ᠹᠧᠩᠯᠢᠨᠳᠠᠪᠠᠭ᠎ᠠ ᠶᠢᠨ ᠪᠠᠶᠢᠯᠳᠤᠭᠠᠨ
ᠨᠡᠶᠢᠲᠡᠯᠡᠭᠰᠡᠨ ᠴᠠᠭ᠄
2022/11/22
    1945 ᠤᠨ ᠤ 8 ᠰᠠᠷ᠎ᠠ ᠶᠢᠨ 11 ᠤ ᠡᠳᠦᠷ ᠤᠨ 14 ᠴᠠᠭ ᠤᠨ ᠦᠶ᠎ᠡ ᠪᠠᠷ᠂ ᠵᠥᠪᠯᠡᠯᠲᠦ ᠶᠢᠨ ᠴᠡᠷᠢᠭ ᠤᠨ ᠬᠤᠰᠢᠭᠤᠴᠢ ᠴᠡᠷᠢᠭ ᠠᠩᠭᠢ 400 ᠬᠥᠮᠥᠨ᠂ ᠲᠠᠩᠺ 10 ᠭᠠᠷᠤᠢ᠂ ᠮᠢᠩ ᠱᠦᠢ ᠾᠧ ᠭᠤᠣᠯ ᠠᠴᠠ ᠰᠣᠯᠣᠨ ᠵᠦᠭ ᠤᠷᠤᠭᠰᠢᠯᠠᠵᠠᠢ ᠃ ᠹᠧᠩᠯᠢᠨᠳᠠᠪᠠᠭ᠎ᠠ ᠳᠤ ᠬᠦᠷᠬᠦ ᠦᠶᠡᠰ ᠂ ᠵᠥᠪᠯᠡᠯᠲᠦ ᠶᠢᠨ ᠴᠡᠷᠢᠭ ᠤᠷᠢᠳᠠᠪᠠᠷ ᠹᠧᠩᠯᠢᠨᠳᠠᠪᠠᠭ᠎ᠠ ᠶᠢᠨ ᠠᠭᠤᠯᠠ ᠣᠷᠢᠶᠠᠭᠰᠠᠨ ᠵᠠᠮ ᠤᠨ ᠠᠰᠢᠭᠲᠠᠢ ᠭᠠᠵᠠᠷ ᠢ ᠡᠵᠡᠯᠡᠭᠰᠡᠨ ᠶᠠᠫᠤᠨ ᠴᠡᠷᠢᠭ ᠤᠨ ᠬᠤᠷᠢᠭᠯᠠᠯᠲᠠ ᠳ᠋ᠥ ᠤᠴᠠᠷᠠᠪᠠ᠃ ᠵᠥᠪᠯᠡᠯᠲᠦ ᠶᠢᠨ ᠴᠡᠷᠢᠭ ᠲᠠᠩᠺ᠂ ᠭᠠᠯ ᠤᠨ ᠬᠤᠶᠢᠯᠠᠷᠠᠭ᠎ᠠ ᠪᠠᠷ ᠶᠠᠫᠤᠨ ᠴᠡᠷᠢᠭ ᠢ ᠫᠤᠤᠳᠠᠪᠠ᠃ ᠬᠤᠶᠠᠷ ᠲᠠᠯ᠎ᠠ ᠶᠢᠨ ᠴᠡᠷᠢᠭ 7 ᠴᠠᠭ ᠰᠢᠷᠦᠭᠦᠨ ᠪᠠᠶᠢᠯᠳᠤᠵᠤ ᠂ ᠶᠠᠫᠤᠨ ᠴᠡᠷᠢᠭ 300 ᠭᠠᠷᠤᠢ ᠬᠥᠮᠥᠨ ᠦᠬᠦᠵᠦ ᠰᠢᠷᠠᠭᠳᠠᠵᠤ ᠂ 7 ᠮᠠᠰᠢᠨ ᠲᠡᠷᠭᠡ᠂ 10 ᠭᠠᠷᠤᠢ ᠦᠭᠡᠷ ᠫᠤᠤ ᠶᠢᠨ ᠪᠡᠬᠢᠯᠡᠯᠳᠡ ᠶᠢᠨ ᠰᠠᠭᠤᠷᠢᠨ‌ᠭᠠᠵᠠᠷ ᠡᠪᠳᠡᠭᠳᠡᠵᠡᠢ᠃ ᠵᠠᠭᠤ ᠭᠠᠷᠤᠢ ᠶᠠᠫᠤᠨ ᠴᠡᠷᠢᠭ ᠰᠣᠯᠣᠨ ᠤ ᠡᠮᠦᠨᠡᠲᠦ ᠯᠢᠶᠠᠨ ᠹᠧᠩ ᠳᠤ ᠳᠤᠲᠠᠭᠠᠨ ᠣᠴᠢᠭᠰᠠᠨ ᠤ ᠳᠠᠷᠠᠭ᠎ᠠ᠂ ᠵᠥᠪᠯᠡᠯᠲᠦ ᠶᠢᠨ ᠴᠡᠷᠢᠭ  50 ᠭᠠᠷᠤᠢ ᠬᠥᠮᠥᠨ ᠰᠥᠨᠥᠭᠡᠭᠳᠡᠵᠦ᠂ ᠦᠯᠡᠳᠡᠭᠰᠡᠨ ᠨᠢ ᠪᠤᠳᠠᠷᠠᠨ ᠰᠠᠷᠨᠢᠭᠰᠠᠨ ᠪᠠᠶᠢᠨ᠎ᠠ᠃ 
 
ᠢᠷᠡᠯᠲᠡ᠄ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠠᠷᠠᠳ ᠤᠨ ᠵᠠᠰᠠᠭ ᠤᠨ ᠤᠷᠲᠤᠨ ᠤ ᠠᠯᠪᠠᠨ ᠭᠡᠷ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号