ᠳᠠᠪᠤᠨ ᠬᠤᠰᠢᠭᠤ ᠮᠠᠯ ᠢᠶᠠᠷ ᠳᠠᠯ ᠎ᠡ ᠪᠠᠨ ᠴᠢᠮᠡᠭᠰᠡᠨ ᠮᠠᠯᠴᠢᠨ
ᠨᠡᠶᠢᠲᠡᠯᠡᠭᠰᠡᠨ ᠴᠠᠭ᠄
2021/7/14
   ᠨᠠᠷᠠ ᠬᠤᠷ᠎ᠡ ᠳᠡᠩᠴᠠᠵᠦ ᠨᠠᠪᠴᠢ ᠴᠡᠴᠡᠭ ᠪᠦᠵᠢᠭᠯᠡᠭᠰᠡᠨ ᠵᠤᠨ ᠤ ᠵᠢᠷᠭᠤᠭᠠᠨ ᠰᠠᠷ ᠎ᠡ ᠳᠤ᠂ ᠬᠤᠷᠴᠢᠨ ᠪᠠᠷᠠᠭᠤᠨ ᠭᠠᠷᠤᠨ ᠡᠮᠦᠨᠡᠳᠤ ᠬᠤᠰᠢᠭᠤᠨ ᠤ ᠤᠯᠠᠭᠠᠨᠮᠤᠳᠤ ᠶᠢᠨ ᠳᠠᠯ ᠎ᠡ ᠨᠤᠳᠤᠭ ᠢᠶᠠᠷ ᠠᠶᠠᠯᠠᠬᠤᠶ ᠎ᠡ᠂ ᠬᠦᠭᠡ ᠤᠭᠳᠠᠷᠭᠤᠢ ᠳᠤ ᠬᠦᠪᠤᠡᠭ ᠡᠭᠦᠯᠡ ᠬᠦᠪᠪᠦᠯᠵᠡᠨ᠂ ᠬᠦᠳᠡᠭᠡ ᠳᠠᠯ ᠎ᠡ ᠪᠠᠷ ᠤᠰᠤ ᠳᠤᠭᠤᠷᠢᠮ ᠳᠤᠨᠤᠯᠵᠠᠵᠦ᠂ ᠡᠪᠡᠰᠦᠨ ᠤ ᠰᠤᠷᠭᠤᠭ ᠤᠰᠤᠨ ᠤ ᠳᠤᠩᠭᠠᠯᠠᠭ ᠢ ᠲᠠᠭᠠᠨ ᠳᠠᠭᠠᠳᠠᠶᠢᠬᠠᠨ ᠪᠡᠯᠴᠢᠬᠦ ᠦᠬᠡᠷ ᠬᠤᠨᠢᠨ ᠰᠦᠷᠦᠭ ᠤᠳ ᠰᠠᠨᠠᠭ᠎ᠠ ᠶᠢ ᠪᠠᠶᠠᠰᠬᠠᠵᠦ ᠰᠡᠳᠬᠢᠯ ᠢ ᠰᠡᠷᠭᠦᠬᠡᠨ᠎ᠡ᠃ ᠤᠯᠠᠭᠠᠨᠮᠤᠳᠤ ᠰᠤᠮᠤᠨ ᠤ ᠦᠪᠦᠷᠵᠢᠯᠠᠭ᠎ᠠ ᠭᠠᠴᠠᠭ᠎ᠠ ᠠᠴᠠ ᠬᠤᠶᠢᠰᠢ ᠬᠤᠷᠢᠭᠠᠳ ᠭᠠᠵᠠᠷ ᠵᠠᠶᠢᠳᠠᠢ ᠪᠠᠶᠢᠭ᠎ᠠ ᠰᠠᠷᠠᠨᠳᠠᠢ ᠶᠢᠨ ᠵᠢᠯᠠᠭ᠎ᠠ ᠶᠢ ᠰᠠᠬᠢᠨ ᠰᠠᠭᠤᠭᠰᠠᠨ ᠮᠠᠯᠴᠢᠨ ᠪᠠᠭᠠᠨ᠎ᠠ ᠶᠢᠨ ᠬᠢᠨ ᠳᠤ ᠬᠦᠷᠬᠦ ᠳᠤ᠂ ᠳᠡᠷᠡ ᠪᠦᠰᠡᠭᠦᠢ ᠯᠦᠡᠭ ᠮᠸᠢ ᠲᠠᠢ ᠪᠠᠨ ᠬᠤᠶᠠᠭᠤᠯᠠ ᠳᠡᠮᠡᠭᠡ ᠬᠢᠷᠭᠠᠭᠠᠳ ᠶᠠᠭᠠᠷᠠᠵᠦ ᠪᠠᠶᠢᠯ ᠎ᠡ᠃    ᠡᠨᠡ ᠵᠢᠯ ᠳᠠᠪᠢ ᠶᠢᠨ ᠳᠠᠪᠠᠭ᠎ᠠ ᠶᠢ ᠬᠦᠭᠡᠭᠡᠵᠦ ᠶᠠᠪᠤᠭ᠎ᠠ ᠪᠠᠭᠠᠨ᠎ᠠ ᠭᠤᠸᠠᠢ ᠮᠠᠯ ᠮᠠᠯᠵᠢᠭᠠᠳ ᠨᠢᠭᠡᠨᠳᠡ ᠭᠤᠴᠢᠭᠠᠳ ᠵᠢᠯ ᠤᠨ ᠨᠢᠭᠤᠷ ᠦᠵᠡᠵᠦ᠂ ᠤᠳᠤ ᠡᠳᠡᠨ ᠤ ᠬᠢᠨ 5000 ᠭᠠᠷᠤᠢ ᠮᠦ ᠨᠤᠳᠤᠭ ᠪᠡᠯᠴᠢᠭᠡᠷ ᠲᠤ ᠪᠠᠨ 40 ᠭᠠᠷᠤᠢ ᠦᠬᠡᠷ᠂ 1000 ᠭᠠᠷᠤᠢ ᠬᠤᠨᠢ ᠢᠮᠠᠭ᠎ᠠ᠂ 4 ᠮᠤᠷᠢ᠂ 3 ᠳᠡᠮᠡᠭᠡ ᠲᠠᠢ ᠪᠠᠶᠢᠵᠤ᠂ ᠳᠠᠪᠤᠨ ᠬᠤᠰᠢᠭᠤ ᠮᠡᠯ ᠢᠶᠠᠷ ᠳᠠᠯ ᠎ᠡ ᠪᠠᠨ ᠴᠢᠮᠡᠵᠦ ᠳᠠᠩᠰᠤᠭ ᠪᠠᠶᠠᠨ ᠠᠮᠢᠳᠤᠷᠠᠯ ᠢ ᠡᠳ᠋ᠯᠡᠵᠦ ᠶᠠᠪᠤᠨ᠎ᠡ᠃    ᠪᠠᠭᠠᠨ᠎ᠠ ᠬᠤᠷᠢᠭᠠᠳ ᠵᠢᠯ ᠤᠨ ᠡᠮᠦᠨ᠎ᠡ ᠠᠶᠢᠯ ᠭᠡᠷ ᠪᠠᠶᠢᠭᠤᠯᠬᠤ ᠦᠶ᠎ᠡ ᠳᠤ᠂ ᠡᠳᠡᠨ ᠤ ᠬᠢᠨ ᠬᠡᠳᠦᠬᠡᠨ ᠠᠯᠠᠰᠢᠨ ᠬᠤᠨᠢ ᠪᠠ ᠤᠨᠤᠭᠠᠨ ᠤ ᠮᠤᠷᠢ ᠲᠠᠢ ᠰᠠᠭᠤᠷᠢ ᠨᠢᠮᠭᠡᠨ ᠠᠶᠢᠯ ᠪᠠᠶᠢᠪᠠ᠃ ᠬᠤᠵᠢᠮ ᠨᠢ ᠳᠡᠷᠡ ᠬᠡᠳᠦᠨ ᠮᠠᠯ ᠢᠶᠠᠨ ᠦᠰᠭᠡᠨ ᠳᠤᠳᠤᠮᠳᠠᠬᠤ ᠭᠡᠵᠦ ᠨᠢᠭᠡ ᠯᠡ ᠰᠡᠳᠭᠢᠯ ᠢᠶᠠᠷ ᠴᠢᠷᠮᠠᠶᠢᠨ᠂ ᠴᠢᠳᠠᠬᠤ ᠦᠭᠡᠢ ᠮᠡᠳᠡᠬᠦ ᠦᠭᠡᠢ ᠵᠦᠢᠯᠡᠰ ᠢᠶᠠᠨ ᠠᠬᠠᠮᠠᠳ ᠳᠤᠮᠤᠭᠠᠳᠠᠨ ᠠᠴᠠ ᠠᠰᠠᠭᠤᠨ ᠯᠠᠪᠯᠠᠵᠦ ᠳᠤᠷᠰᠢᠯᠭ᠎ᠠ ᠬᠤᠷᠠᠮᠳᠤᠭᠤᠯᠤᠨ ᠨᠢᠭᠡ ᠮᠡᠳᠡᠬᠦ ᠳᠤ ᠠᠮᠢᠳᠤᠷᠠᠬᠤᠢ ᠶᠢᠨ ᠤᠬᠠᠭᠠᠨ᠂ ᠠᠯᠤᠰ ᠤᠨ ᠬᠠᠷᠠᠯᠳᠠ ᠲᠠᠢ ᠬᠠᠰᠢᠷ ᠮᠠᠯᠴᠢᠨ ᠪᠤᠯᠤᠭᠰᠠᠨ ᠶᠤᠮ᠃ ᠮᠠᠯ ᠤᠨ ᠡᠭᠦᠯᠳᠡᠷ ᠢ ᠰᠠᠶᠢᠵᠢᠷᠠᠭᠤᠯᠵᠦ ᠤᠷᠤᠯᠭ᠎ᠠ ᠪᠠᠨ ᠨᠡᠮᠡᠭᠳᠡᠬᠦᠯᠬᠦ ᠶᠢ ᠠᠯᠢ ᠡᠷᠳᠡ ᠠᠴᠠ ᠰᠡᠷᠡᠵᠦ ᠮᠡᠳᠡᠭᠰᠡᠨ ᠪᠠᠭᠠᠨ᠎ᠠ ᠠᠷᠪᠠᠨ ᠬᠡᠳᠤᠨ ᠵᠢᠯ ᠤᠨ ᠡᠮᠦᠨ᠎ᠡ ᠰᠢᠯᠢᠳᠡᠭ ᠡᠭᠦᠯᠳᠡᠷ ᠤᠨ ᠮᠠᠯ ᠬᠤᠳᠠᠯᠳᠤᠨ ᠠᠪᠴᠤ᠂ ᠮᠠᠯ ᠰᠦᠷᠦᠭ ᠤᠨ ᠢᠶᠠᠨ ᠡᠬᠦᠯᠳᠡᠷ ᠢ ᠰᠠᠶᠢᠵᠢᠷᠠᠭᠤᠯᠵᠦ ᠠᠰᠢᠭ ᠤᠷᠤᠯᠭ᠎ᠠ ᠪᠠᠨ ᠨᠡᠮᠡᠭᠳᠡᠬᠦᠯᠬᠦ ᠪᠠᠷ ᠤᠷᠤᠯᠳᠤᠵᠠᠢ᠃    ᠪᠠᠭᠠᠨ᠎ᠠ ᠭᠤᠸᠠᠢ ᠬᠠᠷᠠᠬᠠᠨ ᠪᠠᠭ᠎ᠠ ᠠᠴᠠ ᠪᠠᠨ ᠠᠪᠤ ᠶᠢᠨ ᠢᠶᠠᠨ ᠨᠦᠯᠦᠭᠡᠯᠡᠯ ᠢ ᠬᠦᠷᠳᠡᠵᠦ ᠮᠤᠷᠢ ᠪᠠ ᠳᠡᠮᠡᠭᠡᠨ ᠳᠤ ᠤᠨᠴᠠ ᠬᠤᠷᠤᠬᠠᠢ ᠲᠠᠢ ᠪᠠᠶᠢᠵᠠᠢ᠃ ᠳᠡᠭᠡᠭᠡᠳ ᠳᠡᠷᠡ 2017 ᠤᠨ ᠳᠤ ᠭᠠᠳᠠᠨᠠᠬᠢ ᠮᠠᠶᠢᠮᠠᠶᠢᠴᠢᠨ ᠬᠤᠶᠠᠷ ᠳᠡᠮᠡᠭᠡ ᠠᠴᠢᠭᠠᠳ ᠡᠭᠦᠳᠡᠨ ᠡᠮᠦᠨᠡᠬᠦᠷ ᠨᠢ ᠦᠡᠭᠭᠡᠷᠡᠬᠦ ᠳᠤ᠂ ᠬᠡᠳᠤᠨ ᠡᠳᠦᠷ ᠳᠡᠷᠭᠡᠨ ᠳᠤ ᠠᠴᠢᠭᠳᠠᠭᠠᠳ ᠦᠯᠦᠰᠴᠤ ᠤᠮᠳᠠᠭᠠᠰᠴᠤ ᠪᠠᠶᠢᠭ᠎ᠠ ᠳᠡᠮᠡᠭᠡ ᠶᠢ ᠬᠠᠷᠠᠭᠠᠳ ᠦᠪᠡᠷ ᠤᠨ ᠡᠷᠬᠡ ᠦᠭᠡᠢ ᠦᠷᠦ ᠰᠡᠳᠬᠢᠯ ᠨᠢ ᠦᠨᠳᠡᠯᠵᠡᠨ ᠬᠤᠶᠠᠷ ᠳᠡᠮᠡᠭᠡ ᠶᠢ ᠬᠠᠮᠳᠤ ᠳᠤ ᠨᠢ ᠬᠤᠳᠠᠯᠳᠤᠨ ᠠᠪᠴᠤ ᠳᠠᠪᠤᠨ ᠬᠤᠰᠢᠭᠤ ᠮᠠᠯ ᠢ ᠪᠦᠷᠢᠳᠦᠭᠦᠯᠵᠦ ᠳᠠᠯᠪᠢᠭᠰᠠᠨ ᠪᠢᠯᠡ᠃    ᠪᠠᠭᠠᠨ᠎ᠠ ᠶᠢᠨ ᠳᠠᠨᠢᠯᠴᠠᠭᠤᠯᠤᠭᠰᠠᠨ ᠢᠶᠠᠷ᠂ ᠳᠡᠮᠡᠭᠡ ᠨᠢ ᠦᠷᠡᠵᠢᠯᠳᠡ ᠪᠠᠷ ᠤᠳᠠᠭᠠᠨ ᠪᠠᠶᠢᠵᠦ᠂ ᠳᠡᠳᠡᠨ ᠤ ᠦᠢᠯᠡᠳᠪᠦᠷᠢᠯᠡᠯ ᠠᠮᠢᠳᠤᠷᠠᠯ ᠳᠤ ᠪᠠᠨ ᠴᠤ ᠬᠡᠷᠡᠭᠯᠡᠳᠡᠭ ᠦᠭᠡᠢ᠃ ᠭᠡᠪᠡᠴᠤ ᠮᠠᠯ ᠤᠨ ᠪᠤᠶᠠᠨ ᠳᠤ ᠪᠠᠨ ᠳᠦᠰᠢᠭᠯᠡᠨ᠂ ᠠᠳᠠᠯ ᠠᠮᠢᠳᠤᠷᠠᠯ ᠢᠶᠠᠨ ᠦᠭᠡᠳᠡ ᠳᠠᠳᠠᠵᠦ ᠢᠷᠡᠭᠰᠡᠨ ᠪᠠᠭᠠᠨ᠎ᠠ ᠭᠤᠸᠠᠢ ᠳᠠᠪᠤᠨ ᠬᠤᠰᠢᠭᠤ ᠮᠠᠯ ᠳᠤ ᠪᠠᠨ ᠴᠠᠭᠯᠠᠰᠢ ᠦᠭᠡᠢ ᠬᠠᠶᠢᠷᠠᠳᠠᠢ ᠪᠠᠶᠢᠳᠠᠭ ᠠᠴᠠ ᠪᠠᠶᠢᠭᠠᠯᠢ ᠶᠢᠨ ᠭᠠᠨᠭ᠌ ᠭᠠᠮᠰᠢᠭ᠂ ᠠᠶᠢᠯ ᠡᠷᠦᠬᠡ ᠶᠢᠨ ᠤᠷᠤᠯᠭ᠎ᠠ ᠵᠠᠷᠤᠯᠭ᠎ᠠ ᠪᠠᠨ ᠬᠠᠶᠢᠬᠤᠷᠤᠯ ᠦᠭᠡᠢ ᠳᠠᠪᠤᠨ ᠬᠤᠰᠢᠭᠤ ᠮᠠᠯ ᠢᠶᠠᠨ ᠳᠡᠭᠰᠢ ᠪᠠᠷ ᠳᠡᠵᠢᠭᠡᠵᠦ ᠢᠷᠡᠵᠡᠢ᠃    ︽ᠴᠢᠷᠮᠡᠶᠢᠯᠭ᠎ᠠ ᠬᠦᠮᠦᠨ ᠢ ᠭᠤᠮᠤᠳᠠᠭᠠᠬᠤ ᠦᠭᠡᠢ︾ ᠭᠡᠳᠡᠭᠴᠢᠯᠡᠨ᠂ ᠪᠠᠭᠠᠨ᠎ᠠ ᠶᠢᠨ ᠳᠡᠵᠢᠭᠡᠭᠰᠡᠨ ᠠᠳᠤᠭᠤ ᠮᠠᠯ ᠨᠢ ᠦᠨᠢᠷ ᠦᠰᠴᠤ ᠠᠮᠢᠳᠤᠷᠠᠯ ᠨᠢ ᠴᠤ ᠠᠭᠠᠵᠢᠮ ᠢᠶᠠᠷ ᠰᠠᠶᠢᠵᠢᠷᠠᠵᠠᠢ᠃ ᠭᠡᠪᠡᠴᠤ ᠤᠷᠴᠢᠮ ᠤᠨ ᠵᠢᠯ ᠳᠤ ᠮᠠᠯ ᠤᠨ ᠳᠤᠭ᠎ᠠ ᠳᠤᠯᠤᠭᠠᠢ ᠨᠡᠮᠡᠭᠳᠡᠵᠤ ᠪᠡᠯᠴᠢᠭᠡᠷ ᠤᠨ ᠳᠠᠭᠠᠭᠠᠴᠠ ᠠᠴᠠ ᠬᠡᠳᠦᠷᠡᠭᠰᠡᠨ ᠠᠴᠠ ᠡᠪᠡᠰᠦ ᠪᠡᠯᠴᠢᠭᠡᠷ ᠮᠠᠭᠤᠳᠠᠬᠤ ᠪᠠᠶᠢᠳᠠᠯ ᠢᠯᠡᠷᠡᠭᠰᠡᠨ ᠪᠠᠶᠢᠨ᠎ᠠ᠃ ᠡᠬᠦᠨ ᠳᠤ ᠪᠠᠭᠠᠨ᠎ᠠ ︽ᠨᠤᠳᠤᠭ ᠤᠰᠤ ᠪᠤᠯ ᠮᠠᠯᠴᠢᠨ ᠬᠦᠮᠦᠨ ᠤ ᠠᠮᠢ ᠨᠠᠰᠤ ᠮᠦᠨ︾ ᠭᠡᠳᠡᠭ ᠦᠵᠡᠯᠳᠡ ᠳᠠᠨᠢᠯᠳᠠ ᠶᠢ ᠪᠠᠷᠢᠮᠳᠠᠯᠠᠨ᠂ ᠨᠤᠳᠤᠭ ᠤᠰᠤ ᠪᠠᠨ ᠬᠠᠮᠠᠭᠠᠯᠠᠨ ᠨᠤᠭᠤᠭᠠᠷᠠᠭᠤᠯᠵᠦ ᠬᠦᠮᠦᠨ ᠪᠠᠶᠢᠭᠠᠯᠢ ᠶᠢᠨ ᠳᠡᠩᠴᠡᠭᠦᠷᠢᠰᠢᠯ ᠢ ᠪᠠᠳᠤᠯᠠᠬᠤ ᠵᠢᠮ ᠎ᠡ ᠶᠤᠰᠤ ᠶᠢ ᠬᠦᠨᠳᠦᠳᠭᠡᠵᠦ᠂ ᠪᠤᠰᠤᠳ ᠠᠴᠠ 2000 ᠮᠥ ᠭᠠᠵᠠᠷ ᠳᠦᠷᠢᠶᠡᠰᠦᠯᠡᠨ᠂ ᠪᠡᠯᠴᠢᠭᠡᠷ ᠢᠶᠠᠨ ᠳᠡᠮᠡᠭᠡᠨ ᠳᠤ ᠳᠤᠬᠢᠷᠠᠭᠰᠠᠨ ᠭᠤᠪᠢᠷᠠᠬᠤ ᠨᠤᠳᠤᠭ᠂ ᠮᠠᠯ ᠤᠨ ᠤᠰᠤ ᠤᠮᠳᠠ ᠳᠤ ᠬᠠᠨᠭ᠍ᠭᠠᠯᠳᠠ ᠲᠠᠢ ᠪᠦᠷᠢᠳᠤ ᠳᠤᠭᠤᠷᠢᠮ᠂ ᠪᠤᠭ ᠮᠠᠯ ᠪᠡᠯᠴᠢᠭᠡᠷᠯᠡᠬᠦᠯᠬᠦ ᠨᠠᠷᠢᠨ ᠰᠢᠷᠬᠢᠭᠳᠤ ᠡᠪᠡᠰᠤᠳᠤ ᠭᠠᠵᠠᠷ ᠵᠡᠷᠭᠡ ᠭᠤᠷᠪᠠᠨ ᠬᠡᠰᠡᠭ ᠬᠤᠪᠢᠶᠠᠨ ᠰᠢᠨᠵᠢᠯᠡᠬᠦ ᠤᠬᠠᠭᠠᠨᠴᠢ ᠪᠠᠷ ᠮᠠᠯ ᠮᠠᠯᠵᠢᠭᠰᠠᠨ ᠠᠴᠠ ᠵᠢᠯ ᠤᠨ ᠤᠷᠤᠯᠭ᠎ᠠ ᠨᠢ 60 ᠳᠦᠮᠡᠨ ᠳᠦᠬᠦᠷᠢᠭ ᠢ ᠳᠠᠪᠠᠵᠦ᠂ ᠨᠤᠳᠤᠭ ᠤᠰᠤᠨ ᠳᠤ ᠪᠠᠨ ᠠᠯᠳᠠᠷ ᠲᠠᠢ ᠬᠦᠳᠡᠯᠮᠦᠷᠢ ᠶᠢᠨ ᠵᠢᠱᠢᠶᠡᠴᠢ ᠪᠤᠯᠤᠨ ᠭᠢᠯᠠᠷᠠᠭᠤᠯᠵᠦ ᠶᠠᠪᠤᠨ᠎ᠡ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号