ᠬᠤᠩ ᠹᠧᠩ ᠲᠤᠰᠬᠤᠨ ᠬᠠᠮᠳᠥ ᠨᠡᠶᠢᠳᠡ ᠶᠢᠨ ᠠᠵᠤ ᠠᠬᠤᠢ ᠶᠢ ᠬᠦᠭᠵᠢᠬᠦᠯᠥᠨ ᠠᠷᠠᠳ ᠤᠨ ᠠᠮᠢᠳᠤᠷᠠᠯ ᠤᠨ ᠬᠢᠷᠢ ᠲᠦᠪᠰᠢᠨ ᠢ ᠳᠡᠭᠡᠭᠰᠢᠯᠡᠬᠦᠯᠵᠤ ᠪᠤᠢ
ᠨᠡᠶᠢᠲᠡᠯᠡᠭᠰᠡᠨ ᠴᠠᠭ᠄
2021/7/14
   ᠲᠤᠰ ᠰᠤᠨᠢᠨ ᠤ ᠮᠡᠳᠡᠭᠡ ︵ᠰᠤᠷᠪᠤᠯᠵᠢᠯᠠᠭᠴᠢ ᠳᠤᠳᠢ︶ ᠤᠢᠢᠷ᠎ᠠ ᠶᠢᠨ ᠵᠢᠯ ᠠᠴᠠ ᠨᠠᠭᠠᠰᠢ᠂ ᠬᠤᠷᠴᠢᠨ ᠪᠠᠷᠠᠭᠤᠨ ᠭᠠᠷᠥᠨ ᠡᠮᠥᠨᠡᠳᠥ ᠬᠤᠰᠢᠭᠤᠨ ᠤ ᠵᠢᠷᠥᠭᠡᠨ ᠪᠠᠯᠭᠠᠰᠥᠨ ᠤ ᠬᠤᠩ ᠹᠧᠩ ᠲᠤᠰᠬᠤᠨ ᠬᠠᠮᠳᠥ ᠨᠡᠶᠢᠳᠡ ᠶᠢᠨ ᠠᠵᠤ ᠠᠬᠤᠢ ᠶᠢ ᠬᠦᠭᠵᠢᠬᠦᠯᠬᠦ ᠶᠢ ᠬᠦᠳᠡᠭᠡ ᠲᠤᠰᠬᠤᠨ ᠢ ᠬᠦᠭᠵᠢᠬᠦᠯᠥᠨ ᠮᠠᠨᠳᠤᠭᠤᠯᠬᠤ ᠪᠠᠶᠢᠯᠳᠤᠬᠤ ᠪᠤᠳᠤᠯᠭ᠎ᠠ ᠶᠢ ᠬᠡᠷᠡᠭᠵᠢᠬᠦᠯᠬᠦ ᠭᠤᠤᠯ ᠠᠷᠭ᠎ᠠ ᠠᠪᠴᠠᠯ ᠪᠤᠯᠭᠠᠵᠤ᠂ ᠡᠬᠦᠨ ᠢᠶᠠᠷ ᠳᠠᠮᠵᠢᠨ ᠠᠷᠠᠳ ᠤᠨ ᠤᠷᠤᠯᠭ᠎ᠠ ᠶᠢ ᠨᠡᠮᠡᠭᠳᠡᠬᠦᠯᠥᠨ ᠠᠷᠠᠳ ᠤᠨ ᠠᠮᠢᠳᠤᠷᠠᠯ ᠤᠨ ᠬᠢᠷᠢ ᠲᠦᠪᠰᠢᠨ ᠢ ᠳᠡᠭᠡᠭᠰᠢᠯᠡᠬᠦᠯᠵᠤ ᠪᠤᠢ᠃    ᠨᠢᠳᠥᠨᠥᠨ ᠵᠢᠯ ᠳᠤ᠂ ᠬᠤᠩ ᠹᠧᠩ ᠲᠤᠰᠬᠤᠨ ᠬᠠᠮᠳᠥ ᠨᠡᠶᠢᠳᠡ ᠶᠢᠨ ᠠᠵᠤ ᠠᠬᠤᠢ ᠶᠢ ᠬᠦᠭᠵᠢᠬᠦᠯᠬᠦ ᠪᠠᠷ᠂ 156 ᠮᠥ ᠭᠠᠵᠠᠷ ᠰᠢᠷᠥᠢ ᠶᠢᠨ ᠡᠵᠡᠩᠨᠡᠯᠳᠡ ᠶᠢᠨ ᠡᠷᠭᠡ ᠶᠢ ᠰᠢᠯᠵᠢᠬᠦᠯᠥᠨ᠂ 146 ᠮᠥ ᠰᠢᠬᠢᠷ ᠯᠤᠤᠪᠠᠩ ᠪᠤᠯᠤᠨ 10 ᠮᠥ ᠦᠷᠭᠡᠰᠥᠳᠥ ᠭᠡᠮᠭᠡ᠂ ᠵᠢᠵᠢᠭ ᠴᠠᠭᠠᠨ ᠨᠤᠭᠤᠭ᠎ᠠ ᠳᠠᠷᠢᠵᠠᠢ᠃ ᠮᠡᠷᠭᠡᠵᠢᠯ ᠤᠨ ᠳᠤᠷᠰᠢᠯᠭ᠎ᠠ ᠳᠤᠳᠠᠮᠠᠭ᠂ ᠪᠠᠶᠢᠭᠠᠯᠢ ᠶᠢᠨ ᠨᠦᠬᠦᠴᠡᠯ ᠵᠡᠷᠭᠡ ᠰᠢᠯᠳᠠᠭᠠᠨ ᠠᠴᠠ ᠪᠤᠯᠵᠤ ᠰᠢᠬᠢᠷ ᠯᠤᠤᠪᠠᠩ ᠠᠴᠠ ᠳᠡᠮᠡᠢ ᠬᠤᠷᠢᠶᠠᠯᠳᠠ ᠤᠯᠤᠭᠰᠠᠨ ᠦᠬᠡᠢ᠂ ᠦᠷᠭᠡᠰᠥᠳᠥ ᠭᠡᠮᠭᠡ ᠪᠤᠯᠤᠨ ᠵᠢᠵᠢᠭ ᠴᠠᠭᠠᠨ ᠨᠤᠭᠤᠭ᠎ᠠ ᠠᠴᠠ 3 ᠲᠦᠮᠡ ᠭᠠᠷᠤᠢ ᠲᠦᠬᠦᠷᠢᠭ ᠤᠨ ᠤᠷᠤᠯᠭ᠎ᠠ ᠤᠯᠤᠭᠰᠠᠨ ᠪᠠᠶᠢᠨ᠎ᠠ᠃    ᠬᠤᠩ ᠹᠧᠩ ᠲᠤᠰᠬᠤᠨ ᠤ ᠨᠠᠮ ᠤᠨ ᠡᠬᠦᠷ ᠵᠢᠴᠢ ᠲᠤᠰᠬᠤᠨ ᠤ ᠠᠷᠠᠳ ᠰᠢᠬᠢᠷ ᠯᠤᠤᠪᠠᠩ ᠳᠠᠷᠢᠭᠰᠠᠨ ᠦᠯᠢᠭᠡᠷ ᠢᠶᠠᠷ ᠰᠤᠷᠭᠠᠮᠵᠢ ᠠᠪᠴᠥ᠂ ᠡ᠊ᠨᠡ ᠵᠢᠯ 2 ᠲᠦᠮᠡ ᠭᠠᠷᠤᠢ ᠲᠦᠬᠦᠷᠢᠭ ᠪᠡᠯᠡ ᠤᠷᠤᠭᠤᠯᠥᠨ 156 ᠮᠥ ᠭᠠᠵᠠᠷ ᠲᠤ ᠪᠠᠨ ᠰᠢᠰᠢ ᠪᠤᠯᠤᠨ ᠲᠦᠮᠥᠰᠥ ᠳᠠᠷᠢᠵᠠᠢ᠃ ︽ᠮᠠᠨ ᠤ ᠲᠤᠰᠬᠤᠨ ᠤ ᠳᠠᠷᠢᠶᠠᠨ ᠭᠠᠵᠠᠷ ᠴᠦᠭᠡᠨ᠂ ᠪᠠᠶᠢᠭᠠᠯᠢ ᠶᠢᠨ ᠨᠦᠬᠦᠴᠡᠯ ᠴᠥ ᠰᠠᠶᠢᠨ ᠪᠢᠰᠢ᠃ ᠳᠡᠶᠢᠮᠥ ᠠᠴᠠ ᠪᠢᠳᠡ ᠵᠠᠪᠠᠯ ᠨᠠᠷᠢᠯᠢᠭ ᠳᠠᠷᠢᠵᠤ ᠨᠢᠮᠪᠠᠢ ᠠᠷᠠᠴᠢᠯᠠᠬᠤ ᠴᠢᠬᠤᠯᠠ ᠲᠠᠢ᠂ ᠡᠰᠡ ᠳᠡᠭᠡᠪᠡᠯ ᠬᠤᠷᠢᠶᠠᠯᠳᠠ ᠤᠯᠬᠤ ᠳᠤ ᠬᠦᠴᠢᠷᠳᠡᠨ᠎ᠡ︾ ᠭᠡᠵᠤ ᠬᠤᠩ ᠹᠧᠩ ᠲᠤᠰᠬᠤᠨ ᠤ ᠨᠠᠮ ᠤᠨ ᠡᠬᠦᠷ ᠤᠨ ᠱᠦᠵᠢ ᠯᠥ ᠰᠢᠶᠥᠥ ᠬᠤᠢ ᠰᠤᠷᠪᠤᠯᠵᠢᠯᠠᠭᠴᠢ ᠳᠤ ᠪᠠᠶᠢᠳᠠᠯ ᠲᠠᠨᠢᠯᠴᠠᠭᠤᠯᠥᠨ᠎ᠠ᠃ ᠶᠠᠳᠠᠭᠤ ᠠᠴᠠ ᠠᠩᠬᠢᠵᠢᠷᠠᠭᠤᠯᠬᠤ ᠪᠤᠭᠤᠮᠳᠠ ᠰᠢᠪᠳᠤᠯᠬᠤ ᠳᠠᠶᠢᠯᠠᠯᠳᠤᠭᠠᠨ ᠤ ᠦᠷ᠎ᠡ ᠪᠦᠳᠥᠮᠵᠢ ᠶᠢ ᠪᠠᠳᠤᠳᠬᠠᠨ ᠬᠦᠳᠡᠭᠡ ᠲᠤᠰᠬᠤᠨ ᠢ ᠬᠦᠭᠵᠢᠬᠦᠯᠥᠨ ᠮᠠᠨᠳᠤᠭᠤᠯᠬᠤ ᠵᠠᠮ ᠢᠶᠠᠷ ᠵᠠᠮᠨᠠᠭᠤᠯᠬᠤ ᠶᠢᠨ ᠲᠦᠯᠥᠭᠡ᠂ ᠬᠤᠩ ᠹᠧᠩ ᠲᠤᠰᠬᠤᠨ ᠤ ᠨᠠᠮ ᠤᠨ ᠡᠬᠦᠷ ᠬᠠᠮᠳᠥ ᠨᠡᠶᠢᠳᠡ ᠶᠢᠨ ᠠᠵᠤ ᠠᠬᠤᠢ ᠶᠢ ᠬᠦᠭᠵᠢᠬᠦᠯᠬᠦ ᠳᠡᠭᠡᠷ᠎ᠡ ᠬᠦᠴᠥ ᠳᠠᠯᠪᠢᠨ ᠠᠵᠢᠯᠯᠠᠵᠠᠢ᠃ ᠰᠢᠨ᠎ᠡ ᠶᠢ ᠡᠬᠦᠳᠬᠦ ᠵᠠᠭᠪᠤᠷ ᠢ ᠰᠦᠪᠡᠭᠴᠢᠯᠡᠬᠦ ᠪᠠᠷ᠂ ᠤᠯᠠᠨ ᠲᠦᠷᠥᠯ ᠢ ᠬᠠᠮᠳᠥ ᠳᠤ ᠨᠢ ᠡᠵᠡᠩᠨᠡᠵᠤ᠂ ᠤᠬᠤᠷ ᠬᠤᠭᠤᠴᠠᠭᠠᠨ ᠳᠤ ᠦᠷ᠎ᠠ ᠠᠰᠢᠭ ᠭᠠᠷᠭᠠᠬᠤ ᠶᠢ ᠪᠠᠷᠢᠮᠳᠠᠯᠠᠵᠠᠢ᠃ ᠨᠢᠭᠡ ᠳᠠᠯ᠎ᠠ ᠪᠠᠷ ᠴᠦᠭᠡᠨ ᠭᠠᠵᠠᠷ ᠲᠤ ᠪᠠᠨ ᠰᠢᠰᠢ ᠪᠤᠯᠤᠨ ᠲᠦᠮᠥᠰᠥ ᠳᠠᠷᠢᠬᠤ ᠶᠢᠨ ᠬᠠᠮᠳᠥ᠂ 1000 ᠰᠢᠯᠢᠳᠡᠭ ᠡᠬᠦᠯᠳᠡᠷ ᠤᠨ ᠲᠦᠯᠯᠡᠬᠦ ᠬᠤᠨᠢ ᠠᠪᠴᠥ ᠳᠡᠵᠢᠭᠡᠬᠦ ᠪᠠᠷ ᠲᠦᠯᠥᠪᠯᠡᠵᠤ ᠪᠤᠢ᠃ ᠡᠬᠦᠨ ᠤ ᠬᠠᠮᠳᠥ ᠬᠤᠰᠢᠭᠤᠨ ᠤ ᠡᠮᠡᠭᠳᠡᠶᠢᠴᠤᠳ ᠤᠨ ᠬᠤᠯᠪᠤᠭ᠎ᠠ ᠠᠴᠠ ᠡ᠊ᠨᠡ ᠵᠢᠯ ᠤᠨ 4 ᠰᠠᠷ᠎ᠠ ᠳᠤ ᠬᠤᠩ ᠹᠧᠩ ᠲᠤᠰᠬᠤᠨ ᠳᠤ 300 ᠰᠠᠭᠤᠷᠢ ᠠᠯᠮᠥᠷᠠᠳ ᠤᠨ ᠮᠤᠳᠥ ᠬᠦᠷᠭᠡᠵᠤ᠂ ᠬᠠᠮᠳᠥ ᠶᠢᠨ ᠠᠵᠤ ᠠᠬᠤᠢ ᠶᠢ ᠬᠦᠭᠵᠢᠬᠦᠯᠬᠦ ᠳᠤ ᠨᠢ ᠰᠢᠨ᠎ᠡ ᠠᠮᠢᠯᠠᠯ ᠤᠨ ᠬᠦᠴᠥᠨ ᠬᠦᠷᠭᠡᠭᠰᠡᠨ ᠪᠠᠶᠢᠨ᠎ᠠ᠃     ᠲᠤᠰ ᠲᠤᠰᠬᠤᠨ ᠳᠤ ᠪᠠᠰᠠ ᠳᠠᠬᠢᠶ᠎ᠠ ᠳᠡᠵᠢᠭᠡᠵᠤ ᠪᠠᠶᠢᠭ᠎ᠠ ᠡᠷᠥᠭᠡ ᠤᠯᠠᠨ ᠪᠠᠶᠢᠨ᠎ᠠ᠂ ᠡ᠊ᠨᠡ ᠳᠠᠪᠠᠭᠤᠯᠢᠭ ᠲᠤ ᠪᠠᠨ ᠲᠦᠰᠢᠭᠯᠡᠨ᠂ ᠲᠤᠰᠬᠤᠨ ᠤ ᠬᠠᠮᠳᠥ ᠨᠡᠶᠢᠳᠡ ᠶᠢᠨ ᠠᠵᠤ ᠠᠬᠤᠢ ᠶᠢ ᠬᠦᠭᠵᠢᠬᠦᠯᠬᠦ ᠬᠠᠷᠠᠯᠳᠠ ᠳᠤ ᠪᠠᠨ ᠳᠠᠬᠢᠶ᠎ᠠ ᠳᠡᠵᠢᠭᠡᠬᠦ ᠥᠢᠯᠡᠰ ᠢ ᠤᠷᠤᠭᠤᠯᠵᠤ᠂ ᠬᠡᠳᠥᠨ ᠲᠤᠮᠤ ᠳᠠᠬᠢᠶ᠎ᠠ ᠳᠡᠵᠢᠭᠡᠬᠦ ᠡᠷᠥᠭᠡ ᠳᠠᠶᠢᠴᠢᠯᠠᠨ ᠵᠢᠱᠢᠶᠡᠴᠢ ᠥᠢᠯᠡᠳᠥᠯ ᠦᠵᠡᠬᠦᠯᠥᠨ᠂ ᠭᠠᠴᠠᠭᠠᠨ ᠤ ᠠᠷᠠᠳ ᠬᠠᠮᠳᠥ ᠪᠠᠷ ᠳᠠᠬᠢᠶ᠎ᠠ ᠳᠡᠵᠢᠭᠡᠵᠤ ᠬᠠᠮᠳᠥ ᠨᠡᠶᠢᠳᠡ ᠶᠢᠨ ᠠᠵᠤ ᠠᠬᠤᠢ ᠶᠢᠨ ᠤᠷᠤᠯᠭ᠎ᠠ ᠪᠠᠨ ᠨᠡᠮᠡᠭᠳᠡᠬᠦᠯᠬᠦ ᠪᠠᠷ ᠴᠢᠷᠮᠠᠶᠢᠨ ᠠᠵᠢᠯᠯᠠᠵᠤ ᠪᠤᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号