ᠪᠦᠷᠢᠨᠳᠡᠯᠭᠡᠷ ᠳᠦᠯ ᠤᠨ ᠮᠠᠶᠢᠯᠠᠭᠠᠨ ᠲᠠᠢ ᠳᠡᠨᠢᠭᠦᠨ ᠠᠮᠢᠳᠤᠷᠠᠯ ᠢ ᠡᠳ᠋ᠯᠡᠨ᠎ᠡ
ᠨᠡᠶᠢᠲᠡᠯᠡᠭᠰᠡᠨ ᠴᠠᠭ᠄
2021/7/14
   ᠬᠠᠩᠭᠠᠢ ᠰᠡᠷᠭᠦᠭᠰᠡᠨ ᠬᠠᠪᠤᠷ ᠤᠨ ᠭᠤᠷᠪᠠᠨ ᠰᠠᠷ᠎ᠠ ᠶᠢᠨ ᠳᠤᠮᠳᠠᠴᠢ ᠪᠠᠷ᠂ ᠬᠤᠷᠴᠢᠨ ᠪᠠᠷᠠᠭᠤᠨ ᠭᠠᠷᠤᠨ ᠡᠮᠦᠨᠡᠳᠤ ᠬᠤᠰᠢᠭᠤᠨ ᠤ ᠤᠯᠠᠭᠠᠨᠮᠤᠳᠤ ᠶᠢᠨ ᠳᠠᠯ᠎ᠠ ᠨᠤᠳᠤᠭ ᠢᠶᠠᠷ ᠠᠶᠠᠯᠠᠬᠤ ᠳᠤ ᠠᠭᠤᠯᠠ ᠳᠠᠯ᠎ᠠ ᠶᠢ ᠳᠠᠭᠠᠭᠰᠠᠨ ᠴᠠᠰᠤ ᠮᠦᠰᠦ ᠤᠶᠠᠷᠠᠨ ᠬᠠᠶᠢᠯᠵᠤ᠂ ᠭᠤᠤᠯ ᠤᠨ ᠬᠦᠨᠳᠡᠢ ᠪᠠᠷ ᠰᠤᠶᠤᠭᠠᠯᠠᠵᠤ ᠬᠦᠯᠦᠭᠡᠯᠡᠭᠰᠡᠨ ᠪᠤᠳᠠ ᠪᠤᠷᠭᠠᠰᠤ ᠵᠢᠷᠢᠯᠵᠡᠨ ᠦᠩᠭᠡᠷᠡᠵᠤ᠂ ᠮᠠᠯᠴᠢᠳ ᠤᠨ ᠬᠤᠳᠠ ᠬᠦᠷᠢᠶ᠎ᠡ ᠪᠠᠷ ᠬᠤᠷᠠᠭ᠎ᠠ ᠳᠤᠭᠤᠯ ᠤᠨ ᠮᠠᠶᠢᠯᠠᠯᠳᠤᠬᠤ ᠳᠠᠭᠤᠨ ᠰᠤᠨᠤᠷ ᠢ ᠪᠠᠶᠠᠰᠬᠠᠨ ᠭᠠᠵᠠᠷ ᠪᠤᠯᠭᠠᠨ ᠳᠤ ᠠᠮᠢᠵᠢᠷᠠᠯ ᠡᠰᠡᠨᠢᠯ ᠤᠨ ᠠᠭᠤᠷ ᠠᠮᠢᠰᠬᠤᠯ ᠪᠢᠯᠬᠠᠨ᠎ᠠ᠃     ᠡᠮᠦᠨᠡᠳᠤ ᠬᠤᠰᠢᠭᠤᠨ ᠤ ᠮᠠᠨᠵᠤᠲ᠋ᠦ᠋ᠨ ᠤ ᠮᠠᠨᠵᠤ ᠦᠨᠳᠦᠰᠦᠳᠡᠨ ᠤ ᠰᠢᠶᠠᠩ ᠤᠨ ᠮᠠᠨᠵᠦᠲ᠋ᠦ᠋ᠨ ᠭᠠᠴᠠᠭᠠᠨ ᠤ ᠮᠠᠯᠴᠢᠨ ᠪᠦᠷᠢᠨᠳᠡᠯᠭᠡᠷ ᠤᠨ ᠬᠢᠨ ᠳᠤ ᠬᠦᠷᠬᠦ ᠳᠤ᠂ ᠪᠦᠷᠢᠨᠳᠡᠯᠭᠡᠷ ᠪᠦᠰᠡᠭᠦᠢ ᠪᠤᠨᠳᠤᠷᠭ᠎ᠠ ᠲᠠᠢ ᠪᠠᠨ ᠬᠤᠶᠠᠭᠤᠯᠠ ᠬᠠᠰᠢᠶᠠᠨ ᠳᠤ ᠪᠠᠨ ᠬᠤᠴᠤᠷᠠᠭᠤᠯᠤᠭᠰᠠᠨ ᠬᠤᠷᠠᠭ᠎ᠠ ᠲᠠᠢ ᠬᠤᠨᠢᠳ ᠲᠤ ᠪᠠᠨ ᠡᠪᠡᠰᠤ ᠪᠤᠷᠳᠤᠭ᠎ᠠ ᠦᠭᠴᠤ᠂ ᠡᠬᠡ ᠠᠴᠠ ᠪᠠᠨ ᠬᠤᠯᠠᠳᠤᠭᠰᠠᠨ ᠢᠰᠢᠭᠡ ᠬᠤᠷᠠᠭ᠎ᠠ ᠶᠢ ᠡᠬᠡ ᠲᠠᠢ ᠨᠢ ᠤᠴᠠᠷᠠᠭᠤᠯᠤᠨ ᠪᠤᠷᠪᠢ ᠪᠤᠬᠢᠰᠭᠢᠯ ᠦᠭᠡᠢ ᠶᠠᠭᠠᠷᠠᠯᠳᠤᠨ᠎ᠠ᠃     ᠪᠦᠷᠢᠨᠳᠡᠯᠭᠡᠷ ᠪᠤᠯ ᠬᠠᠰᠢᠷ ᠳᠤᠷᠰᠢᠯᠭ᠎ᠠ ᠲᠠᠢ ᠮᠠᠯᠴᠢᠨ ᠶᠤᠮ᠃ ᠡᠳᠡᠨ ᠤ ᠬᠢᠨ ᠡᠷᠳᠡ ᠶᠢᠨ ᠳᠦᠯ ᠳᠤᠰᠤᠭᠠᠳ ᠤᠯᠠᠨ ᠵᠢᠯ ᠤᠨ ᠨᠢᠭᠤᠷ ᠦᠵᠡᠵᠡᠢ᠃ ᠡᠨᠡ ᠵᠢᠯ ᠮᠦᠨ ᠴᠤ 1 ᠰᠠᠷ᠎ᠠ ᠶᠢᠨ ᠡᠭᠢᠨ ᠠᠴᠠ ᠡᠬᠢᠯᠡᠵᠤ ᠳᠦᠯ ᠳᠤᠰᠴᠤ᠂ ᠬᠠᠬᠢᠷ ᠡᠪᠤᠯ ᠢ ᠬᠠᠩᠬᠢᠨᠠᠬᠤ ᠳᠦᠯ ᠤᠨ ᠳᠠᠭᠤᠨ ᠲᠠᠢ ᠬᠠᠮᠳᠤ ᠦᠩᠭᠡᠷᠡᠭᠦᠯᠦᠯ᠎ᠡ᠃ ᠪᠦᠷᠢᠨᠳᠡᠯᠭᠡᠷ ᠤᠨ ᠳᠠᠨᠢᠯᠴᠠᠭᠤᠯᠤᠭᠰᠠᠨ ᠢᠶᠠᠷ᠂ ᠡᠪᠤᠯ ᠤᠨ ᠳᠦᠯ ᠡᠷᠳᠡ ᠪᠤᠶᠢᠵᠢᠵᠤ᠂ ᠵᠤᠨ ᠠᠴᠠ ᠡᠬᠢᠯᠡᠨ ᠵᠠᠬ᠎ᠠ ᠳᠡᠯᠭᠡᠭᠦᠷ ᠲᠤ ᠭᠠᠷᠴᠤ ᠠᠰᠢᠭ ᠤᠷᠤᠯᠭ᠎ᠠ ᠨᠢ ᠦᠨᠳᠦᠷ᠂ ᠡᠬᠡ ᠮᠠᠯ ᠤᠨ ᠳᠠᠷᠭᠤ ᠬᠦᠴᠦ ᠶᠢ ᠭᠠᠮᠨᠠᠵᠤ ᠪᠡᠯᠴᠢᠭᠡᠷ ᠰᠡᠷᠭᠦᠭᠡᠬᠦ ᠳᠤ ᠴᠤ ᠠᠰᠢᠭᠳᠠᠢ᠃ ᠭᠡᠪᠡᠴᠤ ᠡᠷᠳᠡ ᠶᠢᠨ ᠳᠦᠯ ᠳᠤᠰᠬᠤ ᠳᠤ ᠡᠬᠡ ᠮᠠᠯ ᠤᠨ ᠡᠪᠡᠰᠤ ᠪᠤᠷᠳᠤᠭ᠎ᠠ ᠶᠢ ᠭᠦᠢᠴᠡᠳ ᠨᠦᠭᠡᠴᠡᠯᠡᠨ ᠨᠢᠯᠬ᠎ᠠ ᠳᠦᠯ ᠤᠨ ᠳᠠᠭᠠᠷᠠᠵᠤ ᠪᠡᠭᠡᠷᠡᠬᠦ ᠶᠢ ᠰᠠᠶᠢᠳᠤᠷ ᠰᠡᠷᠭᠡᠶᠢᠯᠡᠬᠦ ᠴᠢᠬᠤᠯᠠ ᠲᠠᠢ᠃     ᠡᠨᠡ ᠬᠦ ᠠᠰᠠᠭᠤᠳᠠᠯ ᠢ ᠰᠢᠢᠳᠪᠦᠷᠢᠯᠡᠬᠦ ᠶᠢᠨ ᠳᠦᠯᠦᠭᠡ᠂ ᠪᠦᠷᠢᠨᠳᠡᠯᠭᠡᠷ ᠤᠨ ᠬᠢᠨ ᠰᠠᠭᠤᠷᠢ ᠲᠦᠭᠦᠭᠡᠷᠦᠮᠵᠢ ᠶᠢᠨ ᠪᠡᠯᠡ ᠤᠷᠤᠭᠤᠯᠤᠯᠳᠠ ᠪᠠᠨ ᠨᠡᠮᠡᠭᠳᠡᠭᠦᠯᠵᠤ᠂ ᠨᠢᠳᠤᠨᠤᠨ 150 ᠳᠤᠨ ᠡᠪᠡᠰᠤ᠂ 75 ᠳᠤᠨ ᠨᠤᠭᠤᠭᠠᠨ ᠳᠠᠷᠤᠰᠢ᠂ 5 ᠳᠤᠨ ᠪᠤᠷᠳᠤᠭ᠎ᠠ ᠨᠦᠭᠡᠴᠡᠯᠡᠵᠤ᠂ 900 ᠳᠡᠭᠰᠢ ᠳᠦᠷᠪᠡᠯᠵᠢᠨ ᠮᠧᠳ᠋ᠷ ᠳᠠᠯᠠᠪᠠᠢ ᠲᠠᠢ ᠳᠤᠯᠠᠭᠠᠨ ᠫᠧᠩ ᠪᠠᠶᠢᠭᠤᠯᠵᠤ᠂ ᠬᠤᠨᠢ ᠮᠠᠯ ᠢᠶᠠᠨ ᠡᠷᠳᠡᠯᠡᠵᠤ ᠤᠷᠦ᠋ᠢᠯᠠᠨ ᠰᠠᠶᠢᠳᠤᠷ ᠠᠷᠠᠴᠢᠯᠠᠭᠰᠠᠨ ᠠᠴᠠ ᠤᠳᠤ ᠨᠢᠭᠡᠨᠳᠡ 300 ᠭᠠᠷᠤᠢ ᠳᠦᠯ ᠳᠤᠰᠴᠤ᠂ ᠨᠢᠭᠡ ᠭᠠᠷᠠᠭ ᠤᠨ ᠳᠤᠳᠤᠷ᠎ᠠ ᠪᠠᠰᠠ 100 ᠭᠠᠷᠤᠢ ᠳᠦᠯ ᠳᠤᠰᠤᠨ᠎ᠠ᠃ ᠡᠭᠦᠨ ᠠᠴᠠ ᠭᠠᠳᠠᠨ᠎ᠠ᠂ ᠪᠦᠷᠢᠨᠳᠡᠯᠭᠡᠷ ᠤᠨ ᠬᠢᠨ ᠪᠠᠰᠠ 50 ᠭᠠᠷᠤᠢ ᠰᠢᠮᠧᠨ᠋ᠳᠠᠷ ᠦᠬᠡᠷ ᠳᠡᠵᠢᠭᠡᠵᠤ᠂ ᠵᠢᠯ ᠤᠨ ᠤᠷᠤᠯᠭ᠎ᠠ ᠨᠢ 70 ᠳᠦᠮᠡᠨ ᠲᠦᠭᠦᠷᠢᠭ ᠲᠤ ᠬᠦᠷᠴᠤ ᠦᠶᠦᠭ ᠳᠠᠪᠠᠳᠠᠢ ᠠᠮᠢᠳᠤᠷᠠᠯ ᠢ ᠡᠳ᠋ᠯᠡᠵᠤ ᠪᠠᠶᠢᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号