《 ᠠᠯᠲᠠᠨ ᠬᠢᠩᠭᠠᠨ ᠤ ᠴᠤᠤᠷᠢᠶ᠎ᠠ》 ᠸᠢᠴᠠᠲ ᠨᠡᠪᠲᠡᠷᠡᠭᠦᠯᠭᠡ 2018 ᠤᠨ ᠤ ᠳᠡᠯᠭᠡᠷᠡᠬᠦ ᠵᠤᠨ ᠤ ᠡᠬᠢᠨ | ᠤ ᠰᠠᠷ᠎ᠠ ᠠᠴᠠ ᠡᠬᠢᠯᠡᠨ ᠦᠷᠭᠡᠨ ᠤᠯᠠᠨ ᠬᠢᠩᠭᠠᠨ ᠮᠤᠩᠭᠤᠯᠴᠤᠳ ᠲᠠᠢ ᠪᠠᠨ ᠨᠢᠭᠤᠷ ᠵᠤᠯᠭᠠᠬᠤ ᠭᠡᠵᠤ ᠪᠠᠶᠢᠨ᠎ᠠ᠃ | 《 ᠠᠯᠲᠠᠨ ᠬᠢᠩᠭᠠᠨ ᠤ ᠴᠤᠤᠷᠢᠶ᠎ᠠ》 ᠲᠠᠪᠴᠠᠩ ᠨᠢ ᠪᠠᠷᠢᠮᠵᠢᠶ᠎ᠠ ᠮᠤᠩᠭᠤᠯ ᠬᠡᠯᠡ ᠪᠠᠷ ᠢᠶᠠᠨ ᠬᠢᠩᠭᠠᠨ ᠤ ᠠᠷᠠᠳ | ᠲᠦᠮᠡᠨ ᠳᠡᠭᠡᠨ ᠦᠢᠯᠡᠴᠢᠯᠡᠵᠤ ᠦᠷᠯᠦᠭᠡ ᠪᠤᠯᠭᠠᠨ ᠤ 7 ᠴᠠᠭ ᠲᠤ 《 ᠦᠷᠯᠦᠭᠡ ᠶᠢᠨ ᠮᠡᠳᠡᠭᠡ》 ᠪᠤᠯᠤᠩ | ᠨᠡᠶᠢᠲᠡᠯᠡᠵᠤ ᠂ ᠦᠷᠭᠡᠨ ᠤᠯᠠᠨ ᠰᠤᠨᠤᠰᠤᠭᠴᠢᠳ ᠲᠤ ᠳᠦᠭᠦᠮ ᠤᠨ ᠲᠤᠰᠠᠲᠠ ᠮᠤᠩᠭᠤᠯ ᠬᠡᠯᠡ ᠪᠠᠷ ᠢᠶᠠᠨ | ᠤᠩᠰᠢᠨ ᠬᠦᠷᠭᠡᠬᠦ ᠪᠤᠯᠤᠨ᠎ᠠ᠃ ᠦᠷᠯᠦᠭᠡ ᠶᠢᠨ ᠮᠡᠳᠡᠭᠡ ᠶᠢᠨ ᠠᠭᠤᠯᠭ᠎ᠠ ᠶᠢᠨ ᠬᠤᠪᠢ ᠳᠤ ᠤᠯᠤᠰ ᠤᠨ ᠳᠤᠳᠤᠭᠠᠲᠦ | ᠭᠠᠳᠠᠭᠠᠲᠦ ᠶᠢᠨ ᠮᠡᠳᠡᠭᠡ᠂ ᠤᠷᠤᠨ ᠤ ᠳᠤᠲᠤᠭᠠᠲᠤ ᠭᠠᠳᠠᠭᠠᠲᠦ ᠶᠢᠨ ᠮᠡᠳᠡᠭᠡ᠂ ᠬᠢᠩᠭᠠᠨ ᠠᠶᠢᠮᠠᠭ ᠤᠨ ᠮᠡᠳᠡᠭᠡ᠂ | ᠰᠤᠶᠤᠯ ᠲᠠᠮᠢᠷ ᠤᠨ ᠮᠡᠳᠡᠭᠡ ᠵᠢᠴᠢ ᠠᠶᠢᠮᠠᠭ ᠤᠨ ᠴᠠᠭ ᠠᠭᠤᠷ ᠤᠨ ᠮᠡᠳᠡᠭᠡ᠂ ᠵᠦᠢᠷ ᠰᠡᠴᠡᠨ ᠦᠭᠡ ᠵᠡᠷᠭᠡ | ᠠᠭᠤᠯᠭ᠎ᠠ ᠶᠢ ᠲᠤᠭᠲᠠᠮᠠᠯ ᠬᠤᠭᠤᠴᠠᠭ᠎ᠠ ᠪᠠᠷ ᠬᠦᠷᠭᠡᠨ᠎ᠡ᠃ ᠤᠷᠤᠢ ᠪᠤᠯᠭᠠᠨ ᠤ 8 ᠴᠠᠭ ᠲᠤ 《 ᠦᠳᠡᠰᠢ ᠶᠢᠨ | ᠰᠤᠨᠤᠰᠬᠤᠯᠠᠩ》 ᠪᠤᠯᠤᠩ ᠢᠶᠠᠷ ᠲᠠ ᠪᠦᠬᠦᠨ ᠳᠤ ᠰᠤᠳᠤᠨ ᠰᠠᠶᠢᠬᠠᠨ ᠪᠦᠲᠦᠭᠡᠯ ᠤᠳ ᠢ ᠲᠤᠭᠲᠠᠮᠠᠯ ᠬᠤᠭᠤᠴᠠᠭ᠎ᠠ | ᠪᠠᠷ ᠤᠩᠰᠢᠨ ᠬᠦᠷᠭᠡᠨ᠎ᠡ᠃ ᠮᠦᠨᠴᠤ ᠬᠢᠩᠭᠠᠨ ᠠᠶᠢᠮᠠᠭ ᠤᠨ ᠬᠠᠯᠠᠮ ᠴᠢᠭ ᠪᠤᠯᠤᠭᠰᠠᠨ ᠦᠢᠯᠡ ᠤᠴᠢᠷ᠂ ᠮᠠᠯᠴᠢᠨ | ᠲᠠᠷᠢᠶᠠᠴᠢᠳ ᠤᠨ ᠰᠤᠷᠪᠤᠯᠵᠢᠯᠠᠭ᠎ᠠ ᠬᠡᠬᠦ ᠮᠡᠲᠦ ᠰᠡᠳᠦᠪ ᠤᠨ ᠲᠤᠭᠤᠷᠢᠨ ᠳᠤ ᠲᠤᠭᠲᠠᠮᠠᠯ ᠪᠤᠰᠤ ᠬᠤᠭᠤᠴᠠᠭᠠᠨ ᠤ | ᠨᠡᠪᠲᠡᠷᠡᠭᠦᠯᠭᠡ ᠶᠢ ᠬᠦᠷᠭᠡᠬᠦ ᠪᠤᠯᠤᠨ᠎ᠠ᠃ | ᠲᠤᠰ ᠲᠠᠪᠴᠠᠩ ᠳᠤ ᠤᠷᠮ᠎ᠠ ᠬᠠᠶᠢᠷᠠᠯᠠᠭᠰᠠᠨ ᠦᠷᠭᠡᠨ ᠤᠯᠠᠨ ᠰᠤᠨᠤᠰᠤᠭᠴᠢᠳ ᠲᠠᠭᠠᠨ ᠢᠲᠡᠭᠡᠯ | ᠰᠡᠳᠬᠢᠯ ᠤᠨ ᠬᠠᠷᠢᠭᠤ ᠮᠡᠨᠳᠦ ᠬᠦᠷᠭᠡᠬᠦ ᠶᠢᠨ ᠬᠠᠮᠲᠦ ᠮᠠᠨ ᠤ ᠲᠠᠪᠴᠠᠩ ᠮᠠᠨᠢ ᠪᠦᠬᠦ ᠬᠦᠴᠦᠨ ᠴᠢᠳᠠᠯ ᠢᠶᠠᠷ ᠢᠶᠠᠨ | ᠲᠠ ᠪᠦᠬᠦᠨ ᠳᠤ ᠦᠢᠯᠡᠴᠢᠯᠡᠬᠦ ᠶᠤᠮ᠃ | 2018 ᠤᠨ ᠤ 5 ᠰᠠᠷ᠎ᠠ ᠶᠢᠨ 28 ᠤ ᠡᠳᠦᠷ |