ᠪᠠᠶᠢᠨ ᠲᠠᠬᠢᠨ ᠪᠤᠴᠠᠯᠭᠠᠭᠰᠠᠨ ᠤᠰᠤ᠂ ᠬᠤᠨᠤᠭ ᠥᠨᠵᠢᠭᠰᠡᠨ ᠤᠰᠤ ᠶᠢ ᠤᠤᠭᠤᠵᠤ ᠪᠣᠯᠬᠤ ᠦᠭᠡᠢ ᠤᠤ︖  ᠳᠣᠣᠷᠠᠬᠢ ᠶᠢ ᠦᠵᠡᠪᠡᠯ ᠮᠡᠳᠡᠴᠢᠬᠡᠨ᠎ᠡ
ᠨᠡᠶᠢᠲᠡᠯᠡᠭᠰᠡᠨ ᠴᠠᠭ᠄
2023/5/23
     ᠪᠠᠶᠢᠨ ᠲᠠᠬᠢᠨ ᠪᠤᠴᠠᠯᠭᠠᠭᠰᠠᠨ ᠤᠰᠤ᠂ ᠬᠤᠨᠤᠭ ᠥᠨᠵᠢᠭᠰᠡᠨ ᠤᠰᠤ ᠶᠢ ᠴᠣᠬᠤᠮ  ᠤᠤᠭᠤᠵᠤ  ᠪᠤᠯᠬᠤ   ᠶᠤᠮ  ᠤᠤ ᠦᠭᠡᠢ ᠤᠤ ᠭᠡᠳᠡᠭ ᠢ ᠬᠠᠮᠲᠤ ᠪᠠᠷ ᠦᠵᠡᠵᠡᠭᠡ           ᠪᠢᠳᠡ ᠦᠷᠭᠦᠯᠵᠢ ︽ᠪᠠᠶᠢᠨ ᠲᠠᠬᠢᠨ ᠪᠤᠴᠠᠯᠭᠠᠭᠰᠠᠨ ᠤᠰᠤ᠂ ᠬᠤᠨᠤᠭ  ᠥᠨᠵᠢᠭᠰᠡᠨ  ᠤᠰᠤ ᠶᠢ   ᠶᠠᠭᠠᠬᠢᠭᠰᠠᠨ  ᠴᠤ ᠤᠤᠭᠤᠵᠤ ᠪᠣᠯᠬᠤ ᠦᠭᠡᠢ᠂   ᠤᠴᠢᠷ ᠨᠢ ᠳᠤᠲᠠᠭᠤ ᠠᠽᠣᠲ ᠬᠦᠴᠢᠯ ᠤᠨ ᠳᠠᠪᠤᠰᠤᠨ ᠤ ᠠᠭᠤᠯᠤᠭᠳᠠᠴᠠ ᠶᠡᠬᠡᠲᠡᠢ᠂   ᠦᠷᠭᠦᠯᠵᠢ ᠡᠶᠢᠮᠦ ᠤᠰᠤ ᠶᠢ ᠤᠤᠭᠤᠪᠠᠯ ᠬᠤᠣᠷᠳᠠᠭᠳᠠᠬᠤ ᠴᠢᠨᠠᠭᠰᠢᠯᠠᠪᠠᠯ  ᠥᠮᠡᠨ   ᠡᠪᠡᠳᠴᠢᠨ  ᠣᠯᠣᠨ᠎ᠠ︾  ᠭᠡᠵᠦ  ᠬᠡᠯᠡᠬᠦ ᠶᠢ  ᠣᠯᠵᠤ ᠰᠣᠨᠣᠰᠳᠠᠭ᠃           ᠲᠤᠷᠰᠢᠯᠲᠠ ᠶᠢᠨ ᠠᠵᠢᠯᠲᠠᠨ ᠲᠤᠰᠬᠠᠶᠢᠯᠠᠨ ᠨᠢᠭᠡᠨ  ᠲᠤᠷᠰᠢᠯᠲᠠ  ᠬᠢᠪᠡ᠂  ᠲᠡᠳᠡ  ᠵᠢᠪᠡᠷᠡᠬᠦ  ᠦᠭᠡᠢ   ᠪᠣᠯᠣᠳ ᠤᠨ‌ᠴᠠᠬᠢᠯᠭᠠᠨ ᠬᠠᠯᠠᠭᠠᠭᠤᠷ ᠳᠡᠪᠦᠷ᠎ᠡ ᠪᠠᠷ ᠲᠦᠭᠡᠭᠡᠯ ᠤᠰᠤ ᠶᠢ ᠬᠠᠯᠠᠭᠠᠵᠤ᠂ ᠲᠤᠰ ᠲᠤᠰ ᠨᠢᠭᠡ ᠤᠳᠠᠭ᠎ᠠ᠂   5  ᠤᠳᠠᠭ᠎ᠠ᠂  10 ᠤᠳᠠᠭ᠎ᠠ ᠪᠤᠴᠠᠯᠭᠠᠭᠰᠠᠨ ᠤ ᠳᠠᠷᠠᠭ᠎ᠠ ᠴᠣᠮᠣ ᠳᠣᠲᠣᠷ᠎ᠠ ᠬᠢᠵᠦ ᠠᠶᠠᠨᠳᠠᠭᠠᠨ ᠬᠥᠷᠥᠭᠡᠵᠦ᠂ 0 ᠴᠠᠭ᠂ 24  ᠴᠠᠭ᠂  48  ᠴᠠᠭ ᠲᠠᠯᠪᠢᠭᠰᠠᠨ ᠤ ᠬᠤᠶᠢᠨ᠎ᠠ ᠤᠰᠤᠨ ᠳᠣᠲᠣᠷᠠᠬᠢ ᠳᠤᠲᠠᠭᠤ ᠠᠽᠣᠲ ᠬᠦᠴᠢᠯ ᠤᠨ ᠳᠠᠪᠤᠰᠤᠨ ᠤ ᠠᠭᠤᠯᠤᠭᠳᠠᠴᠠ ᠶᠢ ᠲᠤᠰ  ᠲᠤᠰ ᠰᠢᠯᠭᠠᠨ ᠪᠠᠶᠢᠴᠠᠭᠠᠵᠠᠢ᠃           ᠲᠤᠷᠰᠢᠯᠲᠠ ᠠᠴᠠ᠂ ᠬᠠᠯᠠᠭᠠᠵᠤ ᠪᠤᠴᠠᠯᠭᠠᠬᠤ ᠶᠢ ᠳᠠᠭᠠᠯᠳᠤᠨ᠂ ᠤᠰᠤᠨ ᠳᠣᠲᠣᠷᠠᠬᠢ  ᠳᠤᠲᠠᠭᠤ ᠠᠽᠣᠲ   ᠬᠦᠴᠢᠯ ᠤᠨ ᠳᠠᠪᠤᠰᠤᠨ ᠤ ᠠᠭᠤᠯᠤᠭᠳᠠᠴᠠ ᠵᠢᠭᠠᠬᠠᠨ ᠨᠡᠮᠡᠭᠳᠡᠬᠦ ᠬᠠᠨᠳᠤᠰᠢ ᠲᠠᠢ ᠪᠠᠶᠢᠭᠰᠠᠨ ᠪᠤᠯᠪᠠᠴᠤ 48  ᠴᠠᠭ   ᠲᠠᠯᠪᠢᠭᠰᠠᠨ ᠤ  ᠳᠠᠷᠠᠭ᠎ᠠ ᠳᠤᠲᠠᠭᠤ ᠠᠽᠣᠲ ᠬᠦᠴᠢᠯ ᠤᠨ ᠳᠠᠪᠤᠰᠤᠨ ᠤ ᠠᠭᠤᠯᠤᠭᠳᠠᠴᠠ ᠬᠠᠮᠤᠭ ᠤᠨ ᠥᠨᠳᠥᠷ ᠲᠡᠭᠡᠨ 0 014 mg / L ᠪᠠᠶᠢᠬᠤ ᠶᠢ ᠣᠯᠵᠤ ᠮᠡᠳᠡᠪᠡ᠂ ᠭᠡᠲᠡᠯ᠎ᠡ ᠡᠨᠡ ᠨᠢ ᠮᠠᠨ ᠤ ᠤᠯᠤᠰ ᠤᠨ ᠤᠯᠤᠰ ᠤᠨ ᠪᠠᠷᠢᠮᠵᠢᠶᠠᠲᠤ ᠠᠮᠢᠳᠤᠷᠠᠯ ᠤᠨ ᠤᠤᠭᠤᠬᠤ ᠤᠰᠤᠨ ᠤ ᠳᠣᠲᠣᠷᠠᠬᠢ 1 mg / L ᠳᠤᠲᠠᠭᠤ ᠠᠽᠣᠲ ᠬᠦᠴᠢᠯ ᠤᠨ ᠳᠠᠪᠤᠰᠤᠨ ᠤ ᠯᠠᠪᠯᠠᠯᠲᠠ ᠶᠢᠨ ᠭᠦᠢᠴᠡᠳᠬᠡᠯ ᠲᠤᠭ᠎ᠠ ᠶᠢᠨ ᠬᠢᠵᠠᠭᠠᠷ ᠬᠡᠮᠵᠢᠭᠳᠡᠯ ᠠᠴᠠ ᠪᠠᠰᠠ ᠮᠠᠰᠢ ᠬᠤᠯᠠ ᠪᠠᠶᠢᠭᠰᠠᠭᠠᠷ᠂ ᠡᠶᠢᠮᠦ ᠠᠴᠠ ᠡᠨᠡ  ᠲᠠᠯ᠎ᠠ ᠠᠴᠠ  ᠠᠪᠴᠤ  ᠬᠡᠯᠡᠪᠡᠯ᠂  ︽ᠪᠠᠶᠢᠨ  ᠲᠠᠬᠢᠨ ᠪᠤᠴᠠᠯᠭᠠᠭᠰᠠᠨ ᠤᠰᠤ︾᠂ ︽ᠬᠤᠨᠤᠭ ᠥᠨᠵᠢᠭᠰᠡᠨ ᠤᠰᠤ︾ ᠭᠡᠳᠡᠭ ᠢ ᠰᠠᠨᠠᠭ᠎ᠠ ᠠᠮᠤᠷ ᠤᠤᠭᠤᠵᠤ ᠪᠣᠯᠣᠨ᠎ᠠ᠃          ᠡᠳᠦᠷ ᠲᠤ 8 ᠴᠣᠮᠣ ᠤᠰᠤ ᠤᠤᠭᠤᠵᠤ ᠪᠠᠶᠢᠨ᠎ᠠ ᠤᠤ︖ ᠲᠠ  ᠪᠠᠷᠤᠭ  ᠪᠤᠷᠤᠭᠤ  ᠤᠤᠭᠤᠵᠤ  ᠪᠠᠶᠢᠵᠤ   ᠮᠠᠭᠠᠳ‌ᠦᠭᠡᠢ︕          ᠵᠠᠷᠢᠮ ᠰᠤᠳᠤᠯᠭᠠᠨ ᠤ ᠢᠯᠡᠷᠡᠭᠦᠯᠦᠭᠰᠡᠨ ᠢᠶᠠᠷ᠂ ᠡᠳᠦᠷ ᠪᠦᠷᠢ 8 ᠴᠣᠮᠣ ᠤᠰᠤ ︵ᠪᠠᠷᠤᠭ 2 ᠯᠢᠲᠷ︶ ᠤᠤᠭᠤᠬᠤ    ᠶᠢ ᠲᠠᠨᠢᠯᠴᠠᠭᠤᠯᠤᠭᠰᠠᠨ ᠬᠡᠮᠵᠢᠶ᠎ᠡ ᠨᠢ ᠣᠯᠠᠩᠬᠢ ᠬᠥᠮᠥᠨ ᠳᠤ ᠠᠪᠴᠤ ᠬᠡᠯᠡᠪᠡᠯ ᠬᠡᠲᠦ  ᠥᠨᠳᠥᠷ᠂  ᠣᠯᠠᠩᠬᠢ   ᠬᠥᠮᠥᠨ ᠤ  ᠵᠢᠩᠬᠢᠨᠢ ᠤᠰᠤ ᠬᠡᠷᠡᠭᠰᠡᠬᠦ  ᠬᠡᠮᠵᠢᠶ᠎ᠡ ᠠᠴᠠ ᠳᠠᠪᠠᠭᠰᠠᠨ ᠪᠠᠶᠢᠵᠤ ᠮᠡᠳᠡᠨ᠎ᠡ᠃ ᠲᠡᠷᠡᠴᠢᠯᠡᠨ ᠠᠳᠠᠯᠢ ᠪᠤᠰᠤ ᠨᠠᠰᠤᠨ ᠤ ᠬᠥᠮᠥᠨ᠂ ᠠᠳᠠᠯᠢ ᠪᠤᠰᠤ ᠬᠦᠢᠰᠦ ᠪᠦᠬᠦᠢ ᠬᠥᠮᠥᠨ᠂ ᠠᠳᠠᠯᠢ ᠪᠤᠰᠤ ᠭᠠᠵᠠᠷ ᠣᠷᠣᠨ ᠤ ᠬᠥᠮᠥᠨ ᠤ ᠬᠡᠷᠡᠭᠰᠡᠬᠦ  ᠤᠰᠤᠨ ᠤ  ᠬᠡᠮᠵᠢᠶ᠎ᠡ ᠨᠢ  ᠪᠠᠰᠠ  ᠠᠳᠠᠯᠢ ᠪᠤᠰᠤ ᠶᠤᠮ᠃           ᠲᠠᠨ ᠤ ᠪᠠᠷᠢᠮᠲᠠᠯᠠᠭᠰᠠᠭᠠᠷ ᠢᠷᠡᠭᠰᠡᠨ ᠤᠰᠤ ᠤᠤᠭᠤᠬᠤ ᠵᠠᠷᠴᠢᠮ ᠴᠢᠨᠢ ᠪᠤᠷᠤᠭᠤ ᠪᠠᠶᠢᠵᠤ ᠮᠠᠭᠠᠳ ᠦᠭᠡᠢ︕            1. ᠪᠠᠶᠢᠨ ᠲᠠᠬᠢᠨ ᠪᠤᠴᠠᠯᠭᠠᠭᠰᠠᠨ ᠤᠰᠤ᠂ ᠬᠤᠨᠤᠭ ᠥᠨᠵᠢᠭᠰᠡᠨ ᠤᠰᠤ ᠶᠢ ᠤᠤᠭᠤᠵᠤ ᠪᠣᠯᠬᠤ ᠦᠭᠡᠢ ᠭᠡᠳᠡᠭ    ᠨᠢ- ᠪᠤᠷᠤᠭᠤ           2. ᠬᠠᠨᠢᠶᠠᠳᠤ ᠲᠠᠭᠰᠢᠭᠤᠷ ᠬᠦᠷᠦᠭᠰᠡᠨ ᠤ ᠳᠠᠷᠠᠭ᠎ᠠ ᠶᠡᠭᠡ  ᠬᠡᠮᠵᠢᠶᠡᠨ ᠤ  ᠤᠰᠤ  ᠤᠤᠭᠤᠪᠠᠯ  ᠰᠠᠶᠢᠨ   ᠪᠣᠯᠬᠤ ᠨᠢ ᠬᠤᠷᠳᠤᠨ ᠭᠡᠳᠡᠭ ᠨᠢ - ᠪᠤᠷᠤᠭᠤ            3. ᠰᠤᠯᠠᠪᠲᠤᠷ ᠱᠦᠯᠲᠦᠯᠢᠭ ᠤᠰᠤ ᠤᠤᠭᠤᠪᠠᠯ ᠨᠡᠩ ᠡᠷᠡᠭᠦᠯ ᠮᠡᠨᠳᠦ ᠪᠤᠯᠳᠠᠭ ᠭᠡᠳᠡᠭ ᠨᠢ - ᠪᠤᠷᠤᠭᠤ              4. ᠬᠤᠭᠤᠯᠠᠨ ᠠᠴᠠ ᠡᠮᠦᠨ᠎ᠡ ᠤᠰᠤ ᠤᠤᠭᠤᠪᠠᠯ ᠮᠠᠷᠢᠶ᠎ᠠ ᠰᠢᠭᠤᠷᠠᠭᠤᠯᠤᠨ᠎ᠠ ᠭᠡᠳᠡᠭ ᠨᠢ - ᠪᠤᠷᠤᠭᠤ              5. ᠦᠷᠭᠦᠯᠵᠢ ᠴᠡᠪᠡᠷ ᠤᠰᠤ ᠤᠤᠭᠤᠪᠠᠯ ᠪᠡᠶ᠎ᠡ ᠳᠤ ᠡᠷᠦᠳᠡᠰᠦ ᠳᠤᠲᠠᠨ᠎ᠠ ᠭᠡᠳᠡᠭ ᠨᠢ - ᠪᠤᠷᠤᠭᠤ              ᠡᠨᠡ 5 ᠵᠦᠢᠯ ᠢ ᠴᠡᠭᠡᠵᠢᠯᠡᠵᠦ ᠤᠰᠤ ᠶᠢ ᠵᠥᠪ ᠢᠶᠠᠷ ᠤᠤᠭᠤᠭᠠᠷᠠᠢ           1. ᠤᠮᠳᠠᠭᠠᠰᠤᠮᠠᠨᠵᠢᠨ ᠰᠠᠶ᠋ᠢ ᠤᠰᠤ ᠤᠤᠭᠤᠬᠤ ᠶᠢ ᠲᠡᠪᠴᠢᠭᠡᠷᠡᠢ          2. ᠤᠰᠤᠨ ᠤ ᠬᠠᠯᠠᠭᠤᠨ 35 °C~40 °C ᠪᠠᠶᠢᠬᠤ ᠳᠤ ᠤᠤᠭᠤᠬᠤ ᠳᠤ ᠬᠠᠮᠤᠭ ᠲᠣᠬᠢᠷᠠᠮᠵᠢᠲᠠᠢ              3.ᠪᠠᠭ᠎ᠠ ᠪᠠᠭ᠎ᠠ ᠪᠠᠷ ᠣᠭᠤᠴᠢᠵᠤ ᠤᠤᠭᠤ᠂ ᠪᠢᠲᠡᠭᠡᠢ ᠨᠢᠭᠡ ᠯᠡ ᠳᠡᠭᠡᠷ᠎ᠡ  ᠴᠢᠳᠬᠤᠵᠤ  ᠪᠠᠶᠢᠭ᠎ᠠ  ᠰᠢᠭ   ᠲᠦᠷᠭᠡᠨ ᠤᠤᠭᠤᠭᠠᠷᠠᠢ            4. ᠶᠠᠭᠠᠬᠢᠭᠰᠠᠨ ᠴᠤ ᠤᠮᠳᠠᠭᠠᠨ ᠢᠶᠠᠷ ᠤᠰᠤ ᠶᠢ ᠣᠷᠣᠯᠠᠭᠤᠯᠵᠤ ᠪᠣᠯᠬᠤ ᠦᠭᠡᠢ᠃            5.ᠡᠳᠦᠷ ᠬᠠᠯᠠᠭᠤᠨ ᠪᠠᠶᠢᠭᠰᠠᠨ ᠴᠤ ᠴᠢᠳᠠᠬᠤ ᠶᠢᠨ ᠳᠣᠲᠣᠷ᠎ᠠ ᠮᠥᠰᠥ ᠲᠠᠢ ᠤᠰᠤ ᠪᠠᠭ᠎ᠠ ᠤᠤᠭᠤᠭᠠᠷᠠᠢ               ᠡᠨᠡ 8 ᠴᠠᠭ ᠲᠤ ᠤᠰᠤ ᠤᠤᠭᠤᠪᠠᠯ ᠵᠣᠬᠢᠨ᠎ᠠ            1. ᠥᠷᠯᠥᠭᠡ ᠪᠣᠰᠣᠭᠰᠠᠨ ᠤ ᠳᠠᠷᠠᠭ᠎ᠠ            2. ᠣᠷᠣᠢ ᠤᠨᠲᠠᠬᠤ ᠠᠴᠠ ᠪᠠᠨ ᠡᠮᠦᠨ᠎ᠡ            3. ᠪᠡᠶ᠎ᠡ ᠪᠠᠨ ᠤᠬᠢᠶᠠᠭᠰᠠᠨ ᠤ ᠳᠠᠷᠠᠭ᠎ᠠ           4. ᠠᠭᠠᠷ ᠲᠣᠬᠢᠷᠠᠭᠤᠯᠤᠭᠴᠢ ᠶᠢ ᠬᠠᠭᠠᠰ ᠴᠠᠭ ᠨᠡᠭᠡᠭᠡᠭᠰᠡᠨ ᠤ ᠳᠠᠷᠠᠭ᠎ᠠ           5. ᠬᠤᠭᠤᠯᠠ ᠢᠳᠡᠭᠰᠡᠨ ᠤ ᠬᠠᠭᠠᠰ ᠴᠠᠭ ᠤᠨ ᠳᠠᠷᠠᠭ᠎ᠠ           6. ᠰᠡᠳᠬᠢᠯ ᠰᠠᠨᠠᠭ᠎ᠠ ᠪᠤᠬᠢᠨᠢᠳᠤᠬᠤ ᠦᠶ᠎ᠡ ᠳᠤ          7. ᠬᠥᠳᠡᠯᠭᠡᠭᠡᠨ ᠬᠢᠵᠦ ᠪᠠᠶᠢᠬᠤ ᠬᠤᠭᠤᠴᠠᠭ᠎ᠠ ᠳᠤ          8. ᠱᠣᠷᠪᠣᠭ ᠶᠠᠭᠤᠮ᠎ᠠ ᠢᠳᠡᠭᠰᠡᠨ ᠤ ᠳᠠᠷᠠᠭ᠎ᠠ
 
ᠢᠷᠡᠯᠲᠡ᠄ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠭᠡᠷ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号