ᠪᠤᠷᠳᠤᠭ᠎ᠠ ᠳᠠᠷᠢᠬᠤ ᠠᠷᠭ᠎ᠠ ᠨᠢ ᠦᠨᠳᠥᠰᠥᠨ ᠳᠤ ᠪᠠᠨ ᠳᠡᠵᠢᠭᠡᠯ ᠡᠪᠡᠰᠥᠨ ᠤ ᠳᠠᠷᠢᠬᠤ ᠠᠷᠭ᠎ᠠ ᠲᠠᠢ ᠠᠳᠠᠯᠢ᠂ | ᠤᠯᠠᠩᠬᠢ ᠳᠤ ᠪᠠᠨ ᠵᠤᠷᠬᠠᠯᠠᠨ ᠳᠠᠷᠢᠬᠤ᠂ ᠴᠤᠨᠤᠭᠯᠠᠨ ᠳᠠᠷᠢᠬᠤ ᠠᠷᠭ᠎ᠠ ᠶᠢ ᠬᠡᠷᠡᠭᠯᠡᠳᠡᠭ᠃ | 1. ᠵᠤᠷᠬᠠᠯᠠᠨ ᠳᠠᠷᠢᠬᠤ᠃ ᠲᠤᠰ ᠠᠷᠭ᠎ᠠ ᠨᠢ ᠳᠡᠵᠢᠭᠡᠯ ᠡᠪᠡᠰᠥ ᠳᠠᠷᠢᠬᠤ ᠳᠤ ᠨᠡᠶᠢᠳᠡᠮ ᠬᠡᠷᠡᠭᠯᠡᠵᠤ ᠪᠠᠶᠢᠭ᠎ᠠ | ᠲᠦᠬᠦᠮ ᠬᠢᠯᠪᠠᠷ ᠠᠷᠭ᠎ᠠ ᠪᠤᠯᠬᠤ ᠶᠤᠮ᠃ ᠳᠡᠬᠦᠨ ᠤ ᠵᠤᠷᠬ᠎ᠠ ᠶᠢᠨ ᠵᠠᠢ ᠶᠢᠨ ᠵᠦᠷᠢᠶ᠎ᠡ ᠠᠴᠠ ᠪᠤᠯᠵᠤ ᠪᠠᠰᠠ ᠬᠡᠳᠥᠨ | ᠵᠥᠢᠯ ᠬᠤᠪᠢᠶᠠᠳᠠᠭ᠃ | ︵1︶ ᠦᠷᠭᠡᠨ ᠵᠤᠷᠬ᠎ᠠ ᠪᠠᠷ ᠳᠠᠷᠢᠬᠤ᠃ ᠲᠤᠰ ᠠᠷᠭ᠎ᠠ ᠨᠢ ᠰᠢᠮ᠎ᠡ ᠳᠡᠵᠢᠭᠡᠯ ᠤᠨ ᠲᠠᠯᠠᠪᠠᠢ ᠶᠢᠨ ᠱᠠᠭᠠᠷᠳᠠᠯᠭ᠎ᠠ | ᠦᠨᠳᠥᠷ᠂ ᠨᠢᠯᠬ᠎ᠠ ᠴᠢᠬᠢ ᠨᠢ ᠬᠢᠯᠪᠠᠷ ᠬᠤᠭ ᠡᠪᠡᠰᠥᠨ ᠳᠤ ᠳᠠᠷᠤᠯᠠᠭᠳᠠᠬᠤ ᠠᠮᠥ ᠳᠠᠷᠢᠮᠠᠯ ᠤᠨ ᠵᠥᠢᠯ᠂ | ᠵᠢᠱᠢᠶᠡᠯᠡᠪᠡᠯ ᠡᠷᠳᠡᠨᠢ ᠰᠢᠰᠢ᠂ ᠰᠢᠰᠢ᠂ ᠰᠢᠬᠢᠷ ᠤᠨ ᠮᠠᠨᠵᠢᠨ ᠵᠡᠷᠭᠡ ᠳᠤ ᠳᠤᠬᠢᠷᠠᠨ᠎ᠠ᠃ ᠵᠤᠷᠬ᠎ᠠ ᠶᠢᠨ ᠵᠠᠢ ᠶᠢ | ᠶᠡᠷᠥ ᠳᠤ ᠪᠠᠨ 30 — 40 ᠰᠡᠨᠲ᠋ᠢᠮᠧᠲᠷ ᠪᠠᠶᠢᠯᠭᠠᠵᠤ᠂ ᠤᠯᠠᠩᠬᠢ ᠳᠤ ᠪᠠᠨ 50 — 60 ᠰᠡᠨᠲ᠋ᠢᠮᠧᠲᠷ ᠢᠶᠠᠷ | ᠳᠠᠷᠢᠳᠠᠭ᠃ | ︵2︶ ᠨᠠᠷᠢᠨ ᠵᠤᠷᠬ᠎ᠠ ᠪᠠᠷ ᠳᠠᠷᠢᠬᠤ᠃ ᠲᠤᠰ ᠠᠷᠭ᠎ᠠ ᠨᠢ ᠪᠤᠭᠤᠳᠠᠢ ᠶᠢᠨ ᠲᠦᠷᠥᠯ ᠤᠨ ᠳᠠᠷᠢᠮᠠᠯ ᠳᠤ | ᠳᠤᠬᠢᠷᠠᠨ᠎ᠠ᠃ ᠵᠤᠷᠬ᠎ᠠ ᠶᠢᠨ ᠵᠠᠢ ᠨᠢ ᠶᠡᠷᠥ ᠳᠤ ᠪᠠᠨ 7.5 — 15 ᠰᠡᠨᠲ᠋ᠢᠮᠧᠲᠷ᠂ ᠤᠯᠠᠩᠬᠢ ᠳᠤ ᠪᠠᠨ 12 | — 15 ᠰᠡᠨᠲ᠋ᠢᠮᠧᠲᠷ ᠢᠶᠠᠷ ᠳᠠᠷᠢᠳᠠᠭ᠃ | ︵3︶ ᠦᠷᠭᠡᠨ ᠡᠩ ᠲᠠᠢ ᠵᠤᠷᠬᠠᠯᠠᠵᠤ ᠳᠠᠷᠢᠬᠤ᠃ ᠶᠡᠷᠥ ᠳᠤ ᠪᠠᠨ ᠳᠠᠷᠢᠬᠤ ᠦᠷᠭᠡᠴᠡ ᠶᠢ ᠨᠢ 12 — | 15 ᠰᠡᠨᠲ᠋ᠢᠮᠧᠲᠷ ᠢᠶᠠᠷ ᠪᠦᠰᠡᠯᠢᠩ ᠬᠡᠯᠪᠡᠷᠢ ᠲᠠᠢ ᠪᠠᠶᠢᠯᠭᠠᠵᠤ᠂ ᠪᠦᠰᠡ ᠶᠢᠨ ᠬᠤᠭᠤᠷᠥᠨᠳᠥᠬᠢ ᠵᠠᠢ ᠶᠢ 45 | ᠰᠡᠨᠲ᠋ᠢᠮᠧᠲᠷ ᠪᠠᠶᠢᠯᠭᠠᠨ᠎ᠠ᠃ ᠲᠤᠰ ᠠᠷᠭ᠎ᠠ ᠨᠢ ᠮᠧᠬᠠᠨᠢᠭ ᠢᠶᠠᠷ ᠨᠠᠷᠢᠮᠥ ᠪᠤᠯᠤᠨ ᠪᠤᠭᠤᠳᠠᠢ ᠳᠠᠷᠢᠬᠤ ᠳᠤ ᠵᠤᠬᠢᠴᠠᠨ᠎ᠠ᠃ | | 2. ᠴᠤᠨᠤᠭᠯᠠᠨ ᠳᠠᠷᠢᠬᠤ᠃ ᠴᠤᠨᠤᠭᠯᠠᠨ ᠳᠠᠷᠢᠬᠤ ᠪᠤᠯ ᠨᠢᠭᠡ ᠵᠥᠢᠯ ᠤᠨ ᠤᠨᠴᠠᠭᠠᠢ ᠵᠤᠷᠬᠠᠯᠠᠨ ᠳᠠᠷᠢᠬᠤ | ᠠᠷᠭ᠎ᠠ ᠪᠤᠯᠤᠨ᠎ᠠ᠃ ᠳᠠᠷᠤᠢ ᠵᠤᠷᠬ᠎ᠠ ᠪᠤᠶᠤ ᠳᠠᠯᠠᠩ ᠳᠡᠭᠡᠷ᠎ᠡ ᠴᠤᠨᠤᠭ ᠭᠠᠷᠭᠠᠵᠤ ᠳᠠᠷᠢᠬᠤ ᠪᠤᠶᠤ ᠡᠰᠡᠬᠦᠯ᠎ᠠ | ᠵᠤᠷᠬ᠎ᠠ ᠶᠢᠨ ᠳᠤᠮᠳᠠ ᠰᠤᠪᠠᠭ ᠳᠠᠳᠠᠵᠤ ᠵᠤᠬᠢᠬᠤ ᠵᠠᠢ ᠠᠯᠤᠰᠯᠠᠬᠤ ᠪᠦᠷᠢ ᠦᠷ᠎ᠡ ᠬᠠᠶᠠᠵᠤ ᠳᠠᠷᠢᠬᠤ ᠠᠷᠭ᠎ᠠ | ᠪᠤᠯᠤᠨ᠎ᠠ᠃ ᠲᠤᠰ ᠠᠷᠭ᠎ᠠ ᠨᠢ ᠲᠤᠮᠤ ᠮᠦᠬᠦᠯᠢᠭᠳᠦ ᠦᠷ᠎ᠡ᠂ ᠵᠢᠱᠢᠶᠡᠯᠡᠪᠡᠯ ᠰᠢᠰᠢ᠂ ᠰᠢᠬᠢᠷ ᠤᠨ ᠮᠠᠨᠵᠢᠨ ᠵᠡᠷᠭᠡ ᠶᠢ | ᠳᠠᠷᠢᠬᠤ ᠳᠤ ᠵᠤᠬᠢᠴᠠᠨ᠎ᠠ᠃ ᠴᠤᠨᠤᠭᠯᠠᠵᠤ ᠳᠠᠷᠢᠪᠠᠯ ᠦᠷ᠎ᠡ ᠳᠤ ᠠᠷᠪᠢᠳᠠᠢ᠂ ᠴᠢᠬᠢᠯᠡᠬᠦ ᠳᠤ ᠠᠮᠠᠷ᠂ ᠴᠢᠬᠢ | ᠰᠢᠩᠭᠡᠯᠡᠬᠦ ᠳᠤ ᠴᠥ ᠲᠦᠬᠦᠮ ᠪᠠᠶᠢᠳᠠᠭ᠂ ᠬᠡᠪᠡᠴᠥ ᠳᠠᠷᠢᠬᠤ ᠦᠶᠡᠰ ᠬᠦᠳᠡᠯᠮᠥᠷᠢ ᠬᠦᠴᠥ ᠳᠤ ᠠᠷᠪᠢ ᠦᠬᠡᠢ᠃ | ᠪᠤᠷᠳᠤᠭᠠᠨ ᠳᠠᠷᠢᠮᠠᠯ ᠳᠠᠷᠢᠬᠤ ᠬᠦᠷᠥᠰᠥ ᠶᠢ ᠡᠷᠬᠡᠪᠰᠢ ᠬᠦᠨ ᠬᠠᠭᠠᠯᠪᠤᠷᠢᠯᠠᠵᠤ ᠨᠠᠷᠢᠨ ᠳᠡᠭᠰᠢᠯᠡᠨ ᠤᠯᠠ | ᠪᠤᠷᠳᠤᠭᠤᠷ ᠰᠠᠶᠢᠨ ᠤᠷᠤᠭᠤᠯᠬᠤ ᠬᠡᠷᠡᠭᠳᠡᠢ᠃ ᠪᠤᠷᠳᠤᠭᠠᠨ ᠳᠠᠷᠢᠮᠠᠯ ᠤᠨ ᠦᠷ᠎ᠡ ᠶᠢ ᠬᠤᠴᠢᠬᠤ ᠵᠤᠵᠠᠭᠠᠨ ᠤ | ᠬᠡᠮᠵᠢᠶ᠎ᠠ ᠶᠢ ᠳᠡᠵᠢᠭᠡᠯ ᠡᠪᠡᠰᠥ ᠠᠴᠠ ᠬᠦᠨ ᠪᠠᠶᠢᠯᠭᠠᠨ᠎ᠠ᠃ ᠬᠦᠡᠭᠭᠡᠨ ᠴᠢᠨᠠᠷᠳᠥ ᠰᠢᠷᠥᠢ ᠳᠤ ᠳᠠᠷᠢᠬᠤ ᠬᠦᠨᠴᠡ ᠶᠢ 4 | — 5 ᠰᠡᠨᠲ᠋ᠢᠮᠧᠲᠷ ᠪᠠᠶᠢᠯᠭᠠᠵᠤ᠂ ᠬᠦᠨᠳᠥ ᠴᠢᠨᠠᠷᠳᠥ ᠰᠢᠷᠥᠢ ᠳᠤ 2 — 3 ᠰᠡᠨᠲ᠋ᠢᠮᠧᠲᠷ ᠳᠠᠷᠢᠵᠤ᠂ | ᠬᠤᠶᠢᠨ᠎ᠠ ᠠᠴᠠ ᠨᠢ ᠳᠠᠷᠤᠬᠤ ᠬᠡᠷᠡᠭᠳᠡᠢ᠃ | ︵︽ᠮᠠᠯᠴᠢᠨ ᠳᠠᠷᠢᠶᠠᠴᠢᠨ ᠤ ᠬᠡᠷᠡᠭᠯᠡᠭᠡᠨ ᠤ ᠮᠡᠷᠭᠡᠵᠢᠯ ᠴᠤᠪᠤᠷᠠᠯ ᠪᠢᠴᠢᠭ︾ ᠠᠴᠠ ᠠᠪᠤᠪᠠ︶ |