ᠳᠡᠵᠢᠭᠡᠯ ᠡᠪᠡᠰᠥᠨ ᠤ ᠳᠠᠷᠢᠬᠤ ᠠᠷᠭ᠎ᠠ ᠪᠤᠯᠤᠨ ᠮᠡᠷᠭᠡᠵᠢᠯ
ᠨᠡᠶᠢᠲᠡᠯᠡᠭᠰᠡᠨ ᠴᠠᠭ᠄
2021/8/20
   1. ᠵᠤᠷᠠᠭᠯᠠᠨ ᠳᠠᠷᠢᠬᠤ᠃ ᠵᠤᠬᠢᠬᠤ ᠵᠠᠢ ᠠᠯᠤᠰᠯᠠᠭᠤᠯᠵᠤ ᠵᠤᠷᠬ᠎ᠠ ᠵᠤᠷᠬ᠎ᠠ ᠪᠠᠷ ᠳᠠᠷᠢᠬᠤ ᠶᠢ ᠵᠤᠷᠠᠭᠯᠠᠨ ᠳᠠᠷᠢᠬᠤ ᠬᠡᠳᠡᠭ᠃ ᠵᠤᠷᠬ᠎ᠠ ᠶᠢᠨ ᠬᠤᠭᠤᠷᠥᠨᠳᠥᠬᠢ ᠵᠠᠢ ᠶᠢ ᠵᠤᠷᠬ᠎ᠠ ᠶᠢᠨ ᠵᠠᠢ ᠭᠡᠵᠤ᠂ ᠳᠡᠬᠦᠨ ᠤ ᠶᠡᠭᠡ ᠪᠠᠭ᠎ᠠ ᠶᠢ ᠳᠡᠵᠢᠭᠡᠯ ᠡᠪᠡᠰᠥᠨ ᠤ ᠲᠦᠷᠥᠯ ᠵᠥᠢᠯ ᠪᠤᠯᠤᠨ ᠠᠰᠢᠭᠯᠠᠬᠤ ᠪᠠᠷᠢᠮᠵᠢᠶ᠎ᠠ ᠪᠠᠷ ᠳᠤᠭᠳᠠᠭᠠᠳᠠᠭ᠃ ᠡᠩ ᠤᠨ ᠳᠡᠵᠢᠭᠡᠯ ᠡᠪᠡᠰᠥᠨ ᠤ ᠵᠤᠷᠬ᠎ᠠ ᠶᠢᠨ ᠵᠠᠢ ᠶᠢ 15 — 30 ᠰᠡᠨᠲ᠋ᠢᠮᠧᠲᠷ ᠪᠠᠶᠢᠯᠭᠠᠨ᠎ᠠ᠃ ᠴᠢᠬᠢᠭᠯᠢᠭ ᠤᠷᠤᠨ ᠪᠤᠶᠤ ᠤᠰᠤᠯᠠᠬᠤ ᠨᠦᠬᠦᠴᠡᠯ ᠲᠠᠢ ᠭᠠᠩ ᠬᠠᠭᠤᠷᠠᠢ ᠤᠷᠤᠨ ᠳᠤ ᠵᠤᠷᠬ᠎ᠠ ᠶᠢᠨ ᠵᠠᠢ ᠶᠢ 15 ᠰᠡᠨᠲ᠋ᠢᠮᠧᠲᠷ ᠪᠠᠶᠢᠯᠭᠠᠪᠠᠯ ᠬᠠᠮᠤᠭ ᠳᠤᠬᠢᠷᠠᠮᠵᠢ ᠲᠠᠢ᠃ ᠤᠰᠤᠯᠠᠬᠤ ᠨᠦᠬᠦᠴᠡᠯ ᠦᠬᠡᠢ ᠭᠠᠩ ᠬᠠᠭᠤᠷᠠᠢ ᠤᠷᠤᠨ ᠳᠤ ᠵᠤᠷᠬ᠎ᠠ ᠶᠢᠨ ᠵᠠᠢ ᠶᠢ 30 ᠰᠡᠨᠲ᠋ᠢᠮᠧᠲᠷ ᠪᠠᠶᠢᠯᠭᠠᠪᠠᠯ ᠵᠤᠬᠢᠨ᠎ᠠ᠃   ᠦᠷ᠎ᠠ ᠪᠠᠷ ᠬᠡᠷᠡᠭᠯᠡᠬᠦ ᠳᠡᠵᠢᠭᠡᠯ ᠡᠪᠡᠰᠥ ᠶᠢ ᠳᠠᠷᠢᠬᠤ ᠳᠤ ᠵᠤᠷᠬ᠎ᠠ ᠶᠢᠨ ᠵᠠᠢ ᠶᠢ 45 — 100 ᠰᠡᠨᠲ᠋ᠢᠮᠧᠲᠷ ᠪᠠᠶᠢᠯᠭᠠᠨ᠎ᠠ᠃ ᠢᠡᠭᠬᠢᠪᠡᠯ ᠪᠤᠳᠠᠭᠠᠯᠢ ᠪᠡᠶ᠎ᠡ ᠶᠢᠨ ᠰᠢᠮ᠎ᠡ ᠳᠡᠵᠢᠭᠡᠯ ᠤᠨ ᠳᠠᠯᠠᠪᠠᠢ ᠶᠡᠭᠡ᠂ ᠰᠠᠯᠬᠢ ᠨᠡᠪᠳᠡᠷᠡᠬᠦ ᠪᠤᠯᠤᠨ ᠬᠡᠷᠡᠯ ᠤᠨ ᠳᠤᠰᠤᠯᠳᠠ ᠶᠢᠨ ᠨᠦᠬᠦᠴᠡᠯ ᠰᠠᠶᠢᠨ ᠪᠤᠯᠬᠤᠷ ᠪᠤᠳᠠ ᠰᠠᠭᠤᠷᠢ ᠶᠢᠨ ᠪᠤᠶᠢᠵᠢᠯᠳᠠ ᠰᠠᠶᠢᠨ᠂ ᠳᠤᠭᠤᠰᠥ ᠬᠦᠷᠳᠡᠬᠦ ᠨᠢ ᠬᠥᠢᠴᠡᠳ᠂ ᠦᠷ᠎ᠡ ᠶᠢᠨ ᠤᠨᠠᠯᠳᠠ ᠦᠨᠳᠥᠷ᠂ ᠴᠢᠨᠠᠷ ᠰᠠᠶᠢᠨ ᠪᠠᠶᠢᠳᠠᠭ᠃    2. ᠰᠠᠴᠤᠵᠤ ᠳᠠᠷᠢᠬᠤ᠃ ᠳᠡᠵᠢᠭᠡᠯ ᠡᠪᠡᠰᠥᠨ ᠤ ᠦᠷ᠎ᠡ ᠶᠢ ᠨᠢᠭᠡᠨᠳᠡ ᠳᠡᠭᠰᠢᠯᠡᠭᠰᠡᠨ ᠬᠦᠷᠥᠰᠥᠨ ᠤ ᠭᠠᠳᠠᠷᠭᠤ ᠳᠡᠭᠡᠷ᠎ᠡ ᠬᠦᠮᠥᠨ ᠤ ᠬᠦᠴᠥ ᠪᠠᠷ ᠪᠤᠶᠤ ᠮᠧᠬᠠᠨᠢᠭ ᠢᠶᠠᠷ ᠵᠢᠭᠳᠡ ᠰᠠᠴᠤᠵᠤ᠂ ᠬᠦᠡᠭᠭᠡᠨ ᠨᠠᠷᠠᠭᠳᠠᠵᠤ ᠰᠢᠷᠥᠢ ᠬᠤᠴᠢᠬᠤ ᠪᠤᠶᠤ ᠬᠤᠴᠢᠬᠤ ᠦᠬᠡᠢ ᠳᠤ ᠪᠤᠯᠤᠨ᠎ᠠ᠃ ᠰᠠᠴᠤᠵᠤ ᠦᠷᠡᠯᠡᠬᠦ ᠮᠠᠰᠢᠨ ᠨᠢ ᠭᠠᠵᠠᠷ ᠤᠷᠤᠨ ᠪᠤᠯᠤᠨ ᠳᠠᠷᠢᠬᠤ ᠦᠷ᠎ᠡ ᠶᠢᠨ ᠵᠦᠷᠢᠶ᠎ᠡ ᠠᠴᠠ ᠪᠤᠯᠵᠤ ᠠᠳᠠᠯᠢ ᠦᠬᠡᠢ ᠪᠠᠶᠢᠳᠠᠭ᠃ ᠭᠠᠷ ᠢᠶᠠᠷ ᠡᠷᠬᠢᠬᠦᠯᠬᠦ ᠦᠷᠡᠯᠡᠬᠦ ᠮᠠᠰᠢᠨ ᠨᠢ ᠳᠤᠷᠯᠤᠭ ᠳᠡᠷᠪᠡᠯᠵᠢ᠂ ᠬᠦᠴᠢᠩᠬᠢ ᠪᠤᠯᠤᠨ ᠬᠤᠵᠢᠰᠥ ᠵᠡᠷᠭᠡ ᠳᠡᠵᠢᠭᠡᠯ ᠡᠪᠡᠰᠥ ᠶᠢ ᠦᠷᠡᠯᠡᠬᠦ ᠳᠤ ᠵᠤᠬᠢᠴᠠᠨ᠎ᠠ᠃ ᠨᠢᠰᠭᠡᠯ ᠢᠶᠠᠷ ᠡᠪᠡᠰᠥ ᠳᠠᠷᠢᠬᠤ ᠨᠢ ᠮᠦᠨ ᠴᠥ ᠨᠢᠭᠡ ᠵᠥᠢᠯ ᠤᠨ ᠰᠠᠴᠤᠵᠤ ᠦᠷᠡᠯᠡᠬᠦ ᠬᠡᠯᠪᠡᠷᠢ ᠪᠤᠯᠬᠤ ᠶᠤᠮ᠃ ᠠᠭᠤᠯᠠᠷᠬᠠᠭ ᠤᠷᠤᠨ᠂ ᠭᠡᠭᠡᠷ᠎ᠡ ᠶᠢᠨ ᠪᠡᠯᠴᠢᠭᠡᠷ ᠲᠤ ᠰᠠᠴᠤᠵᠤ ᠦᠷᠡᠯᠡᠬᠦ ᠠᠴᠠ ᠡᠮᠥᠨ᠎ᠡ ᠬᠦᠷᠥᠰᠥᠨ ᠭᠠᠳᠠᠷᠭᠤ ᠶᠢ ᠵᠢᠭᠠᠬᠠᠨ ᠰᠠᠨᠳᠠᠴᠢᠵᠤ᠂ ᠡᠯᠡᠰᠥᠷᠭᠡᠭ ᠭᠠᠵᠠᠷ ᠪᠤᠶᠤ ᠡᠯᠡᠰᠥᠨ ᠴᠦᠯ ᠳᠤ ᠨᠢᠰᠭᠡᠯ ᠢᠶᠠᠷ ᠡᠪᠡᠰᠥ ᠳᠠᠷᠢᠬᠤ ᠳᠤ ᠰᠠᠨᠳᠠᠴᠢᠬᠦ ᠴᠢᠬᠤᠯᠠ ᠦᠬᠡᠢ᠃    3. ᠪᠤᠷᠳᠤᠭᠤᠷ ᠲᠠᠢ ᠳᠠᠷᠢᠬᠤ᠃ ᠪᠤᠷᠳᠤᠭᠤᠷ ᠲᠠᠢ ᠳᠠᠷᠢᠬᠤ ᠬᠡᠳᠡᠭ ᠨᠢ ᠡᠪᠡᠰᠥᠨ ᠦᠷ᠎ᠡ ᠪᠠᠨ ᠳᠠᠷᠢᠬᠤ ᠠᠴᠠ ᠡᠮᠥᠨ᠎ᠡ ᠪᠤᠷᠳᠤᠭᠤᠷ ᠬᠢᠬᠦ ᠶᠢ ᠬᠡᠯᠡᠨ᠎ᠡ᠃ ᠪᠤᠷᠳᠤᠭᠤᠷ ᠢ ᠦᠷ᠎ᠡ ᠠᠴᠠ ᠬᠦᠨ ᠪᠤᠯᠠᠬᠤ ᠤᠴᠢᠷ ᠠᠴᠠ ᠳᠠᠷᠢᠬᠤ ᠦᠶᠡᠰ ᠡᠮᠥᠨ᠎ᠡ ᠨᠢ ᠪᠤᠷᠳᠤᠭᠤᠷ ᠰᠠᠴᠤᠵᠤ ᠰᠢᠷᠥᠢ ᠬᠤᠴᠢᠵᠤ᠂ ᠬᠤᠶᠢᠨ᠎ᠠ ᠠᠴᠠ ᠨᠢ ᠦᠷ᠎ᠡ ᠪᠠᠨ ᠰᠠᠴᠤᠨ᠎ᠠ᠃    4. ᠠᠨᠵᠢᠰᠥᠨ ᠵᠤᠷᠬ᠎ᠠ ᠲᠠᠢ ᠳᠠᠷᠢᠬᠤ᠃ ᠭᠠᠩ ᠬᠠᠭᠤᠷᠠᠢ ᠪᠠ ᠬᠠᠭᠠᠰ ᠭᠠᠩ ᠬᠠᠭᠤᠷᠠᠢ ᠤᠷᠤᠨ ᠤ ᠳᠠᠷᠢᠯᠭ᠎ᠠ ᠶᠢᠨ ᠬᠦᠷᠥᠰᠥᠨ ᠤ ᠬᠠᠭᠤᠷᠠᠢ ᠰᠢᠷᠥᠢ ᠶᠢᠨ ᠳᠠᠪᠬᠤᠷᠭ᠎ᠠ 5 — 6 ᠰᠡᠨᠲ᠋ᠢᠮᠧᠲᠷ ᠪᠠᠶᠢᠳᠠᠭ᠃ ᠡᠶᠢᠮᠥ ᠠᠴᠠ ᠳᠠᠷᠢᠬᠤ ᠠᠴᠠ ᠡᠮᠥᠨ᠎ᠡ ᠡᠷᠬᠡᠪᠰᠢ ᠵᠤᠷᠬ᠎ᠠ ᠳᠠᠳᠠᠵᠤ ᠰᠢᠷᠥᠢ ᠶᠢ ᠢᠷᠡᠵᠤ᠂ ᠴᠢᠬᠢᠭᠯᠢᠭ ᠬᠦᠷᠥᠰᠥᠨ ᠳᠤ ᠦᠷᠡᠯᠡᠬᠦ ᠬᠡᠷᠡᠭᠳᠡᠢ᠃ ᠲᠤᠰᠬᠠᠢ ᠠᠨᠵᠢᠰᠥᠨ ᠵᠤᠷᠠᠭᠳᠥ ᠦᠷᠡᠯᠡᠬᠦ ᠮᠠᠰᠢᠨ ᠬᠡᠷᠡᠭᠯᠡᠬᠦ ᠪᠤᠶᠤ ᠡᠰᠡᠬᠦᠯ᠎ᠡ ᠬᠦᠮᠥᠨ ᠤ ᠬᠦᠴᠥ᠂ ᠬᠦᠯᠥᠰᠢ ᠤᠨᠤᠭ᠎ᠠ ᠪᠠᠷ ᠵᠤᠷᠬ᠎ᠠ ᠳᠠᠳᠠᠵᠤ ᠪᠤᠯᠤᠨ᠎ᠠ᠃ ᠬᠥᠢᠳᠡᠨ ᠰᠡᠷᠢᠬᠦᠨ ᠭᠠᠩ ᠬᠠᠭᠤᠷᠠᠢ ᠤᠷᠤᠨ ᠳᠤ ᠤᠯᠠᠩᠬᠢ ᠳᠤ ᠪᠠᠨ ᠲᠤᠰ ᠠᠷᠭ᠎ᠠ ᠶᠢ ᠬᠡᠷᠡᠭᠯᠡᠳᠡᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号