ᠬᠦᠳᠡᠭᠡ ᠲᠤᠰᠬᠤᠨ ᠤ ᠰᠢᠨ᠎ᠡ ᠬᠤᠪᠢᠷᠠᠯᠲᠠ᠄ ᠤᠯᠠᠭᠠᠨᠮᠣᠳᠤ ᠰᠤᠮᠤ ᠳᠤ ᠪᠠᠳᠮ᠎ᠠ ᠡᠵᠢ ᠶᠢᠨ ᠲᠠᠯᠡᠨ ᠭᠤᠷᠪᠠᠨ ᠨᠠᠰᠤᠨ ᠤ ᠨᠠᠶᠢᠷ ᠥᠯᠵᠡᠶᠢᠲᠡᠢ ᠰᠠᠶᠢᠬᠠᠨ ᠶᠠᠪᠤᠭᠳᠠᠵᠠᠢ
ᠨᠡᠶᠢᠲᠡᠯᠡᠭᠰᠡᠨ ᠴᠠᠭ᠄
2022/8/5
     微信图片_20220805102429.jpg
    ᠪᠠᠳᠮ᠎ᠠ ᠡᠵᠢ ᠪᠣᠯ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠤᠯᠠᠭᠠᠨᠮᠣᠳᠤ ᠰᠤᠮᠤ ᠶᠢᠨ ᠰᠤᠭᠤᠨᠳᠠᠢ ᠭᠠᠴᠠᠭᠠᠨ ᠤ ᠨᠠᠷᠠᠨ ᠤ ᠪᠣᠷᠣ ᠮᠠᠯᠴᠢᠨ ᠮᠥᠨ᠃ ᠨᠠᠰᠤᠲᠠᠨ ᠮᠠᠨᠢ ᠭᠥᠢᠯᠡᠭᠦ ᠠᠭᠤᠯᠠ ᠶᠢᠨ ᠡᠩᠭᠡᠷ᠂ ᠭᠥᠢᠯᠡᠷ ᠭᠤᠣᠯ ᠤᠨ ᠲᠡᠨᠵᠢᠨ ᠳᠤ ᠠᠳᠤᠭᠤ ᠮᠠᠯ ᠢᠶᠠᠨ ᠬᠠᠷᠢᠭᠤᠯᠵᠤ᠂ ᠠᠷᠤᠭ ᠡᠭᠦᠷᠴᠦ ᠠᠷᠭᠠᠯ ᠬᠤᠷᠮᠣᠶᠢᠯᠠᠨ᠂ ᠦᠨᠢᠶ᠎ᠡ ᠰᠠᠭᠠᠨ ᠬᠤᠷᠤᠳ ᠨᠤᠬᠤᠨ᠂ ᠠᠶᠢᠷᠠᠭ ᠪᠦᠯᠢᠵᠦ ᠴᠡᠭᠡ ᠨᠡᠷᠡᠵᠦ᠂ ᠨᠠᠷᠠᠨ ᠤ ᠬᠤᠶᠠᠷ ᠦᠵᠦᠭᠦᠷ ᠲᠤ ᠪᠣᠷᠪᠢ ᠨᠤᠭᠤᠷᠠᠯ ᠦᠭᠡᠢ ᠪᠥᠭᠴᠥᠭᠡᠨᠡᠵᠦ᠂ ᠰᠥᠨᠢ ᠳᠤ ᠪᠠᠨ ᠲᠤᠰᠤᠨ ᠳ᠋ᠧᠩ ᠤᠨ ᠰᠦᠮᠡᠶᠢᠬᠡᠨ ᠭᠡᠷᠡᠯ ᠳᠤ ᠤᠯᠠ ᠵᠤᠯᠤᠭ ᠨᠡᠶᠢᠯᠡᠭᠦᠯᠦᠨ ᠲᠠᠯᠡᠨ ᠭᠤᠷᠪᠠᠨ ᠬᠠᠪᠤᠷ ᠨᠠᠮᠤᠷ ᠤᠨ ᠡᠭᠡᠯᠵᠢᠨ ᠳᠤ ᠪᠠᠶᠠᠷ᠂ ᠮᠥᠷᠡᠨ᠂ ᠪᠥᠭᠡ᠂ ᠰᠤᠷᠲᠠᠯᠲᠤ᠂ ᠰᠤᠷᠭᠠᠯᠲᠤ᠂ ᠭᠡᠷᠡᠯ᠂ ᠤᠳᠪᠠᠯᠠ ᠵᠡᠷᠭᠡ ᠲᠤᠯᠤᠭᠠᠨ ᠬᠡᠦᠬᠡᠳ ᠢᠶᠠᠨ ᠭᠠᠷ ᠢ ᠨᠢ ᠭᠠᠨᠵᠤᠭᠠᠨ ᠳᠤ᠂ ᠬᠥᠯ ᠢ ᠨᠢ ᠳᠥᠷᠥᠭᠡᠨ ᠳᠤ ᠭᠢᠰᠬᠢᠭᠦᠯᠵᠦ ᠲᠥᠷᠪᠡᠨ ᠦᠶ᠎ᠡ ᠪᠠᠨ ᠦᠵᠡᠵᠦ ᠪᠠᠶᠢᠭ᠎ᠠ ᠪᠤᠶᠠᠨᠲᠤ ᠪᠤᠭᠤᠷᠤᠯ ᠪᠢᠯᠡ᠃    ᠪᠤᠶᠠᠨᠲᠤ ᠡᠵᠢ ᠶᠢᠨ ᠠᠮᠠᠨ ᠳᠤ ᠪᠠᠨ ᠬᠢᠪᠡᠯ ᠬᠠᠶᠢᠯᠠᠴᠢᠬᠠᠬᠤ ᠠᠴᠠ ᠠᠶᠤᠵᠤ ᠠᠯᠠᠭᠠᠨ ᠳᠤ ᠪᠠᠨ ᠲᠠᠯᠪᠢᠪᠠᠯ ᠪᠥᠮᠪᠥᠷᠢᠴᠢᠬᠡᠬᠦ ᠠᠴᠠ ᠬᠢᠴᠢᠶᠡᠵᠦ᠂ ᠠᠷᠢᠭᠤᠨ ᠴᠠᠭᠠᠨ ᠰᠦ ᠪᠠᠨ ᠰᠢᠮᠡᠭᠦᠯᠵᠦ᠂ ᠠᠷᠤ ᠨᠢᠷᠤᠭᠤᠨ ᠳᠤ ᠪᠠᠨ ᠡᠭᠦᠷᠴᠦ ᠬᠥᠮᠥᠵᠢᠭᠦᠯᠦᠭᠰᠡᠨ ᠲᠤᠯᠤᠭᠠᠨ ᠬᠡᠦᠬᠡᠳ ᠨᠢ ᠡᠵᠢ ᠶᠢᠨ ᠢᠶᠠᠨ ᠲᠠᠯᠡᠨ ᠭᠤᠷᠪᠠᠨ ᠨᠠᠰᠤᠨ ᠤ ᠪᠠᠶᠠᠷ ᠢ ᠪᠡᠯᠭᠡᠯᠡᠬᠦ  ᠶᠢᠨ ᠲᠥᠯᠥᠭᠡ᠂ ᠡᠵᠢ ᠪᠠᠨ ᠤᠳᠠᠢ᠂ ᠪᠡᠭᠡᠵᠢᠩ ᠢᠶᠠᠷ ᠵᠤᠭᠠᠴᠠᠭᠤᠯᠬᠤ ᠶᠢᠨ ᠬᠠᠮᠲᠤ 7 ᠰᠠᠷ᠎ᠠ ᠶᠢᠨ 25 ᠤ ᠡᠳᠦᠷ᠂ ᠬᠤᠯᠠ ᠣᠶᠢᠷ᠎ᠠ ᠬᠤᠪᠣᠩ ᠲᠥᠷᠤᠯ ᠢᠶᠠᠨ ᠴᠤᠭᠯᠠᠭᠤᠯᠵᠤ ᠤᠯᠠᠭᠠᠨᠮᠣᠳᠤ ᠶᠢᠨ ᠲᠠᠯ᠎ᠠ ᠨᠤᠲᠤᠭ ᠤᠨ ᠠᠯᠳᠠᠨ ᠡᠮᠡᠭᠡᠯ ᠵᠤᠭᠠᠴᠠᠯ  ᠤᠨ ᠭᠠᠵᠠᠷ ᠲᠤ ᠮᠣᠷᠢ ᠤᠷᠤᠯᠳᠤᠵᠤ ᠪᠥᠭᠡ ᠪᠠᠷᠢᠯᠳᠤᠬᠤ ᠨᠠᠶᠢᠷ ᠨᠠᠭᠠᠳᠤᠮ ᠶᠠᠪᠤᠭᠳᠠᠭᠤᠯᠵᠠᠢ᠃    ᠨᠠᠶᠢᠷ ᠨᠠᠭᠠᠳᠤᠮ ᠤᠨ ᠮᠣᠷᠢᠨ ᠤᠷᠤᠯᠳᠣᠭᠠᠨ ᠳᠤ ᠤᠯᠠᠭᠠᠨᠮᠣᠳᠤ ᠰᠤᠮᠤ ᠶᠢᠨ ᠨᠠᠰᠤᠨᠵᠢᠷᠭᠠᠯ ᠤᠨ ᠮᠣᠷᠢ ᠲᠡᠷᠢᠭᠦᠯᠡᠵᠦ ᠵᠣᠭᠤᠰ ᠮᠥᠩᠭᠦ ᠪᠠᠷ ᠱᠠᠩᠨᠠᠭᠳᠠᠨ᠂ ᠪᠥᠭᠡ ᠶᠢᠨ ᠤᠷᠤᠯᠳᠣᠭᠠᠨ ᠳᠤ ᠰᠢᠯᠢ ᠶᠢᠨ ᠭᠤᠣᠯ ᠠᠶᠢᠮᠠᠭ ᠤᠨ ᠲᠡᠮᠦᠷᠪᠠᠭᠠᠲᠤᠷ ᠲᠡᠷᠢᠭᠦᠯᠡᠵᠦ ᠲᠡᠮᠡᠭᠡ ᠬᠥᠲᠥᠯᠵᠦ᠂ ᠤᠯᠠᠭᠠᠨᠮᠣᠳᠤ ᠰᠤᠮᠤ ᠶᠢᠨ ᠬᠡᠰᠢᠭ ᠳᠡᠳ᠋ᠯᠡᠵᠦ ᠮᠣᠷᠢ ᠬᠥᠲᠥᠯᠥᠨ ᠂ ᠰᠢᠯᠢ ᠶᠢᠨ ᠭᠤᠣᠯ ᠠᠶᠢᠮᠠᠭ ᠤᠨ ᠪᠠᠲᠤᠵᠢᠷᠭᠠᠯ ᠭᠤᠷᠪᠠᠳᠤᠭᠠᠷ ᠲᠤ ᠲᠣᠳᠣᠷᠠᠵᠤ ᠦᠬᠡᠷ ᠬᠥᠲᠥᠯᠵᠦ᠂ ᠲᠠᠩᠰᠤᠭ ᠰᠠᠶᠢᠬᠠᠨ ᠨᠠᠶᠢᠷ᠂ ᠲᠠᠪᠤᠨ ᠬᠤᠰᠢᠭᠤ ᠮᠠᠯ ᠤᠨ ᠱᠠᠩᠨᠠᠯ ᠨᠢ ᠦᠵᠡᠭᠴᠢᠳ ᠤᠨ ᠬᠠᠷᠠᠭ᠎ᠠ ᠶᠢ ᠮᠢᠯᠢᠶᠠᠵᠤ᠂ ᠨᠠᠭᠠᠳᠤᠮᠴᠢᠳ ᠤᠨ ᠪᠢᠯᠢᠭ ᠢ ᠰᠣᠷᠢᠵᠤ᠂ ᠨᠤᠲᠤᠭ ᠤᠰᠤᠨ ᠤ ᠬᠢ ᠪᠠᠨ ᠪᠠᠭ᠋ᠠᠷᠬᠠᠯ ᠢ ᠲᠠᠲᠠᠭᠰᠠᠨ ᠪᠠᠶᠢᠨ᠎ᠠ᠃      ᠡᠭᠦᠨ ᠤ ᠬᠠᠮᠲᠤ᠂ ᠪᠠᠳᠮ᠎ᠠ ᠡᠵᠢ  ᠶᠢᠨ ᠲᠤᠯᠤᠭᠠᠨ ᠬᠡᠦᠬᠡᠳ ᠨᠢ ᠠᠯᠠᠭᠠᠨ ᠳᠤ ᠪᠠᠨ ᠬᠠᠳᠠᠭ ᠲᠠᠢ᠂ ᠠᠶᠤᠤᠯᠢᠬᠠᠢ ᠳᠤ ᠪᠠᠨ ᠵᠥᠩᠨᠡᠯ ᠲᠠᠢ᠂ ᠠᠬᠠᠰᠢᠷᠠᠭ᠎ᠠ ᠨᠠᠰᠤᠲᠠᠨ ᠤ ᠪᠠᠨ ᠠᠨᠠᠪᠠᠳ ᠲᠠᠯᠠᠢ ᠮᠡᠲᠦ ᠠᠴᠢ ᠡᠨᠡᠷᠢᠯ ᠳᠤ  ᠨᠢ ᠠᠯᠳᠠᠨ ᠪᠠᠭᠤᠤ᠂ ᠡᠭᠡᠮᠦᠭ ᠪᠦᠭᠡᠵᠢ ᠪᠡᠯᠭᠡᠯᠡᠵᠦ ᠪᠠᠶᠠᠷᠯᠠᠭᠤᠯᠤᠨ ᠨᠠᠰᠤᠲᠠᠨ ᠢᠶᠠᠨ ᠬᠦᠨᠳᠦᠯᠡᠵᠦ ᠨᠢᠯᠬᠠᠰ ᠢᠶᠠᠨ ᠬᠠᠶᠢᠷᠠᠯᠠᠬᠤ ᠲᠤᠮᠳᠠᠳᠣ ᠶᠢᠨ ᠦᠨᠳᠦᠰᠦᠲᠡᠨ ᠤ ᠰᠢᠯᠢᠳᠡᠭ ᠤᠳᠤᠮᠰᠢᠯ ᠢ ᠰᠠᠶᠢᠲᠤᠷ  ᠤᠯᠠᠮᠵᠢᠯᠠᠭᠰᠠᠨ ᠪᠠᠶᠢᠨ᠎ᠠ᠃
 
ᠢᠷᠡᠯᠲᠡ᠄ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠠᠷᠠᠳ ᠤᠨ ᠵᠠᠰᠠᠭ ᠤᠨ ᠤᠷᠲᠤᠨ ᠤ ᠠᠯᠪᠠᠨ ᠭᠡᠷ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号