᠤᠨ ᠤᠰᠤ ᠶᠢ ᠤᠤᠭᠤᠬᠤ ᠦᠭᠡᠢ ᠪᠤᠯ ᠰᠠᠶᠢᠨ᠃    ᠬᠤᠨᠤᠭ ᠦᠨᠵᠢᠭᠰᠡᠨ ᠭᠦᠢᠴᠡᠳ ᠪᠤᠯᠭᠤᠭᠠᠬᠰᠡᠨ ᠦᠭᠡᠢ ᠲᠠᠬᠢᠶᠠᠨ ᠦᠨᠳᠡᠭᠡ ᠶᠢ ᠢᠳᠡᠵᠦ ᠪᠤᠯᠬᠤ ᠦᠭᠡᠢ᠃ ᠲᠠᠬᠢᠶᠠᠨ ᠦᠨᠳᠡᠭᠡ ᠶᠢᠨ ᠦᠨᠳᠡᠭᠡᠨ ᠰᠢᠷ᠎ᠡ ᠨᠢ ᠬᠡᠷᠪᠡ ᠭᠦᠢᠴᠡᠳ ᠪᠤᠯᠤᠬᠰᠡᠨ ᠦᠭᠡᠢ ᠪᠠᠶᠢᠳᠠᠯ ᠳᠤ ᠬᠤᠨᠤᠭ ᠦᠨᠵᠢᠪᠡᠯ ᠰᠢᠮ᠎ᠡ ᠲᠡᠵᠢᠭᠡᠯ ᠤᠨ ᠪᠤᠳᠠᠰ ᠲᠤᠨᠢ ᠠᠮᠠᠷᠬᠠᠨ ᠪᠠᠺᠲ᠋ᠧᠷᠢ ᠲᠦᠷᠦᠵᠦ᠂ ᠡᠷᠡᠬᠦᠯ ᠮᠡᠨᠲᠦ ᠳᠤ ᠨᠦᠯᠦᠭᠡ ᠦᠵᠡᠭᠦᠯᠵᠦ᠂ ᠬᠤᠳᠤᠭᠤᠲᠦ ᠭᠡᠳᠡᠰᠦ ᠡᠪᠡᠳᠬᠦ᠂ ᠭᠡᠳᠡᠰᠦ ᠬᠦᠭᠡᠬᠦ ᠵᠡᠷᠭᠡ ᠪᠠᠶᠢᠳᠠᠯ ᠢ ᠪᠤᠢ ᠪᠤᠯᠭᠠᠳᠠᠭ᠃    ᠬᠤᠨᠤᠭ ᠦᠨᠵᠢᠭᠰᠡᠨ ᠨᠠᠪᠴᠢᠲᠦ ᠨᠤᠭᠤᠭ᠎ᠠ ᠶᠢ ᠢᠳᠡᠵᠦ ᠪᠤᠯᠬᠤ ᠦᠭᠡᠢ᠃ ᠵᠠᠷᠢᠮ ᠨᠤᠭᠤᠭᠠᠨ ᠨᠠᠪᠴᠢᠲᠦ ᠢᠳᠡᠰᠢᠨ ᠨᠤᠭᠤᠭ ᠎ᠠ ᠶᠢᠨ ᠲᠤᠳᠤᠷ᠎ᠠ ᠨᠡᠯᠢᠶᠡᠳ ᠬᠡᠮᠵᠢᠶᠡᠨ ᠤ ᠠᠽᠤᠲ ᠬᠦᠴᠢᠯ ᠤᠨ ᠲᠠᠪᠤᠰᠦ ᠶᠢᠨ ᠲᠦᠷᠦᠯ ᠠᠭᠤᠯᠤᠬᠳᠠᠵᠦ ᠪᠠᠶᠢᠭ᠎ᠠ ᠪᠤᠯᠬᠤᠷ ᠪᠤᠯᠭᠤᠭᠠᠬᠰᠡᠨ ᠤ ᠳᠠᠷᠠᠭ᠎ᠠ ᠭᠡᠲᠦ ᠤᠷᠲᠦ ᠬᠤᠭᠤᠴᠠᠭ᠎ᠠ ᠬᠠᠳᠠᠭᠠᠯᠠᠨ ᠲᠠᠯᠪᠢᠪᠠᠯ ᠪᠠᠺᠲ᠋ᠧᠷᠢ ᠶᠢᠨ ᠵᠠᠳᠠᠷᠠᠭᠤᠯᠬᠤ ᠦᠢᠯᠡᠳᠦᠯ ᠲᠤᠤᠷ᠎ᠠ ᠲᠤᠲᠠᠭᠤ ᠠᠽᠤᠲ ᠬᠦᠴᠢᠯ ᠤᠨ ᠳᠠᠪᠤᠰᠦ ᠪᠤᠯᠵᠦ᠂ ᠦᠮᠠᠨ ᠡᠪᠡᠳᠴᠢᠨ ᠢ ᠡᠭᠦᠰᠭᠡᠬᠦ ᠦᠢᠯᠡᠳᠦᠯ ᠲᠠᠢ ᠪᠠᠶᠢᠵᠦ᠂ ᠬᠠᠯᠠᠭᠠᠵᠦ ᠪᠤᠯᠭᠤᠭᠠᠬᠰᠡᠨ ᠴᠦ ᠠᠷᠢᠯᠭᠠᠵᠦ ᠴᠢᠳᠠᠬᠤ ᠦᠭᠡᠢ ᠶᠤᠮ᠃    ᠬᠤᠨᠤᠭ ᠦᠨᠵᠢᠭᠰᠡᠨ ᠲᠠᠯᠠᠢ ᠶᠢᠨ ᠢᠳᠡᠭᠡᠨ ᠢ ᠢᠳᠡᠵᠦ ᠪᠤᠯᠬᠤ ᠦᠭᠡᠢ᠃ ᠵᠢᠭᠠᠰᠦ ᠪᠤᠯᠤᠨ ᠲᠠᠯᠠᠢ ᠶᠢᠨ ᠰᠤᠷᠭᠤᠭ ᠢᠳᠡᠭᠡᠨ ᠬᠤᠨᠤᠭ ᠦᠨᠵᠢᠭᠰᠡᠨ ᠤ ᠳᠠᠷᠠᠭ᠎ᠠ ᠠᠮᠠᠷᠬᠠᠨ ᠤᠭᠤᠷᠠᠭ ᠢ ᠵᠠᠳᠠᠷᠠᠭᠤᠯᠬᠤ ᠡᠳ᠋ ᠡᠭᠦᠰᠴᠦ᠂ ᠡᠯᠢᠭᠡ ᠪᠦᠭᠡᠷ᠎ᠡ ᠶᠢᠨ ᠴᠢᠳᠠᠪᠬᠢ ᠶᠢ ᠭᠡᠮᠳᠦᠭᠡᠳᠡᠭ᠃    
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号